Та "Internet explorer"-ийн сүүлийн хувилбар болох "Microsoft edge"-г ашиглана уу

Хэрэв "Microsoft edge"-г татах бол энд дарж татаж авна уу

ᠻᠢᠨᠣ ᠤᠷᠠᠯᠢᠭ ᠡᠭᠦᠰᠴᠦ ᠬᠥᠭ᠍ᠵᠢᠭᠰᠡᠨ ᠦ ᠙᠐ ᠵᠢᠯ ᠦᠨ ᠣᠢ ᠶᠢ ᠲᠣᠬᠢᠶᠠᠯᠳᠤᠭᠤᠯᠤᠨ ᠲᠥᠷᠦ ᠶᠢᠨ ᠳᠡᠭᠡᠳᠦ ᠴᠣᠯᠠ ᠣᠯᠭᠤᠯ᠎ᠠ

ᠮᠣᠩ᠋ᠭᠤᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠻᠢᠨᠣ᠋ ᠤᠷᠠᠯᠢᠭ ᠡᠭᠦᠰᠴᠦ ᠬᠥᠭ᠍ᠵᠢᠭᠰᠡᠨ ᠦ ᠙᠐ ᠵᠢᠯ ᠦᠨ ᠣᠢ ᠶᠢ ᠲᠣᠬᠢᠢᠠᠯᠳᠤᠭᠤᠯᠤᠨ ᠵᠠᠷᠯᠢᠭ ᠭᠠᠷᠭᠠᠵᠤ᠂ ᠤᠷᠠᠨ ᠪᠦᠲᠦᠭᠡᠯᠴᠢ᠂ ᠠᠵᠢᠯᠲᠠᠨ ᠨᠤᠭᠤᠳ ᠢ ᠲᠥᠷᠦ ᠶᠢᠨ ᠳᠡᠭᠡᠳᠦ ᠴᠣᠯᠠ᠂ ᠣᠳᠣᠨ᠂ ᠮᠧᠳᠠᠯᠢ ᠪᠠᠷ ᠱᠠᠩᠨᠠᠯ᠎ᠠ᠃

ᠳᠡᠯᠭᠡᠴᠡ ᠶᠢᠨ ᠤᠷᠠᠯᠢᠭ ᠤᠨ ᠰᠠᠯᠪᠤᠷᠢ ᠳᠤ ᠬᠦᠴᠦᠨ ᠵᠢᠳᠬᠦᠵᠦ᠂ ᠻᠢᠨᠣ᠋ ᠪᠦᠲᠦᠭᠡᠯ ᠦᠳ ᠲᠥ ᠳᠦᠷᠢ ᠪᠡᠨ ᠮᠥᠩᠬᠡᠯᠡᠨ᠂ ᠣᠷᠴᠢᠭᠤᠯᠭ᠎ᠠ ᠶᠢᠨ ᠻᠢᠨᠣ᠋ ᠳᠤ ᠳᠠᠭᠤ ᠣᠷᠤᠭᠤᠯᠵᠤ ᠥᠪᠡᠷ ᠦᠨ ᠳᠦᠷᠢ᠂ ᠳᠠᠭᠤ ᠬᠣᠭᠤᠯᠠᠶ ᠪᠠᠷ ᠠᠷᠠᠳ ᠲᠦᠮᠡᠨ ᠳᠥ ᠪᠡᠨ ᠤᠷᠠᠨ ᠪᠦᠲᠦᠭᠡᠯ ᠢᠢᠡᠨ ᠲᠣᠯᠢᠯᠠᠭᠤᠯᠵᠤ᠂ ᠰᠣᠶᠣᠨ ᠭᠡᠭᠡᠷᠡᠭᠦᠯᠬᠦ ᠦᠢᠯᠡᠰ ᠲᠥ ᠦᠨ᠎ᠡ ᠲᠡᠢ ᠬᠤᠪᠢ ᠨᠡᠮᠡᠷᠢ ᠣᠷᠤᠭᠤᠯᠤᠭᠰᠠᠨ ᠡᠷᠬᠢᠮ ᠦᠳ ᠡᠨᠡ ᠡᠳᠦᠷ ᠬᠥᠳᠡᠯᠮᠦᠷᠢ ᠪᠡᠨ ᠦᠨᠡᠯᠡᠭᠦᠯᠦᠯ᠎ᠡ᠃

  • «ᠮᠣᠩ᠋ᠭᠤᠯ ᠻᠢᠨᠣ᠋ ᠦᠢᠯᠡᠳᠪᠦᠷᠢ» ᠢᠢᠨ ᠵᠢᠷᠤᠭ ᠤᠨ ᠳᠠᠷᠤᠭ᠎ᠠ ᠠᠰᠠᠨ᠂ ᠮᠣᠩ᠋ᠭᠤᠯ ᠤᠨ ᠦᠨᠳᠦᠰᠦᠨ ᠦ ᠻᠢᠨᠣ᠋ ᠤᠷᠠᠯᠢᠭ ᠤᠨ ᠠᠻᠠᠳᠧᠮᠢ ᠶᠢᠨ ᠲᠡᠷᠢᠭᠦᠯᠡᠭᠴᠢ ᠭᠡᠰᠢᠭᠦᠨ ᠭᠠᠯᠰᠠᠩᠪᠠᠯᠳᠠᠨ ᠤ ᠠᠬᠦ᠋ᠦ᠂
  • «ᠮᠣᠩ᠋ᠭᠤᠯ ᠻᠢᠨᠣ᠋ ᠦᠢᠯᠡᠳᠪᠦᠷᠢ» ᠢᠢᠨ ᠬᠢᠮᠢ ᠶᠢᠨ ᠢᠨ᠋ᠵᠧᠨᠧᠷ ᠵᠠᠯᠴᠠᠨ ᠤ ᠪᠠᠳᠮ᠎ᠠ᠂
  • «ᠮᠣᠩ᠋ᠭᠤᠯ ᠻᠢᠨᠣ᠋ ᠦᠢᠯᠡᠳᠪᠦᠷᠢ» ᠢᠢᠨ ᠶᠡᠷᠦᠩᠬᠡᠶ ᠢᠨ᠋ᠵᠧᠨᠧᠷ᠂ ᠳᠡᠳ᠋ ᠫᠷᠣᠹᠧᠰᠰᠤᠷ ᠫᠦᠷᠪᠦ ᠶᠢᠨ ᠲᠡᠮᠦᠷᠲᠣᠭᠲᠠᠬᠤ᠂
  • «ᠮᠣᠩ᠋ᠭᠤᠯ ᠻᠢᠨᠣ᠋ ᠦᠢᠯᠡᠳᠪᠦᠷᠢ» ᠢᠢᠨ ᠡᠪᠯᠡᠭᠦᠯᠭᠡ ᠶᠢᠨ ᠨᠠᠶᠢᠷᠠᠭᠤᠯᠤᠭᠴᠢ ᠳᠠᠮᠪᠠᠰᠦ᠋ᠷᠦᠩ ᠦᠨ ᠪᠠᠲᠤᠭᠡᠷᠡᠯ᠂
  • «ᠮᠣᠩ᠋ᠭᠤᠯ ᠻᠢᠨᠣ᠋ ᠦᠢᠯᠡᠳᠪᠦᠷᠢ» ᠢᠢᠨ ᠣᠫᠧᠷᠠᠲ᠋ᠣᠷ ᠳᠡᠴᠢᠨᠷᠠᠪᠳᠠᠨ ᠤ ᠪᠠᠯᠴᠢᠨᠫᠦ᠋ᠷᠪᠦ᠂
  • «ᠮᠣᠩ᠋ᠭᠤᠯ ᠻᠢᠨᠣ᠋ ᠦᠢᠯᠡᠳᠪᠦᠷᠢ» ᠢᠢᠨ ᠳᠠᠭᠤᠨ ᠤ ᠨᠠᠶᠢᠷᠠᠭᠤᠯᠤᠭᠴᠢ ᠪᠡᠭ᠍ᠵᠡᠵᠠᠪ ᠤᠨ ᠪᠠᠶᠠᠨᠪᠠᠲᠤ᠂
  • «ᠮᠣᠩ᠋ᠭᠤᠯ ᠻᠢᠨᠣ᠋ ᠦᠢᠯᠡᠳᠪᠦᠷᠢ» ᠢᠢᠨ ᠨᠠᠶᠢᠷᠠᠭᠤᠯᠤᠭᠴᠢ ᠳᠤᠯᠮᠠᠰᠦ᠋ᠷᠦᠩ ᠦᠨ ᠴᠡᠩᠳᠦᠳᠣᠷᠵᠢ᠂
  • «ᠮᠣᠩ᠋ᠭᠤᠯ ᠻᠢᠨᠣ᠋ ᠦᠢᠯᠡᠳᠪᠦᠷᠢ» ᠢᠢᠨ ᠶᠡᠷᠦᠩᠬᠡᠶ ᠵᠢᠷᠤᠭᠠᠴᠢ ᠪᠠᠲᠤ ᠶᠢᠨ ᠪᠣᠯᠤᠳ᠂
  • «ᠮᠣᠩ᠋ᠭᠤᠯ ᠻᠢᠨᠣ᠋ ᠦᠢᠯᠡᠳᠪᠦᠷᠢ» ᠢᠢᠨ ᠶᠡᠷᠦᠩᠬᠡᠶ ᠵᠢᠷᠤᠭᠯᠠᠭᠠᠴᠢ᠂ «ᠵᠣᠬᠢᠶᠠᠮᠵᠢ» ᠳᠡᠭᠡᠳᠦ ᠰᠤᠷᠭᠠᠭᠤᠯᠢ ᠶᠢᠨ ᠪᠠᠭᠰᠢ ᠪᠢᠮᠪᠠ ᠶᠢᠨ ᡀᠠᠭᠪᠠᠳᠣᠷᠵᠢ᠂
  • «ᠮᠣᠩ᠋ᠭᠤᠯ ᠻᠢᠨᠣ᠋ ᠦᠢᠯᠡᠳᠪᠦᠷᠢ» ᠢᠢᠨ ᠵᠢᠷᠤᠭᠠᠴᠢ ᠨᠠᠸᠠᠩᠳᠠᠮᠪᠠ ᠶᠢᠨ ᠪᠠᠲᠤᠵᠢᠷᠭᠠᠯ᠂
  • «ᠭᠣᠯᠳᠧᠨ ᠫᠢᠻᠴᠧᠷᠰ» ᠫᠷᠣᠳᠢᠶᠠᠻᠱᠨ᠎ ᠤ ᠫᠷᠣᠳᠢᠶᠦ᠋ᠰᠧᠷ᠂ ᠵᠦᠵᠦᠭᠡᠴᠢᠨ᠂ ᠳᠠᠭᠤ ᠣᠷᠤᠭᠤᠯᠤᠭᠴᠢ ᠥᠯᠵᠡᠢ ᠶᠢᠨ ᠨᠠᠷᠠᠨᠪᠠᠭᠠᠲᠤᠷ᠂
  • «ᠮᠣᠩ᠋ᠭᠤᠯ ᠻᠢᠨᠣ᠋ ᠦᠢᠯᠡᠳᠪᠦᠷᠢ» ᠢᠢᠨ ᠵᠦᠵᠦᠭᠡᠴᠢᠨ᠂ ᠳᠠᠭᠤ ᠣᠷᠤᠭᠤᠯᠤᠭᠴᠢ ᠸᠴᠢᠷᠪᠠᠲᠤ ᠶᠢᠨ ᠣᠶᠤᠨ᠂
  • ᠴᠢᠯᠦᠭᠡᠲᠦ ᠤᠷᠠᠨ ᠪᠦᠲᠦᠭᠡᠯᠴᠢ᠂ ᠵᠦᠵᠦᠭᠡᠴᠢᠨ ᠰᠦᠬᠡ ᠶᠢᠨ ᠠᠷᠢᠭᠤᠨᠪᠢᠮᠪᠠ᠂
  • «ᠮᠣᠩ᠋ᠭᠤᠯ ᠻᠢᠨᠣ᠋ ᠦᠢᠯᠡᠳᠪᠦᠷᠢ» ᠢᠢᠨ ᠠᠯᠪᠠᠨ ᠤ ᠳᠠᠷᠤᠭ᠎ᠠ ᠲᠦᠮᠡᠨᠳᠡᠮᠪᠡᠷᠢᠯ ᠦᠨ ᠰᠠᠷᠠᠨᠲᠤᠶᠠᠭ᠎ᠠ᠂
  • «ᠮᠣᠩ᠋ᠭᠤᠯ ᠻᠢᠨᠣ᠋ ᠦᠢᠯᠡᠳᠪᠦᠷᠢ» ᠢᠢᠨ ᠣᠶᠣᠳᠠᠯᠴᠢᠨ ᠶᠦᠨᠷᠢᠩ ᠦᠨ ᠴᠡᠴᠡᠭ᠍ᠪᠠᠳᠮ᠎ᠠ᠂
  • «ᠮᠣᠩ᠋ᠭᠤᠯ ᠻᠢᠨᠣ᠋ ᠨᠢᠭᠡᠳᠬᠡᠯ» ᠲᠥᠷᠦ ᠶᠢᠨ ᠥᠮᠴᠢ ᠶᠢᠨ ᠦᠢᠯᠡᠳᠪᠦᠷᠢ ᠶᠢᠨ ᠭᠠᠵᠠᠷ ᠤᠨ ᠠᠷᠬᠢᠸ᠂ ᠪᠢᠴᠢᠭ᠌ ᠬᠡᠷᠡᠭ ᠦᠨ ᠡᠷᠬᠢᠯᠡᠭᠴᠢ ᠵᠢᠭ᠍ᠮᠢᠳ ᠦᠨ ᠲᠤᠤᠯᠠ᠂
  • «ᠮᠡᠭᠦᠨ ᠮᠧᠳᠢᠶᠠ» ᠬᠢᠵᠠᠭᠠᠷᠯᠠᠭᠳᠠᠮᠠᠯ ᠬᠠᠷᠢᠭᠤᠴᠠᠯᠭᠠᠲᠠᠶ ᠻᠣᠮᠫᠠᠨᠢ ᠢᠢᠨ ᠭᠦᠢᠴᠡᠳᠬᠡᠬᠦ ᠵᠠᠬᠢᠷᠤᠯ᠂ ᠫᠷᠣᠳᠢᠶᠦ᠋ᠰᠧᠷ ᠰᠦᠬᠡᠪᠠᠭᠠᠲᠤᠷ ᠤᠨ ᠠᠩ᠋ᠭᠠᠷᠠᠭ᠂
  • «ᠸᠠᠢᠢᠲ᠋ ᠠᠷᠠᠴᠢ» ᠰᠲ᠋ᠦ᠋ᠳᠢ ᠶᠢᠨ ᠵᠦᠵᠦᠭᠡᠴᠢᠨ᠂ ᠳᠠᠭᠤ ᠣᠷᠤᠭᠤᠯᠤᠭᠴᠢ ᠳᠠᠰᠢᠨᠠᠩᠵᠠᠳ ᠤᠨ ᠰᠠᠷᠠᠨᠲᠤᠶᠠᠭ᠎ᠠ᠂
  • «ᠮᠣᠩ᠋ᠭᠤᠯ ᠻᠢᠨᠣ᠋ ᠨᠢᠭᠡᠳᠬᠡᠯ» ᠲᠥᠷᠦ ᠶᠢᠨ ᠥᠮᠴᠢ ᠶᠢᠨ ᠦᠢᠯᠡᠳᠪᠦᠷᠢ ᠶᠢᠨ ᠭᠠᠵᠠᠷ ᠤᠨ ᠠᠵᠤ ᠠᠬᠤᠶ ᠶᠢᠨ ᠡᠷᠬᠢᠯᠡᠭᠴᠢ ᠱᠠᠯᠤᠤ ᠶᠢᠨ ᠪᠠᠶᠢᠭᠠᠯᠮ᠎ᠠ᠂
  • «ᠮᠣᠩ᠋ᠭᠤᠯ ᠻᠢᠨᠣ᠋ ᠨᠢᠭᠡᠳᠬᠡᠯ» ᠲᠥᠷᠦ ᠶᠢᠨ ᠥᠮᠴᠢ ᠶᠢᠨ ᠦᠢᠯᠡᠳᠪᠦᠷᠢ ᠶᠢᠨ ᠭᠠᠵᠠᠷ ᠤᠨ ᠵᠢᠷᠤᠭᠯᠠᠭᠠᠴᠢ ᠳᠠᠸᠠᠵᠠᠪ ᠤᠨ ᠪᠠᠲᠤᠪᠣᠯᠤᠳ᠂
  • ᠴᠢᠯᠦᠭᠡᠲᠦ ᠤᠷᠠᠨ ᠪᠦᠲᠦᠭᠡᠯᠴᠢ᠂ ᠵᠦᠵᠦᠭᠡᠴᠢᠨ ᡀᠠᠭᠪᠠᠪᠠᠶᠠᠷ ᠤᠨ ᠵᠢᠵᠢᠵᠠᠯᠮ ᠠ᠂
  • «ᠮᠣᠩ᠋ᠭᠤᠯ ᠻᠢᠨᠣ᠋ ᠨᠢᠭᠡᠳᠬᠡᠯ» ᠲᠥᠷᠦ ᠶᠢᠨ ᠥᠮᠴᠢ ᠶᠢᠨ ᠦᠢᠯᠡᠳᠪᠦᠷᠢ ᠶᠢᠨ ᠭᠠᠵᠠᠷ ᠤᠨ ᠵᠢᠷᠤᠭᠠᠴᠢ ᠰᠦᠬᠡᠪᠠᠭᠠᠲᠤᠷ ᠤᠨ ᠴᠢᠩᠰᠠᠨᠠᠭ᠎ᠠ ᠨᠠᠷ ᠢ ᠱᠠᠩᠨᠠᠯ᠎ᠠ᠃

ᠮᠣᠩ᠋ᠭᠤᠯ ᠤᠯᠤᠰ ᠤᠨ ᠶᠡᠷᠦᠩᠬᠡᠶᠢᠯᠡᠭᠴᠢ ᠤ·ᠬᠦᠷᠡᠯᠰᠦ᠋ᠬᠡ ᠲᠥᠷᠦ ᠶᠢᠨ ᠳᠡᠭᠡᠳᠦ ᠴᠣᠯᠠ᠂ ᠣᠳᠣᠨ᠂ ᠮᠧᠳᠠᠯᠢ ᠬᠦᠷᠲᠡᠭᠰᠡᠨ ᠡᠷᠬᠢᠮ ᠦᠳ ᠲᠥ ᠪᠣᠯᠤᠨ ᠭᠡᠷ ᠪᠦᠯᠦ᠂ ᠬᠠᠮᠲᠤ ᠣᠯᠠᠨ ᠳᠤ ᠨᠢ ᠪᠠᠶᠠᠷ ᠬᠦᠷᠭᠡᠵᠦ᠂ ᠰᠠᠶᠢᠨ ᠰᠠᠶᠢᠬᠠᠨ ᠪᠦᠬᠦᠨ ᠢ ᠬᠦᠰᠡᠨ ᠢᠷᠦᠭᠡᠯ᠎ᠡ᠃