ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ 2018-2019 ᠣᠨ ᠤ ᠬᠢᠴᠢᠶᠡᠯ ᠦᠨ ᠰᠢᠨ᠎ᠡ ᠵᠢᠯ ᠢ ᠲᠣᠬᠢᠶᠠᠯᠳᠤᠭᠤᠯᠤᠨ ᠲᠥᠪ ᠠᠢᠢᠮᠠᠭ ᠤᠨ ᠰᠡᠷᠭᠦᠯᠡᠩ ᠰᠤᠮᠤ ᠢᠢᠨ ᠳᠤᠮᠳᠠ ᠰᠤᠷᠭᠠᠭᠤᠯᠢ ᠢᠢᠨ ᠬᠢᠴᠢᠶᠡᠯ ᠦᠨ ᠰᠢᠨ᠎ᠡ ᠵᠢᠯ ᠦᠨ ᠨᠡᠭᠡᠭᠡᠯᠲᠡ ᠳᠥ ᠣᠷᠣᠯᠴᠠᠬᠤ ᠪᠠᠷ ᠲᠤᠰ ᠰᠤᠷᠭᠠᠭᠤᠯᠢ ᠳᠡᠭᠡᠷ᠎ᠡ ᠣᠴᠢᠯ᠎ᠠ᠃
ᠡᠨᠡ ᠵᠢᠯ ᠶᠡᠷᠦᠩᠬᠡᠢ ᠪᠣᠯᠪᠠᠰᠤᠷᠠᠯ ᠤᠨ 814 ᠰᠤᠷᠭᠠᠭᠤᠯᠢ ᠳᠤ 597.2 ᠮᠢᠩᠭ᠋ᠠᠨ ᠰᠤᠷᠤᠯᠴᠠᠭᠴᠢ ᠰᠤᠷᠤᠯᠴᠠᠬᠤ ᠪᠥᠭᠡᠳ ᠨᠡᠢᠢᠲᠡ ᠰᠤᠷᠭᠠᠭᠤᠯᠢ ᠢᠢᠨ 563 ᠨᠢ ᠬᠥᠳᠡᠭᠡ ᠣᠷᠣᠨ ᠨᠤᠲᠤᠭ ᠲᠤ᠂ 251 ᠨᠢ ᠨᠡᠢᠢᠰᠯᠡᠯ ᠳᠥ ᠦᠢᠯᠡ ᠠᠵᠢᠯᠯᠠᠭ᠎ᠠ ᠶᠠᠪᠤᠭᠤᠯᠬᠤ ᠶᠤᠮ᠃
ᠬᠠᠷᠢᠨ ᠰᠡᠷᠭᠦᠯᠡᠩ ᠰᠤᠮᠤ ᠢᠢᠨ ᠰᠤᠷᠭᠠᠭᠤᠯᠢ ᠳᠤ 2018-2019 ᠣᠨ ᠤ ᠬᠢᠴᠢᠶᠡᠯ ᠦᠨ ᠵᠢᠯ ᠳᠥ 1 ᠍ ᠳᠦᠭᠡᠷ ᠠᠩᠭᠢ ᠳᠤ ᠲᠠᠪᠤᠨ ᠰᠤᠷᠤᠭᠴᠢ ᠰᠢᠨ᠎ᠡ ᠪᠡᠷ ᠡᠯᠰᠡᠨ ᠰᠤᠷᠤᠯᠴᠠᠬᠤ ᠪᠠᠷ ᠪᠦᠷᠢᠳᠬᠡᠭᠦᠯᠦᠭᠰᠡᠨ ᠡᠴᠡ ᠥᠨᠥᠳᠥᠷ ᠳᠥᠷᠪᠡ ᠨᠢ ᠢᠷᠡᠵᠡᠢ᠃ ᠲᠤᠰ ᠰᠤᠷᠭᠠᠭᠤᠯᠢ 1935 ᠣᠨ ᠳᠤ ᠪᠠᠢᠢᠭᠤᠯᠤᠭᠳᠠᠵᠤ᠂ 1980 ᠣᠨ ᠳᠤ 320 ᠬᠡᠦᠬᠡᠳ ᠦᠨ ᠬᠦᠴᠦᠨ ᠴᠢᠳᠠᠯ ᠪᠦᠬᠦᠢ ᠪᠣᠯᠵᠤ᠂ ᠥᠷᠭᠡᠵᠢᠨ ᠲᠡᠯᠡᠭᠰᠡᠨ ᠪᠠᠢᠢᠨ᠎ᠠ᠃ ᠭᠡᠪᠡᠴᠦ᠂ ᠰᠡᠷᠭᠦᠯᠡᠩ ᠰᠤᠮᠤ ᠢᠢᠨ ᠰᠤᠷᠭᠠᠭᠤᠯᠢ ᠨᠢ ᠵᠠᠭᠤᠨ ᠮᠣᠳᠣ ᠰᠤᠮᠤ ᠲᠠᠢ ᠣᠢᠢᠷ᠎ᠠ ᠪᠠᠢᠢᠷᠢᠯᠠᠳᠠᠭ ᠤᠴᠢᠷ ᠬᠠᠮᠤᠷᠤᠨ ᠰᠤᠷᠭᠠᠯᠲᠠ ᠢᠢᠨ ᠬᠤᠪᠢ ᠵᠢᠯ ᠡᠴᠡ ᠵᠢᠯ ᠳᠥ ᠪᠠᠭᠤᠷᠡᠵᠤ᠂ ᠡᠨᠡ ᠰᠤᠷᠭᠠᠭᠤᠯᠢ ᠳᠤ ᠰᠤᠷᠬᠤ ᠲᠣᠭᠣᠷᠢᠭ ᠤᠨ ᠶᠡᠬᠡᠩᠬᠢ ᠬᠡᠦᠬᠡᠳ ᠠᠢᠢᠮᠠᠭ ᠤᠨ ᠲᠥᠪ ᠲᠥ ᠰᠤᠷᠤᠯᠴᠠᠬᠤ ᠪᠣᠯᠤᠭᠰᠠᠨ ᠪᠠᠢᠢᠨ᠎ᠠ᠃ ᠢᠩᠭᠢᠭᠡᠳ 2018-2019 ᠣᠨ ᠤ ᠬᠢᠴᠢᠶᠡᠯ ᠦᠨ ᠵᠢᠯ ᠳᠥ 14 ᠪᠠᠭᠰᠢ᠂ 13 ᠠᠵᠢᠯᠲᠠᠨ᠂ 67 ᠬᠡᠦᠬᠡᠳ ᠲᠡᠢ ᠪᠡᠷ ᠲᠥᠪ ᠠᠢᠢᠮᠠᠭ ᠤᠨ ᠰᠡᠷᠭᠦᠯᠡᠩ ᠰᠤᠮᠤ ᠢᠢᠨ ᠳᠤᠮᠳᠠ ᠰᠤᠷᠭᠠᠭᠤᠯᠢ ᠢᠢᠨ ᠬᠢᠨ ᠬᠢᠴᠢᠶᠡᠯ ᠦᠨ ᠰᠢᠨ᠎ᠡ ᠵᠢᠯ ᠦᠨ ᠨᠡᠭᠡᠭᠡᠯᠲᠡ ᠪᠡᠨ ᠥᠨᠥᠳᠥᠷ ᠥᠷᠯᠥᠭᠡ ᠬᠢᠭ᠍ᠰᠡᠨ ᠶᠤᠮ᠃
ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 2017 ᠣᠨ ᠤ ᠨᠠᠢᠢᠮᠠᠳᠤᠭᠠᠷ ᠰᠠᠷ᠎ᠠ ᠢᠢᠨ 25 ᠍ ᠤ ᠡᠳᠦᠷ ᠵᠠᠷᠯᠢᠭ ᠭᠠᠷᠭᠠᠵᠤ ᠵᠢᠯ ᠪᠦᠷᠢ ᠢᠢᠨ ᠶᠢᠰᠦᠳᠦᠭᠡᠷ ᠰᠠᠷ᠎ᠠ ᠢᠢᠨ 1 ᠍ ᠦ ᠡᠳᠦᠷ ᠢ 《ᠡᠬᠡ ᠬᠡᠯᠡᠨ ᠦ ᠡᠳᠦᠷ》 ᠪᠣᠯᠭᠠᠨ ᠵᠠᠷᠯᠠᠭᠰᠠᠨ ᠲᠠᠢ ᠬᠣᠯᠪᠣᠭᠳᠠᠭᠤᠯᠤᠨ ᠰᠡᠷᠭᠦᠯᠡᠩ ᠰᠤᠮᠤ ᠢᠢᠨ ᠳᠤᠮᠳᠠ ᠰᠤᠷᠭᠠᠭᠤᠯᠢ ᠢᠢᠨ ᠬᠢᠨ ᠬᠢᠴᠢᠶᠡᠯ ᠦᠨ ᠰᠢᠨ᠎ᠡ ᠵᠢᠯ ᠦᠨ ᠨᠡᠭᠡᠭᠡᠯᠲᠡ ᠪᠡᠨ 《ᠡᠬᠡ ᠬᠡᠯᠡ ᠪᠡᠨ ᠳᠡᠭᠡᠳᠦᠯᠡᠶ᠎ᠡ》 ᠤᠷᠢᠶ᠎ᠠ ᠲᠠᠢ ᠬᠢᠵᠦ᠂ ᠬᠢᠴᠢᠶᠡᠯ ᠦᠨ ᠰᠢᠨ᠎ᠡ ᠵᠢᠯ ᠦᠨ ᠠᠩᠬᠠᠨ ᠤ ᠬᠣᠩᠬᠣ ᠢᠢ ᠲᠤᠰ ᠰᠤᠷᠭᠠᠭᠤᠯᠢ ᠢᠢᠨ 《ᠰᠢᠨᠡᠬᠡᠨ》 ᠡᠯᠰᠡᠭᠴᠢᠳ ᠳᠤᠤᠤᠭᠠᠷᠭᠠᠵᠤ ᠲᠤᠰ ᠰᠤᠷᠭᠠᠭᠤᠯᠢ ᠢᠢᠨ ᠬᠢᠴᠢᠶᠡᠯ ᠡᠬᠢᠯᠡᠯ᠎ᠡ᠃
ᠬᠢᠴᠢᠶᠡᠯ ᠦᠨ ᠰᠢᠨ᠎ᠡ ᠵᠢᠯ ᠦᠨ ᠨᠡᠭᠡᠭᠡᠯᠲᠡ ᠢᠢᠨ ᠦᠶ᠎ᠡ ᠪᠡᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄
《ᠡᠨᠳᠡ ᠴᠤᠭᠯᠠᠭᠰᠠᠨ ᠰᠡᠷᠭᠦᠯᠡᠩ ᠰᠤᠮᠤ ᠢᠢᠨ ᠨᠡᠢᠢᠲᠡ ᠢᠷᠭᠡᠳ᠂ ᠪᠠᠭᠰᠢ᠂ ᠠᠵᠢᠯᠴᠢᠳ᠂ ᠶᠢᠰᠦᠳᠦᠭᠡᠷ ᠰᠠᠷ᠎ᠠ ᠢᠢᠨ 1 ᠍ ᠦ ᠡᠳᠦᠷ ᠲᠥ ᠪᠡᠨ ᠪᠡᠯᠡᠳᠬᠡᠨ ᠢᠷᠡᠭᠰᠡᠨ ᠬᠡᠦᠬᠡᠳ᠂ ᠪᠠᠭᠠᠴᠤᠳ ᠲᠠ ᠪᠦᠬᠦᠨ ᠳᠥ ᠥᠷᠯᠥᠭᠡᠨ ᠦ ᠮᠡᠨᠳᠦ ᠬᠦᠷᠭᠡᠶ᠎ᠡ᠃ ᠡᠨᠡ ᠡᠳᠦᠷ ᠮᠣᠩᠭ᠋ᠣᠯ ᠤᠨ ᠪᠠᠶᠠᠷ ᠤᠨ ᠡᠳᠦᠷ ᠶᠤᠮ᠃ ᠨᠡᠢᠢᠲᠡ ᠪᠠᠭᠰᠢ᠂ ᠰᠤᠷᠤᠭᠴᠢᠳ ᠲᠤ ᠬᠢᠴᠢᠶᠡᠯ ᠦᠨ ᠰᠢᠨ᠎ᠡ ᠵᠢᠯ ᠦᠨ ᠪᠠᠶᠠᠷ ᠬᠦᠷᠭᠡᠨ ᠮᠡᠨᠳᠦᠴᠢᠯᠡᠵᠦ ᠪᠠᠢᠢᠨ᠎ᠠ᠃
ᠪᠢᠳᠡ ᠡᠨᠡ ᠤᠳᠠᠭ᠎ᠠ ᠳᠤ ᠵᠣᠷᠢᠭᠤᠳᠠ ᠪᠠᠷ ᠤᠯᠠᠭᠠᠨᠪᠠᠭᠠᠲᠤᠷ ᠬᠣᠲᠠ ᠲᠠᠢ ᠬᠠᠮᠤᠭ ᠤᠨ ᠣᠢᠢᠷ᠎ᠠ ᠣᠷᠣᠰᠢᠳᠠᠭ ᠰᠤᠮᠤᠳ ᠤᠨ ᠨᠢᠭᠡ ᠲᠥᠪ ᠠᠢᠢᠮᠠᠭ ᠤᠨ ᠰᠡᠷᠭᠦᠯᠡᠩ ᠰᠤᠮᠤ ᠢᠢᠨ ᠰᠤᠷᠭᠠᠭᠤᠯᠢ ᠢᠢᠨ ᠬᠠᠮᠲᠤ ᠣᠯᠠᠨ ᠲᠠ ᠪᠦᠬᠦᠨ ᠳᠡᠭᠡᠷ᠎ᠡ ᠢᠷᠡᠵᠦ᠂ ᠬᠢᠴᠢᠶᠡᠯ ᠦᠨ ᠰᠢᠨ᠎ᠡ ᠵᠢᠯ ᠦᠨ ᠪᠠᠶᠠᠷ ᠢ ᠲᠠᠨᠢ ᠬᠤᠪᠢᠶᠠᠯᠴᠠᠵᠤ ᠪᠠᠢᠢᠨ᠎ᠠ᠃ ᠳᠠᠷᠠᠭ᠎ᠠ᠂ ᠳᠠᠷᠠᠭ᠎ᠠ ᠢᠢᠨ ᠶᠢᠰᠦᠳᠦᠭᠡᠷ ᠰᠠᠷ᠎ᠠ ᠢᠢᠨ 1 ᠍ ᠦ ᠡᠳᠦᠷ ᠦᠳ ᠲᠥ ᠠᠯᠤᠰᠯᠠᠭᠳᠠᠭᠰᠠᠨ ᠰᠤᠮᠤ ᠢᠢᠨ ᠰᠤᠷᠭᠠᠭᠤᠯᠢ᠂ ᠠᠯᠤᠰᠯᠠᠭᠳᠠᠵᠤ ᠪᠠᠢᠢᠭ᠎ᠠ᠂ ᠡᠵᠡᠨ ᠦᠭᠡᠢ ᠪᠣᠯᠵᠤ ᠪᠠᠢᠢᠭ᠎ᠠ ᠰᠤᠮᠤᠳ ᠤᠨ ᠰᠤᠷᠭᠠᠭᠤᠯᠢ ᠳᠡᠭᠡᠷ᠎ᠡ ᠣᠴᠢᠬᠤ ᠪᠣᠯᠤᠨ᠎ᠠ》 ᠭᠡᠳ ᠬᠡᠦᠬᠡᠳ ᠪᠠᠭᠠᠴᠤᠳ᠂ ᠪᠠᠭᠰᠢ ᠨᠠᠷ ᠲᠤ ᠰᠤᠷᠤᠯᠭ᠎ᠠ᠂ ᠠᠵᠢᠯ ᠬᠥᠳᠡᠯᠮᠦᠷᠢ ᠢᠢᠨ ᠠᠮᠵᠢᠯᠲᠠ ᠬᠦᠰᠡᠨ ᠢᠷᠦᠭᠡᠪᠡ᠃
ᠳᠠᠷᠠᠭ᠎ᠠ ᠨᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠡᠷᠭᠦᠯᠡᠩ ᠰᠤᠮᠤ ᠢᠢᠨ ᠳᠤᠮᠳᠠ ᠰᠤᠷᠭᠠᠭᠤᠯᠢ ᠢᠢᠨ ᠮᠣᠩᠭ᠋ᠣᠯ ᠬᠡᠯᠡ᠂ ᠤᠷᠠᠨ ᠵᠣᠬᠢᠶᠠᠯ ᠤᠨ ᠮ ∙ ᠬᠣᠩᠭ᠋ᠣᠷᠵᠤᠯᠠ ᠪᠠᠭᠰᠢ ᠲᠠᠢ ᠪᠠᠭ᠎ᠠ ᠠᠩᠬᠢ ᠢᠢᠨ ᠡᠬᠢᠨ ᠦ ᠴᠠᠭ ᠤᠨ ᠬᠢᠴᠢᠶᠡᠯ ᠳᠥ ᠰᠠᠭᠤᠵᠤ᠂ ᠰᠣᠨᠢᠷᠬᠠᠯ᠎ᠠ᠃ ᠮᠣᠩᠭ᠋ᠣᠯ ᠬᠡᠯᠡ᠂ ᠤᠷᠠᠨ ᠵᠣᠬᠢᠶᠠᠯ ᠤᠨ ᠪᠠᠭᠰᠢ ᠮ ∙ ᠬᠣᠩᠭ᠋ᠣᠷᠵᠤᠯᠠ 《ᠡᠬᠡ ᠬᠡᠯᠡᠨ ᠦ ᠡᠳᠦᠷ》 ᠍ ᠳᠥ ᠵᠣᠷᠢᠭᠤᠯᠤᠨ ᠰᠤᠷᠤᠭᠴᠢᠳ ᠲᠤ ᠪᠠᠨ ᠠᠷᠠᠳ ᠤᠨ ᠪᠠᠭᠰᠢ᠂ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ ᠰ ∙ ᠳᠤᠯᠮ᠎ᠠ ᠢᠢᠨ 《ᠮᠢᠨᠦ ᠭᠤᠷᠪᠠᠨ ᠣᠳᠣ》 ᠰᠢᠯᠦᠭ ᠢ ᠴᠡᠭᠡᠵᠢᠯᠡᠭᠦᠯᠬᠦ ᠪᠡᠷ ᠰᠠᠮᠪᠠᠷ ᠲᠤ ᠪᠢᠴᠢᠵᠦ᠂ ᠰᠤᠷᠤᠭᠴᠢᠳ ᠲᠠᠢ ᠰᠢᠯᠦᠭ ᠦᠨ ᠤᠳᠬ᠎ᠠ᠂ ᠠᠭᠤᠯᠭ᠎ᠠ ᠢᠢᠨ ᠲᠠᠯ᠎ᠠ ᠪᠠᠷ ᠶᠠᠷᠢᠯᠴᠠᠨ᠂ ᠡᠬᠡ ᠣᠷᠣᠨ᠂ ᠡᠬᠡ ᠬᠡᠯᠡ᠂ ᠡᠵᠢ ᠢᠢᠨ ᠰᠡᠳᠦᠪᠲᠦ ᠰᠢᠯᠦᠭ ᠢ ᠲᠠᠢᠢᠯᠪᠤᠷᠢᠯᠠᠨ ᠲᠠᠨᠢᠭᠤᠯᠤᠭᠰᠠᠨ ᠶᠤᠮ᠃
ᠰᠤᠷᠭᠠᠭᠤᠯᠢ ᠢᠢᠨ ᠡᠬᠢᠨ ᠦ ᠴᠠᠭ ᠤᠨ ᠬᠢᠴᠢᠶᠡᠯ ᠥᠨᠳᠥᠷᠯᠡᠭᠰᠡᠨ ᠦ ᠳᠠᠷᠠᠭ᠎ᠠ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠤᠷᠭᠠᠭᠤᠯᠢ ᠢᠢᠨ ᠨᠣᠮ ᠤᠨ ᠰᠠᠩ᠂ ᠰᠤᠷᠤᠭᠴᠢᠳ ᠤᠨ ᠨᠣᠮ ᠤᠨ ᠬᠦᠷᠲᠡᠭᠡᠮᠵᠢ ᠵᠡᠷᠭᠡ ᠲᠡᠢ ᠲᠠᠨᠢᠯᠴᠠᠵᠤ᠂ ᠰᠤᠷᠭᠠᠭᠤᠯᠢ ᠳᠤ ᠲᠤᠯᠭᠠᠷᠠᠵᠤ ᠪᠤᠢ ᠠᠰᠠᠭᠤᠳᠠᠯ ᠤᠨ ᠬᠦᠷᠢᠶᠡᠨ ᠳᠥ ᠲᠤᠰ ᠰᠤᠷᠭᠠᠭᠤᠯᠢ ᠢᠢᠨ ᠵᠠᠬᠢᠷᠤᠯ ᠨ ∙ ᠳᠠᠸᠠᠳᠤᠯᠮ᠎ᠠ ᠲᠠᠢ ᠶᠠᠷᠢᠯᠴᠠᠪᠠ᠃
ᠲᠥᠪ ᠠᠢᠢᠮᠠᠭ ᠤᠨ ᠰᠡᠷᠭᠦᠯᠡᠩ ᠰᠤᠮᠤ ᠢᠢᠨ ᠳᠤᠮᠳᠠ ᠰᠤᠷᠭᠠᠭᠤᠯᠢ ᠢᠢᠨ ᠵᠠᠬᠢᠷᠤᠯ ᠨ ∙ ᠳᠠᠸᠠᠳᠤᠯᠮ᠎ᠠ ᠬᠡᠯᠡᠬᠦ ᠳᠥ ᠪᠡᠨ᠄
《ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠤᠨ ᠳᠠᠭᠠᠭᠤ ᠶᠢᠰᠦᠳᠦᠭᠡᠷ ᠰᠠᠷ᠎ᠠ ᠢᠢᠨ 1 ᠍ ᠦ ᠡᠳᠦᠷ ᠢ 《ᠡᠬᠡ ᠬᠡᠯᠡᠨ ᠦ ᠡᠳᠦᠷ》 ᠪᠣᠯᠭᠠᠨ ᠵᠠᠷᠯᠠᠭᠰᠠᠨ᠃ ᠡᠨᠡ ᠳᠠᠭᠠᠭᠤ ᠮᠠᠨ ᠤ ᠰᠤᠷᠭᠠᠭᠤᠯᠢ 2018-2019 ᠣᠨ ᠤ ᠬᠢᠴᠢᠶᠡᠯ ᠦᠨ ᠵᠢᠯ ᠦᠨ ᠨᠡᠭᠡᠭᠡᠯᠲᠡ ᠢᠢ 《ᠡᠬᠡ ᠬᠡᠯᠡ ᠪᠡᠨ ᠳᠡᠭᠡᠳᠦᠯᠡᠶ᠎ᠡ》 ᠰᠡᠳᠦᠪ ᠢᠶᠡᠷ ᠬᠢᠵᠦ᠂ ᠬᠢᠴᠢᠶᠡᠯ ᠢᠶᠡᠨ ᠡᠬᠢᠯᠡᠭᠦᠯᠦᠯ᠎ᠡ᠃ ᠰᠢᠨ᠎ᠡ ᠬᠢᠴᠢᠶᠡᠯ ᠦᠨ ᠵᠢᠯ ᠦᠨ ᠦᠢᠯᠡ ᠠᠵᠢᠯᠯᠠᠭᠠᠨ ᠳᠤ ᠲᠥᠷᠥ ᠢᠢᠨ ᠲᠡᠷᠢᠭᠦᠨ ᠬᠦᠷᠦᠯᠴᠡᠨ ᠢᠷᠡᠭᠰᠡᠨ ᠳᠥ ᠮᠠᠰᠢ ᠶᠡᠬᠡ ᠲᠠᠯᠠᠷᠬᠠᠵᠤ ᠪᠠᠢᠢᠨ᠎ᠠ᠃
ᠮᠠᠨ ᠤ ᠰᠤᠷᠭᠠᠭᠤᠯᠢ ᠳᠤ 1981 ᠣᠨ ᠠᠴᠠ ᠬᠣᠢᠢᠰᠢ ᠶᠡᠬᠡ ᠵᠠᠰᠠᠪᠤᠷᠢ ᠣᠭᠲᠣ ᠬᠢᠭ᠍ᠳᠡᠭᠡ ᠦᠭᠡᠢ ᠪᠠᠢᠢᠭ᠎ᠠ᠃ ᠪᠢᠳᠡ ᠨᠡᠩ ᠲᠡᠷᠢᠭᠦᠨ ᠳᠥ ᠮᠣᠩᠭ᠋ᠣᠯ ᠤᠯᠤᠰ ᠤᠨ ᠶᠡᠷᠦᠩᠬᠡᠢᠢᠯᠡᠭᠴᠢ ᠲᠠᠨ ᠠᠴᠠ ᠰᠤᠷᠭᠠᠭᠤᠯᠢ ᠢᠢᠨ ᠶᠡᠬᠡ ᠵᠠᠰᠠᠪᠤᠷᠢ ᠢᠢᠨ ᠠᠵᠢᠯ ᠳᠤ ᠠᠩᠬᠠᠷᠴᠤ ᠥᠭ᠍ᠬᠦ ᠢᠢ ᠬᠦᠰᠡᠮᠡᠷ ᠪᠠᠢᠢᠨ᠎ᠠ᠃ ᠮᠥᠨ ᠮᠠᠨ ᠤ ᠰᠤᠮᠤᠨ ᠳᠤ ᠠᠵᠢᠯ ᠤᠨ ᠪᠠᠢᠢᠷᠢ ᠪᠤᠢ ᠪᠣᠯᠭᠠᠵᠤ᠂ ᠪᠢᠳᠡᠨ ᠦ ᠰᠤᠷᠴᠤ ᠪᠣᠯᠪᠠᠰᠤᠷᠠᠬᠤ᠂ ᠬᠥᠭ᠍ᠵᠢᠬᠦ ᠣᠷᠴᠢᠨ ᠨᠥᠬᠥᠴᠡᠯ ᠳᠥ ᠠᠩᠬᠠᠷᠬᠤ ᠢᠢ ᠬᠦᠰᠡᠮᠡᠷ ᠪᠠᠢᠢᠨ᠎ᠠ᠃ ᠡᠭᠦᠨ ᠢ ᠳᠠᠭᠠᠭᠠᠳ ᠬᠦᠮᠦᠨ ᠠᠮᠠ ᠢᠢᠨ ᠰᠠᠭᠤᠷᠢᠰᠢᠯ᠂ ᠬᠠᠮᠤᠷᠤᠨ ᠰᠤᠷᠬᠤ ᠬᠡᠦᠬᠡᠳ ᠦᠳ ᠦᠨ ᠲᠣᠭ᠎ᠠ ᠥᠰᠬᠦ ᠪᠠᠢᠢᠬᠤ ᠭᠡᠵᠦ ᠪᠣᠳᠣᠵᠤ ᠪᠠᠢᠢᠭ᠎ᠠ》 ᠭᠡᠰᠡᠨ ᠶᠤᠮ᠃
ᠬᠠᠷᠢᠨ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄
《ᠮᠣᠩᠭ᠋ᠣᠯ ᠤᠯᠤᠰ 21 ᠠᠢᠢᠮᠠᠭ᠂ 330 ᠣᠷᠴᠢᠮ ᠰᠤᠮᠤ ᠲᠠᠢ᠃ ᠡᠭᠦᠨ ᠡᠴᠡ ᠤᠯᠠᠭᠠᠨᠪᠠᠭᠠᠲᠤᠷ ᠬᠣᠲᠠ ᠲᠠᠢ ᠬᠠᠮᠤᠭ ᠤᠨ ᠣᠢᠢᠷᠠᠬᠠᠨ ᠪᠠᠢᠢᠳᠠᠭ ᠰᠤᠮᠤᠳ ᠤᠨ ᠨᠢᠭᠡ ᠰᠡᠷᠭᠦᠯᠡᠩ ᠰᠤᠮᠤ ᠢᠢᠨ ᠰᠤᠷᠭᠠᠭᠤᠯᠢ ᠢᠢᠨ ᠬᠢᠨ ᠤ ᠶᠢᠰᠦᠳᠦᠭᠡᠷ ᠰᠠᠷ᠎ᠠ ᠢᠢᠨ 1 ᠍ ᠦ ᠪᠠᠶᠠᠷ ᠳᠡᠭᠡᠷ᠎ᠡ ᠨᠢ ᠣᠴᠢᠶ᠎ᠠ ᠭᠡᠳ ᠥᠴᠥᠭᠡᠳᠦᠷ ᠣᠷᠣᠢ ᠰᠢᠢᠳᠴᠦ᠂ ᠲᠠ ᠪᠦᠬᠦᠨ ᠦ ᠠᠩᠬᠠᠷᠤᠯ ᠢ ᠰᠤᠮᠤ᠂ ᠣᠷᠣᠨ ᠨᠤᠲᠤᠭ ᠤᠨ ᠪᠠᠢᠢᠳᠠᠯ ᠳᠤ ᠬᠠᠨᠳᠤᠭᠤᠯᠵᠤ ᠪᠠᠢᠢᠭ᠎ᠠ ᠶᠤᠮ᠃
ᠪᠢᠳᠡ ᠭᠠᠭᠴᠠᠬᠠᠨ ᠤᠯᠠᠭᠠᠨᠪᠠᠭᠠᠲᠤᠷ ᠬᠣᠲᠠ ᠪᠠᠨ ᠬᠥᠭ᠍ᠵᠢᠭᠦᠯᠬᠦ ᠲᠤᠬᠠᠢ ᠶᠠᠷᠢᠬᠤ ᠪᠢᠰᠢ᠂ ᠤᠯᠤᠰ ᠣᠷᠣᠨ᠂ ᠢᠯᠠᠩᠭ᠋ᠤᠶ᠎ᠠ ᠠᠯᠤᠰᠯᠠᠭᠳᠠᠭᠰᠠᠨ 100 ᠭᠠᠷᠤᠢ ᠰᠤᠮᠤᠳ ᠢᠶᠠᠨ ᠬᠥᠭ᠍ᠵᠢᠭᠦᠯᠵᠦ᠂ ᠠᠬᠤᠢ ᠢᠢ ᠨᠢ ᠰᠠᠢᠢᠵᠢᠷᠠᠭᠤᠯᠵᠤ ᠪᠠᠢᠢᠵᠤ ᠮᠣᠩᠭ᠋ᠣᠯ ᠤᠯᠤᠰ ᠬᠥᠭ᠍ᠵᠢᠨ᠎ᠡ᠃ ᠮᠡᠳᠡᠭᠡᠵᠢ᠂ ᠡᠨᠡ ᠡᠳᠦᠷ ᠪᠠᠶᠠᠷ ᠤᠨ ᠡᠳᠦᠷ ᠬᠡᠳᠦᠢ ᠴᠤ ᠤᠯᠠᠭᠠᠨᠪᠠᠭᠠᠲᠤᠷ ᠬᠣᠲᠠ ᠠᠴᠠ 60 ᠣᠷᠴᠢᠮ ᠺᠮ ᠵᠠᠢ ᠲᠠᠢ ᠡᠨᠡ ᠰᠤᠮᠤᠳ ᠢᠶᠠᠨ ᠠᠩᠬᠠᠷᠴᠤ᠂ ᠪᠦᠲᠦᠭᠡᠨ ᠪᠠᠢᠢᠭᠤᠯᠤᠯᠲᠠ ᠬᠢᠵᠦ᠂ ᠬᠦᠮᠦᠨ ᠠᠮᠢᠳᠤᠷᠠᠳᠠᠭ ᠪᠣᠯᠭᠠᠮᠠᠷ ᠪᠠᠢᠢᠨ᠎ᠠ᠃
ᠰᠤᠷᠭᠠᠭᠤᠯᠢ ᠢᠢᠨ ᠵᠠᠬᠢᠷᠤᠯ 300 ᠭᠠᠷᠤᠢ ᠬᠡᠦᠬᠡᠳ ᠦᠨ ᠪᠠᠭᠲᠠᠭᠠᠮᠵᠢ ᠲᠠᠢ ᠰᠤᠷᠭᠠᠭᠤᠯᠢ ᠳᠤ 60 ᠭᠠᠷᠤᠢ ᠬᠡᠦᠬᠡᠳ ᠰᠤᠷᠤᠯᠴᠠᠵᠤ ᠪᠠᠢᠢᠭ᠎ᠠ ᠲᠠᠯ᠎ᠠ ᠪᠠᠷ ᠬᠡᠯᠡᠭᠰᠡᠨ᠃ ᠪᠢᠳᠡ ᠶᠠᠭᠠᠬᠢᠬᠤ ᠶᠣᠰᠣᠲᠠᠢ ᠪᠤᠢ? ᠥᠩᠭᠡᠷᠡᠭᠰᠡᠨ ᠳᠣᠯᠣᠭ᠎ᠠ ᠬᠣᠨᠣᠭ ᠲᠤ ᠵᠠᠰᠠᠭ ᠤᠨ ᠭᠠᠵᠠᠷ ᠬᠤᠷᠠᠯᠳᠤᠵᠤ ᠡᠨᠡ ᠰᠤᠮᠤ ᠢᠢᠨ ᠨᠤᠲᠤᠭ ᠲᠤ ᠪᠠᠢᠢᠭᠤᠯᠤᠭᠳᠠᠬᠤ 《 ᠮᠠᠢᠢᠳᠠᠷ ᠬᠣᠲᠠ 》 ᠢᠢᠨ ᠠᠰᠠᠭᠤᠳᠠᠯ ᠢ ᠣᠯᠠᠨ ᠵᠢᠯ ᠦᠨ ᠳᠠᠷᠠᠭ᠎ᠠ ᠰᠢᠢᠳᠦᠯ᠎ᠡ᠃ ᠡᠨᠡ ᠪᠣᠯ ᠪᠢᠳᠡ ᠰᠢᠨ᠎ᠡ ᠪᠡᠷ ᠰᠤᠮᠤ᠂ ᠰᠠᠭᠤᠷᠢᠨ᠂ ᠬᠣᠲᠠ ᠪᠠᠢᠢᠭᠤᠯᠵᠤ᠂ ᠲᠡᠳᠡᠭᠡᠷ ᠭᠠᠵᠠᠷ ᠲᠤ ᠪᠠᠨ ᠠᠬᠤᠢ ᠢᠢ ᠰᠠᠢᠢᠵᠢᠷᠠᠭᠤᠯᠬᠤ ᠠᠵᠢᠯ ᠤᠨ ᠡᠬᠢᠯᠡᠯ ᠪᠣᠯᠪᠠ ᠤᠤ᠃ ᠲᠥᠪ ᠠᠢᠢᠮᠠᠭ ᠤᠨ ᠰᠡᠷᠭᠦᠯᠡᠩ ᠰᠤᠮᠤ ᠢᠢ ᠮᠣᠩᠭ᠋ᠣᠯ ᠣᠷᠣᠨ ᠳᠠᠶᠠᠭᠠᠷ ᠢᠶᠠᠨ᠂ ᠮᠥᠨ ᠰᠢᠢᠳᠪᠦᠷᠢ ᠭᠠᠷᠭᠠᠭᠴᠢᠳ ᠬᠠᠷᠠᠵᠤ ᠳ᠋ᠦᠩᠨᠡᠭᠡᠰᠡᠢ ᠭᠡᠵᠦ ᠬᠦᠰᠡᠵᠦ ᠪᠠᠢᠢᠨ᠎ᠠ᠃ ᠡᠨᠡ ᠲᠣᠭᠣᠷᠢᠭ ᠠᠴᠠ ᠭᠤᠷᠪᠠᠨ ᠴᠤ ᠤᠯᠤᠰ ᠤᠨ ᠶᠡᠬᠡ ᠬᠤᠷᠠᠯ ᠭᠡᠰᠢᠭᠦᠨ ᠰᠣᠩᠭ᠋ᠣᠭᠳᠠᠭᠰᠠᠨ ᠪᠠᠢᠢᠳᠠᠭ ᠰᠢᠦ》 ᠭᠡᠪᠡ᠃
ᠮᠥᠨ ᠰᠡᠷᠭᠦᠯᠡᠩ ᠰᠤᠮᠤ ᠢᠢᠨ ᠵᠠᠰᠠᠭ ᠳᠠᠷᠤᠭ᠎ᠠ ᠡ᠊ ∙ ᠡᠩᠬᠡᠪᠠᠶᠠᠷ 《ᠮᠠᠨ ᠤ ᠰᠤᠮᠤ ᠠᠢᠢᠮᠠᠭ ᠤᠨ ᠲᠥᠪ ᠡᠴᠡ 11 ᠺᠢᠯᠣᠮᠧᠲ᠋ᠷ ᠵᠠᠢᠢᠲᠠᠢ ᠣᠷᠣᠰᠢᠳᠠᠭ᠃ ᠬᠦᠮᠦᠰ ᠬᠣᠲᠠ᠂ ᠲᠥᠪ ᠢᠶᠡᠨ ᠪᠠᠷᠠᠳᠠᠭᠠᠳ ᠶᠠᠪᠤᠴᠢᠬᠠᠳᠠᠭ ᠶᠤᠮ᠃ ᠮᠠᠨ ᠤ ᠰᠤᠮᠤᠨ ᠳᠤ ᠰᠤᠷᠭᠠᠭᠤᠯᠢ ᠢᠢᠨ ᠨᠠᠰᠤᠨ ᠤ 280 ᠬᠡᠦᠬᠡᠳ ᠪᠠᠢᠢᠭ᠎ᠠ ᠴᠤ 67 ᠬᠡᠦᠬᠡᠳ ᠯᠠ ᠡᠨᠡ ᠰᠤᠷᠭᠠᠭᠤᠯᠢ ᠳᠤ ᠰᠤᠷᠤᠯᠴᠠᠵᠤ ᠪᠠᠢᠢᠨ᠎ᠠ᠃ ᠪᠢᠳᠡ ᠬᠡᠦᠬᠡᠳ ᠦᠳ ᠢ ᠬᠠᠷᠢᠶᠠᠯᠠᠯ ᠤᠨ ᠳᠠᠭᠠᠭᠤ ᠰᠤᠮᠤ ᠢᠢᠨ ᠰᠤᠷᠭᠠᠭᠤᠯᠢ ᠳᠤ ᠨᠢ ᠰᠤᠷᠭᠠᠬᠤ ᠬᠡᠷᠡᠭᠲᠡᠢ ᠭᠡᠳᠡᠭ ᠴᠤ ᠠᠯᠪᠠᠳᠠᠨ ᠰᠠᠭᠤᠯᠭᠠᠬᠤ ᠪᠣᠯᠤᠮᠵᠢ ᠦᠭᠡᠢ ᠪᠠᠢᠢᠨ᠎ᠠ》 ᠭᠡᠰᠡᠨ ᠶᠤᠮ᠃