ᠵᠣᠷᠢᠯᠭ᠎ᠠ:
ᠶᠡᠬᠡ ᠡᠵᠡᠨ ᠴᠢᠩᠬᠢᠰ ᠬᠠᠭᠠᠨ ᠤ ᠮᠡᠨᠳᠦᠯᠡᠭᠰᠡᠨ ᠮᠣᠩ᠋ᠭᠤᠯ ᠪᠠᠬᠠᠷᠬᠠᠯ ᠤᠨ ᠡᠳᠦᠷ ᠲᠥ ᠵᠣᠷᠢᠭᠤᠯᠤᠨ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠤᠯᠠᠮᠵᠢᠯᠠᠯ ᠪᠣᠯᠭᠠᠨ ᠵᠣᠬᠢᠶᠠᠨ ᠪᠠᠢᠢᠭᠤᠯᠳᠠᠭ «ᠮᠥᠩᠬᠡ ᠲᠩᠷᠢ ᠢᠢᠨ ᠪᠢᠴᠢᠭ᠌» ᠮᠣᠩ᠋ᠭᠤᠯ ᠤᠷᠠᠨ ᠪᠢᠴᠢᠯᠭᠡ ᠢᠢᠨ ᠣᠯᠠᠨ ᠤᠯᠤᠰ ᠤᠨ ᠦᠵᠡᠰᠬᠦᠯᠡᠩ ᠨᠢ ᠮᠣᠩ᠋ᠭᠤᠯ ᠪᠢᠴᠢᠭ᠌ ᠰᠣᠶᠤᠯ ᠢ ᠣᠯᠠᠨ ᠨᠡᠢᠢᠲᠡ ᠳᠥ ᠲᠦᠭᠡᠭᠡᠨ ᠳᠡᠯᠭᠡᠷᠡᠭᠦᠯᠬᠦ᠂ ᠤᠷᠠᠨ ᠪᠦᠲᠦᠭᠡᠯᠴᠢᠳ᠂ ᠪᠠᠭᠰᠢ᠂ ᠣᠶᠤᠲᠠᠨ᠂ ᠰᠤᠷᠤᠭᠴᠢᠳ ᠤᠨ ᠰᠢᠨᠡᠯᠢᠭ ᠰᠠᠨᠠᠭ᠎ᠠ᠂ ᠰᠠᠨᠠᠭᠠᠴᠢᠯᠠᠭ᠎ᠠ᠂ ᠠᠪᠢᠶᠠᠰ ᠴᠢᠳᠠᠪᠤᠷᠢ ᠢᠢ ᠨᠡᠢᠢᠲᠡ ᠳᠥ ᠲᠠᠨᠢᠭᠤᠯᠬᠤ᠂ ᠳᠡᠮᠵᠢᠬᠦ ᠳᠥ ᠣᠷᠤᠰᠢᠨ᠎ᠠ᠃
ᠶᠡᠷᠦᠩᠬᠡᠶ ᠵᠣᠬᠢᠶᠠᠨ ᠪᠠᠢᠢᠭᠤᠯᠤᠭᠴᠢ:
• ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ
ᠬᠠᠮᠲᠤᠷᠠᠨ ᠵᠣᠬᠢᠶᠠᠨ ᠪᠠᠢᠢᠭᠤᠯᠤᠭᠴᠢ:
• ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠶᠠᠮᠤᠨ
• ᠪᠣᠯᠪᠠᠰᠤᠷᠠᠯ ᠤᠨ ᠶᠠᠮᠤᠨ
• ᠶᠡᠷᠦᠩᠬᠡᠢᠢᠯᠡᠭᠴᠢ ᠢᠢᠨ ᠳᠡᠷᠭᠡᠳᠡᠬᠢ ᠬᠡᠯᠡᠨ ᠦ ᠪᠣᠳᠤᠯᠭ᠎ᠠ ᠢᠢᠨ ᠦᠨᠳᠦᠰᠦᠨ ᠦ ᠵᠥᠪᠯᠡᠯ
• ᠪᠣᠯᠪᠠᠰᠤᠷᠠᠯ ᠤᠨ ᠶᠡᠷᠦᠩᠬᠡᠶ ᠭᠠᠵᠠᠷ
• ᠦᠨᠳᠦᠰᠦᠨ ᠦ ᠮᠡᠳᠡᠭᠡᠯᠡᠯ ᠦᠨ ᠮᠣᠩ᠊ᠴᠠ᠊ᠮᠡ ᠠᠭᠧᠨ᠋ᠲ᠋ᠯᠢᠭ
• ᠮᠣᠩ᠋ᠭᠤᠯ ᠤᠨ ᠬᠡᠦᠬᠡᠳ ᠦᠨ ᠤᠷᠠᠯᠠᠩ ᠪᠦᠲᠦᠭᠡᠬᠦ ᠲᠥᠪ
• ᠮᠣᠩ᠋ᠭᠤᠯ ᠤᠨ ᠤᠷᠠᠴᠤᠳ ᠤᠨ ᠡᠪᠯᠡᠯ
• ᠮᠣᠩ᠋ᠭᠤᠯ ᠤᠯᠤᠰ ᠤᠨ ᠶᠡᠬᠡ ᠰᠤᠷᠭᠠᠭᠤᠯᠢ
• ᠰᠢᠨᠵᠢᠯᠡᠬᠦ ᠤᠬᠠᠭᠠᠨ ᠤ ᠠᠻᠠᠳᠧᠮᠢ ᠤᠨ ᠬᠡᠯᠡ᠂ ᠵᠣᠬᠢᠶᠠᠯ ᠤᠨ ᠬᠦᠷᠢᠶᠡᠯᠡᠩ
• ᠣᠯᠠᠨ ᠤᠯᠤᠰ ᠤᠨ ᠮᠣᠩ᠋ᠭᠤᠯ ᠤᠷᠠᠨ ᠪᠢᠴᠢᠯᠭᠡ ᠢᠢᠨ ᠬᠣᠯᠪᠤᠭ᠎ᠠ
• ᠪᠢᠴᠢᠭ᠌ ᠰᠣᠶᠤᠯ ᠲᠥᠪ
ᠲᠠᠯᠪᠢᠭᠳᠤᠬᠤ ᠱᠠᠭᠠᠷᠳᠠᠯᠭ᠎ᠠ
ᠬᠠᠮᠤᠷᠬᠤ ᠬᠦᠷᠢᠶ᠎ᠡ: ᠤᠷᠠᠨ ᠪᠦᠲᠦᠭᠡᠯᠴᠢᠳ᠂ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠢᠢᠨ ᠪᠠᠭᠰᠢ᠂ ᠣᠶᠤᠲᠠᠨ ᠨᠤᠭᠤᠳ᠂ ᠘-᠑᠒ ᠳ᠋ᠤᠭᠠᠷ ᠠᠩ᠋ᠭᠢ ᠢᠢᠨ ᠰᠤᠷᠤᠭᠴᠢᠳ
ᠠᠩ᠋ᠭᠢᠯᠠᠯ:
ᠤᠷᠠᠨ ᠪᠦᠲᠦᠭᠡᠯᠴᠢᠳ
• ᠤᠷᠠᠨ ᠪᠢᠴᠢᠯᠭᠡ᠂ ᠬᠡᠮᠵᠢᠶ᠎ᠡ ᠬᠢᠵᠠᠭᠠᠷᠯᠠᠬᠤ ᠦᠭᠡᠢ᠂ ᠵᠢᠶᠠᠵᠠᠯᠠᠭᠰᠠᠨ ᠪᠠᠢᠢᠬᠤ
ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠢᠢᠨ ᠪᠠᠭᠰᠢ ᠨᠠᠷ
• ᠤᠷᠠᠨ ᠪᠢᠴᠢᠯᠭᠡ᠂ ᠬᠡᠮᠵᠢᠶ᠎ᠡ ᠬᠢᠵᠠᠭᠠᠷᠯᠠᠬᠤ ᠦᠭᠡᠢ᠂ ᠵᠢᠶᠠᠵᠠᠯᠠᠭᠰᠠᠨ ᠪᠠᠢᠢᠬᠤ
ᠣᠶᠤᠲᠠᠨ ᠨᠤᠭᠤᠳ
• ᠤᠷᠠᠨ ᠪᠢᠴᠢᠯᠭᠡ᠂ ᠬᠡᠮᠵᠢᠶ᠎ᠡ ᠬᠢᠵᠠᠭᠠᠷᠯᠠᠬᠤ ᠦᠭᠡᠢ᠂ ᠵᠢᠶᠠᠵᠠᠯᠠᠭᠰᠠᠨ ᠪᠠᠢᠢᠬᠤ
ᠰᠤᠷᠤᠭᠴᠢᠳ
• ᠑᠑-᠑᠒ ᠳ᠋ᠤᠭᠠᠷ ᠠᠩ᠋ᠭᠢ: ᠤᠷᠠᠨ ᠪᠢᠴᠢᠯᠭᠡ᠂ ᠬᠡᠮᠵᠢᠶ᠎ᠡ ᠬᠢᠵᠠᠭᠠᠷᠯᠠᠬᠤ ᠦᠭᠡᠢ᠂ ᠵᠢᠶᠠᠵᠠᠯᠠᠭᠰᠠᠨ ᠪᠠᠢᠢᠬᠤ᠂
• ᠘-᠑᠐ ᠳ᠋ᠤᠭᠠᠷ ᠠᠩ᠋ᠭᠢ: ᠪᠢᠷ ᠦᠨ ᠪᠣᠯᠤᠨ ᠦᠵᠦᠭ ᠦᠨ ᠬᠢᠴᠢᠶᠡᠩ᠋ᠭᠦᠶ ᠲᠢᠭ᠌᠂ ᠵᠢᠶᠠᠵᠠᠯᠠᠭᠰᠠᠨ ᠪᠠᠢᠢᠬᠤ
ᠰᠠᠨᠠᠮᠵᠢ:
᠑᠃ ᠪᠦᠲᠦᠭᠡᠯ ᠦᠨ ᠠᠷᠠᠳ ᠣᠪᠤᠭ᠂ ᠨᠡᠷ᠎ᠡ᠂ ᠤᠲᠠᠰᠤᠨ ᠤ ᠳ᠋ᠤᠭᠠᠷ᠂ ᠡᠷᠬᠢᠯᠡᠵᠦ ᠪᠤᠢ ᠠᠵᠢᠯ᠂ ᠠᠯᠪᠠᠨ ᠲᠤᠰᠢᠶᠠᠯ ᠪᠣᠯᠤᠨ ᠪᠦᠲᠦᠭᠡᠯ ᠦᠨ ᠨᠡᠷ᠎ᠡ᠂ ᠲᠥᠷᠦᠯ᠂ ᠬᠡᠮᠵᠢᠶ᠎ᠡ᠂ ᠣᠷᠤᠯᠴᠠᠬᠤ ᠠᠩ᠋ᠭᠢᠯᠠᠯ ᠢ ᠲᠣᠳᠤᠷᠬᠠᠶ ᠪᠢᠴᠢᠬᠦ
᠒᠃ ᠲᠣᠪᠴᠢ ᠳᠠᠨᠢᠯᠴᠠᠭᠤᠯᠭ᠎ᠠ᠂ ᠵᠢᠷᠤᠭ ᠢᠶᠠᠨ ᠴᠠᠬᠢᠮ ᠬᠠᠶᠶ᠋ᠭ ᠢᠶᠠᠷ ᠢᠯᠡᠭᠡᠬᠦ ᠳᠥ ᠪᠡᠨ ᠭᠠᠷᠴᠠᠭ ᠬᠡᠰᠡᠭ ᠲᠥ ᠣᠪᠤᠭ᠂ ᠨᠡᠷ᠎ᠡ ᠪᠡᠨ ᠪᠦᠲᠦᠭᠡᠯ ᠦᠨ ᠨᠡᠷ᠎ᠡ ᠢᠢᠨ ᠬᠠᠮᠲᠤ ᠲᠣᠳᠤᠷᠬᠠᠶ ᠪᠢᠴᠢᠬᠦ
ᠪᠦᠲᠦᠭᠡᠯ ᠢ ᠬᠦᠯᠢᠶᠡᠵᠦ ᠠᠪᠬᠤ ᠭᠠᠵᠠᠷ: ᠮᠣᠩ᠋ᠭᠤᠯ ᠤᠨ ᠬᠡᠦᠬᠡᠳ ᠦᠨ ᠤᠷᠠᠯᠠᠩ ᠪᠦᠲᠦᠭᠡᠬᠦ ᠲᠥᠪ
ᠴᠠᠬᠢᠮ ᠬᠠᠶᠶ᠋ᠭ: khuukhdiinurlan@gmail.com
ᠬᠣᠯᠪᠤᠭᠳᠤᠬᠤ ᠤᠲᠠᠰᠤᠨ ᠤ ᠳ᠋ᠤᠭᠠᠷ: ᠙᠙᠙᠗᠘᠕᠔᠖᠂ ᠘᠘᠕᠕᠕᠖᠑᠖᠂ ᠙᠙᠘᠘᠐᠕᠐᠙
ᠪᠦᠲᠦᠭᠡᠯ ᠬᠦᠯᠢᠶᠡᠨ ᠠᠪᠬᠤ ᠬᠤᠭᠤᠴᠠᠭ᠎ᠠ: ᠒᠐᠒᠕ ᠣᠨ ᠤ ᠑᠑ ᠊ᠳ᠋ᠦᠭᠡᠷ ᠑᠔ ᠦ ᠡᠳᠦᠷ ᠬᠦᠷᠲᠡᠯ᠎ᠡ ᠠᠵᠢᠯ ᠤᠨ ᠡᠳᠦᠷ ᠦᠳ ᠲᠥ ᠐᠙:᠐᠐-᠑᠗:᠐᠐ ᠴᠠᠭ