ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠨ᠂ ᠡᠵᠡᠨ ᠪᠣᠭᠳᠠ ᠴᠢᠩᠬᠢᠰ ᠬᠠᠭᠠᠨ ᠤ ᠮᠡᠨᠳᠦᠯᠡᠭᠰᠡᠨ ᠦ ᠘᠖᠓ ᠵᠢᠯ ᠦᠨ ᠣᠢ᠂ «ᠮᠣᠩ᠋ᠭᠤᠯ ᠪᠠᠬᠠᠷᠬᠠᠯ ᠤᠨ ᠡᠳᠦᠷ» ᠊ᠢ ᠲᠣᠬᠢᠶᠠᠯᠳᠤᠭᠤᠯᠤᠨ ᠠᠻᠠᠳᠧᠮᠢᠴᠢ ᠰᠣᠳᠪᠠᠰᠦ᠋ᠷᠦᠩ ᠦᠨ ᠨᠠᠷᠠᠨᠭᠡᠷᠡᠯ ᠳᠥ ᠲᠥᠷᠦ ᠢᠢᠨ ᠳᠡᠭᠡᠳᠦ ᠱᠠᠩᠨᠠᠯ᠂ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠣᠨ ᠬᠦᠷᠲᠡᠭᠡᠯ᠎ᠡ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠠᠻᠠᠳᠧᠮᠢᠴᠢ ᠰᠣ᠊·ᠨᠠᠷᠠᠨᠭᠡᠷᠡᠯ ᠳᠥ ᠲᠥᠷᠦ᠂ ᠵᠠᠰᠠᠭ᠂ ᠠᠷᠠᠳ ᠲᠦᠮᠡᠨ ᠦ ᠨᠡᠷ᠎ᠡ ᠢᠢᠨ ᠡᠮᠦᠨ᠎ᠡ ᠡᠴᠡ ᠪᠠᠶᠠᠷ ᠬᠦᠷᠭᠡᠵᠦ᠂ ᠠᠮᠵᠢᠯᠲᠠ ᠬᠦᠰᠡᠨ ᠢᠷᠦᠭᠡᠯ᠎ᠡ᠃
ᠲᠡᠷᠡ ᠪᠡᠷ᠂ ᠠᠷᠠᠳᠴᠢᠯᠠᠭᠰᠠᠨ ᠦᠨᠳᠦᠰᠦᠨ ᠬᠠᠤᠯᠢ ᠢᠢ ᠬᠡᠷᠡᠭᠵᠢᠭᠦᠯᠬᠦ ᠡᠬᠢ ᠦᠨᠳᠦᠰᠦ ᠪᠣᠯᠤᠭᠰᠠᠨ ᠬᠠᠤᠯᠢ ᠲᠣᠭᠲᠠᠭᠠᠮᠵᠢ ᠢᠢ ᠰᠢᠨᠡᠴᠢᠯᠠᠨ ᠪᠠᠲᠤᠯᠠᠬᠤ᠂ ᠬᠠᠤᠯᠢ ᠵᠦᠢ ᠢᠢᠨ ᠪᠣᠯᠪᠠᠰᠤᠷᠠᠯ ᠲᠠᠢ ᠮᠡᠷᠭᠡᠵᠢᠯᠲᠡᠨ ᠪᠡᠯᠡᠳᠬᠡᠬᠦ᠂ ᠦᠨᠳᠦᠰᠦᠨ ᠦ ᠡᠷᠬᠡ ᠵᠦᠢ ᠢᠢᠨ ᠲᠣᠭᠲᠠᠯᠴᠠᠭ᠎ᠠ᠂ ᠬᠠᠤᠯᠢ ᠵᠦᠢ ᠢᠢᠨ ᠰᠢᠨᠵᠢᠯᠡᠬᠦ ᠤᠬᠠᠭᠠᠨ ᠢ ᠬᠥᠭ᠍ᠵᠢᠭᠦᠯᠬᠦ ᠳᠥ ᠣᠷᠤᠭᠤᠯᠤᠭᠰᠠᠨ ᠬᠤᠪᠢ ᠨᠡᠮᠡᠷᠢ᠂ ᠡᠵᠡᠨ ᠪᠣᠭᠳᠠ ᠴᠢᠩᠬᠢᠰ ᠬᠠᠭᠠᠨ ᠤ ᠳᠡᠯᠡᠬᠡᠶ ᠳ᠋ᠠᠬᠢᠨ ᠳᠤ ᠰᠢᠳᠤᠷᠭᠤ ᠶᠣᠰᠤ᠂ ᠡᠩᠬᠡ ᠢᠢ ᠲᠣᠭᠲᠠᠭᠠᠭᠰᠠᠨ ᠶᠡᠬᠡ ᠦᠢᠯᠡ ᠬᠡᠷᠡᠭ᠂ ᠭᠠᠷᠮᠠᠭᠠᠶ ᠭᠠᠪᠢᠶ᠎ᠠ ᠢᠢ ᠰᠤᠷᠪᠤᠯᠵᠢᠯᠠᠨ ᠰᠤᠳᠤᠯᠬᠤ ᠳᠤ ᠬᠥᠳᠡᠯᠮᠦᠷᠢ ᠵᠢᠳᠬᠦᠯ ᠢᠶᠡᠨ ᠵᠣᠷᠢᠭᠤᠯᠵᠤ᠂ ᠡᠬᠡ ᠣᠷᠤᠨᠴᠢ ᠦᠨᠳᠦᠰᠦᠨ ᠦ ᠦᠵᠡᠯ ᠢ ᠲᠥᠯᠦᠪᠰᠢᠭᠦᠯᠬᠦ ᠣᠯᠠᠨ ᠠᠷᠪᠠᠨ ᠪᠦᠲᠦᠭᠡᠯ ᠲᠤᠭᠤᠷᠪᠢᠨ᠂ ᠰᠢᠨᠵᠢᠯᠡᠬᠦ ᠤᠬᠠᠭᠠᠨ ᠤ ᠪᠣᠯᠤᠨ ᠰᠤᠷᠭᠠᠯᠲᠠ᠂ ᠰᠤᠳᠤᠯᠭᠠᠨ ᠤ ᠡᠷᠭᠢᠯᠲᠡ ᠳᠥ ᠣᠷᠤᠭᠤᠯᠤᠭᠰᠠᠨ ᠢ ᠦᠨᠡᠯᠡᠨ ᠠᠻᠠᠳᠧᠮᠢᠴᠢ ᠰᠣ᠊·ᠨᠠᠷᠠᠨᠭᠡᠷᠡᠯ ᠳᠥ ᠲᠥᠷᠦ ᠢᠢᠨ ᠳᠡᠭᠡᠳᠦ ᠱᠠᠩᠨᠠᠯ᠂ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠣᠨ ᠬᠦᠷᠲᠡᠭᠡᠨ ᠠᠯᠳᠠᠷᠰᠢᠭᠤᠯᠵᠤ ᠪᠠᠢᠢᠭ᠎ᠠ ᠢᠢ ᠣᠨᠴᠠᠯᠠᠯ᠎ᠠ᠃
«ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠤᠨᠲᠤ᠂ ᠠᠻᠠᠳᠧᠮᠢᠴᠢ ᠰᠣ᠊·ᠨᠠᠷᠠᠨᠭᠡᠷᠡᠯ ᠦᠨ ᠡᠷᠳᠡᠮ ᠰᠤᠳᠤᠯᠤᠯ ᠤᠨ ᠦᠢᠯᠡᠰ ᠲᠥ ᠠᠮᠵᠢᠯᠲᠠ ᠪᠦᠲᠦᠭᠡᠯ ᠦᠨ ᠳᠡᠭᠡᠳᠦ᠂ ᠭᠡᠷ ᠪᠦᠯᠦ ᠳᠥ ᠨᠢ ᠠᠵᠠ ᠵᠢᠷᠭᠠᠯ᠂ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠯ᠎ᠡ᠃
ᠶᠡᠬᠡ ᠬᠠᠭᠠᠨ ᠤ ᠦᠷ᠎ᠡ ᠰᠠᠳᠤ ᠪᠣᠯᠤᠭᠰᠠᠨ ᠠᠷᠠᠳ ᠢᠷᠭᠡᠳ ᠲᠥ ᠳᠡᠯᠡᠬᠡᠶ ᠢᠢᠨ ᠮᠢᠩ᠋ᠭᠠᠨ ᠤ ᠰᠤᠤᠲᠤ ᠬᠦᠮᠦᠨ᠂ ᠥᠨᠦ ᠢᠢᠨ ᠳᠡᠯᠡᠬᠡᠶ ᠶᠢᠷᠲᠢᠨᠴᠦ ᠢᠢ ᠦᠨᠳᠦᠰᠦᠯᠡᠭᠴᠢᠳ ᠦᠨ ᠨᠢᠭᠡ᠂ ᠬᠠᠭᠠᠳ ᠤᠨ ᠬᠠᠭᠠᠨ ᠡᠵᠡᠨ ᠪᠣᠭᠳᠠ ᠴᠢᠩᠬᠢᠰ ᠬᠠᠭᠠᠨ ᠤ ᠮᠡᠨᠳᠦᠯᠡᠭᠰᠡᠨ ᠦ ᠘᠖᠓ ᠵᠢᠯ ᠦᠨ ᠣᠢ᠂ «ᠮᠣᠩ᠋ᠭᠤᠯ ᠪᠠᠬᠠᠷᠬᠠᠯ ᠤᠨ ᠡᠳᠦᠷ» ᠤᠨ ᠮᠡᠨᠳᠦ ᠢᠢ ᠳᠡᠪᠰᠢᠭᠦᠯᠦᠯ᠎ᠡ᠃
«ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠤᠨᠲᠤ᠂ ᠠᠻᠠᠳᠧᠮᠢᠴᠢ ᠰᠣ᠊·ᠨᠠᠷᠠᠨᠭᠡᠷᠡᠯ ᠨᠢ ᠲᠥᠷᠦ ᠢᠢᠨ ᠱᠠᠩᠨᠠᠯᠲᠤ᠂ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ᠂ ᠬᠠᠤᠯᠢ ᠵᠦᠢ ᠢᠢᠨ ᠰᠢᠨᠵᠢᠯᠡᠬᠦ ᠤᠬᠠᠭᠠᠨ ᠤ ᠳ᠋ᠣᠻᠲ᠋ᠤᠷ᠂ ᠫᠷᠣᠹᠧᠰᠰᠤᠷ᠂ ᠮᠣᠩ᠋ᠭᠤᠯ ᠤᠯᠤᠰ ᠤᠨ ᠶᠡᠬᠡ ᠰᠤᠷᠭᠠᠭᠤᠯᠢ ᠤᠨ ᠡᠮᠧᠷᠢᠲ᠋ ᠫᠷᠣᠹᠧᠰᠰᠤᠷ᠂ ᠶᠠᠫᠣᠨ ᠤᠯᠤᠰ ᠤᠨ ᠨᠠᠭᠣᠶᠠ ᠢᠢᠨ ᠶᠡᠬᠡ ᠰᠤᠷᠭᠠᠭᠤᠯᠢ ᠢᠢᠨ ᠬᠦᠨᠳᠦᠲᠦ ᠳ᠋ᠣᠻᠲ᠋ᠤᠷ᠂ ᠰᠢᠨᠵᠢᠯᠡᠬᠦ ᠤᠬᠠᠭᠠᠨ ᠤ ᠠᠻᠠᠳᠧᠮᠢ ᠢᠢᠨ ᠵᠢᠩᠬᠢᠨᠢ ᠭᠡᠰᠢᠭᠦᠨ᠃
ᠤᠳᠤᠮ ᠳᠠᠮᠵᠢᠭᠰᠠᠨ ᠡᠷᠳᠡᠮᠲᠡᠨ᠂ ᠪᠠᠭᠰᠢ᠂ ᠰᠤᠷᠭᠠᠨ ᠬᠦᠮᠦᠵᠢᠭᠦᠯᠦᠭᠴᠢ᠂ ᠰᠣᠶᠣᠨ ᠭᠡᠭᠡᠷᠡᠭᠦᠯᠦᠭᠴᠢ᠂ ᠨᠡᠷᠡᠲᠦ ᠬᠠᠤᠯᠢᠴᠢ᠂ ᠥᠮᠦᠭᠡᠯᠡᠭᠴᠢ᠂ ᠬᠠᠤᠯᠢ ᠲᠣᠭᠲᠠᠭᠠᠭᠴᠢ᠂ ᠲᠥᠷᠦ᠂ ᠨᠡᠢᠢᠭᠡᠮ ᠦᠨ ᠵᠢᠳᠬᠦᠯᠲᠡᠨ ᠶᠤᠮ᠃
ᠲᠡᠷᠡ ᠪᠡᠷ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠬᠠᠤᠯᠢ ᠵᠦᠢ ᠢᠢᠨ ᠰᠤᠷᠭᠠᠭᠤᠯᠢ ᠳᠤ ᠕᠐ ᠭᠠᠷᠤᠶ ᠵᠢᠯ ᠪᠠᠭᠰᠢᠯᠠᠬᠤ ᠳᠤ ᠪᠠᠨ ᠬᠠᠤᠯᠢ ᠵᠦᠢ ᠢᠢᠨ ᠰᠠᠯᠪᠤᠷᠢ ᠢᠢᠨ ᠳᠣᠲᠤᠭᠠᠳᠤ᠂ ᠭᠠᠳᠠᠭᠠᠳᠤ ᠢᠢᠨ ᠓᠐ ᠭᠠᠷᠤᠶ ᠡᠷᠳᠡᠮᠲᠡᠨ᠂ ᠣᠯᠠᠨ ᠮᠢᠩ᠋ᠭᠠᠨ ᠬᠠᠤᠯᠢᠴᠢ ᠪᠡᠯᠡᠳᠬᠡᠵᠡᠶ᠃
ᠠᠻᠠᠳᠧᠮᠢᠴᠢ ᠰᠣ᠊·ᠨᠠᠷᠠᠨᠭᠡᠷᠡᠯ ᠨᠢ ᠤᠯᠠᠭᠠᠨᠪᠠᠭᠠᠲᠤᠷ ᠬᠣᠲᠠ ᠢᠢᠨ ᠶᠡᠷᠦᠩᠬᠡᠶ ᠫᠷᠣᠻᠦ᠋ᠷᠤᠷ ᠤᠨ ᠑ ᠊ᠳ᠋ᠦᠭᠡᠷ ᠣᠷᠤᠯᠠᠭᠴᠢ᠂ ᠤᠯᠤᠰ ᠤᠨ ᠶᠡᠷᠦᠩᠬᠡᠶ ᠫᠷᠣᠻᠦ᠋ᠷᠤᠷ ᠤᠨ ᠭᠠᠵᠠᠷ ᠲᠤ ᠬᠡᠯᠲᠡᠰ ᠦᠨ ᠳᠠᠷᠤᠭ᠎ᠠ᠂ ᠰᠠᠢᠢᠳ ᠨᠠᠷ ᠤᠨ ᠵᠥᠪᠯᠡᠯ ᠦᠨ ᠳᠡᠷᠭᠡᠳᠡᠬᠢ ᠲᠥᠷᠦ ᠢᠢᠨ ᠪᠣᠳᠤᠯᠭ᠎ᠠ ᠰᠤᠳᠤᠯᠬᠤ ᠲᠥᠪ ᠦᠨ ᠡᠷᠳᠡᠮ ᠰᠢᠨᠵᠢᠯᠡᠭᠡᠨ ᠦ ᠠᠵᠢᠯᠲᠠᠨ᠂ ᠤᠯᠤᠰ ᠤᠨ ᠪᠠᠭ᠎ᠠ ᠬᠤᠷᠠᠯ ᠤᠨ ᠳᠡᠷᠭᠡᠳᠡᠬᠢ ᠲᠥᠷᠦ᠂ ᠨᠡᠢᠢᠭᠡᠮ ᠰᠤᠳᠤᠯᠤᠯ ᠤᠨ ᠠᠻᠠᠳᠧᠮᠢ ᠢᠢᠨ ᠳᠡᠳ᠋ ᠵᠠᠬᠢᠷᠤᠯ᠂ ᠤᠯᠤᠰ ᠤᠨ ᠶᠡᠬᠡ ᠬᠤᠷᠠᠯ ᠤᠨ ᠭᠡᠰᠢᠭᠦᠨ᠂ ᠮᠣᠩ᠋ᠭᠤᠯ ᠤᠨ ᠥᠮᠦᠭᠡᠯᠡᠭᠴᠢᠳ ᠦᠨ ᠬᠣᠯᠪᠤᠭᠠᠨ ᠤ ᠶᠡᠷᠦᠩᠬᠡᠢᠢᠯᠡᠭᠴᠢ᠂ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠬᠠᠤᠯᠢ ᠵᠦᠢ ᠢᠢᠨ ᠰᠤᠷᠭᠠᠭᠤᠯᠢ ᠢᠢᠨ ᠵᠠᠬᠢᠷᠤᠯ ᠢᠶᠠᠷ ᠠᠵᠢᠯᠯᠠᠵᠤ ᠪᠠᠢᠢᠭᠰᠠᠨ᠃
ᠶᠡᠷᠦᠩᠬᠡᠢᠢᠯᠡᠭᠴᠢ ᠤ·ᠬᠦᠷᠡᠯᠰᠦ᠋ᠬᠡ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠣᠨ ᠭᠠᠷᠳᠠᠭᠤᠯᠤᠭᠰᠠᠨ ᠤ ᠳᠠᠷᠠᠭ᠎ᠠ ᠬᠡᠯᠡᠭᠰᠡᠨ ᠦᠭᠡ ᠢᠢ ᠬᠦᠷᠭᠡᠵᠦ ᠪᠠᠢᠢᠨ᠎ᠠ᠃

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ:
ᠶᠡᠬᠡ ᠮᠣᠩ᠋ᠭᠤᠯ ᠤᠯᠤᠰ ᠤᠨ ᠭᠠᠯ ᠭᠣᠯᠤᠮᠲᠠ ᠢᠢ ᠰᠠᠬᠢᠨ ᠰᠠᠭᠤᠭ᠎ᠠ ᠮᠠᠨ ᠤ ᠤᠯᠤᠰ ᠤᠨ ᠠᠷᠠᠳ ᠢᠷᠭᠡᠳ ᠡ᠂
ᠳᠡᠯᠡᠬᠡᠶ ᠳᠠᠶᠠᠭᠠᠷ ᠲᠠᠷᠬᠠᠨ ᠰᠠᠭᠤᠭ᠎ᠠ ᠡᠯᠢᠭᠡ ᠨᠢᠭᠡᠲᠦ ᠮᠣᠩ᠋ᠭᠤᠯ ᠠᠬᠠᠨ ᠳᠡᠭᠦᠰ ᠡ᠂
ᠡᠷᠬᠢᠮ ᠬᠦᠨᠳᠦᠲᠦ ᠵᠣᠴᠢᠳ᠂ ᠲᠥᠯᠦᠭᠡᠯᠡᠭᠴᠢᠳ ᠡ᠂
ᠲᠠ ᠪᠦᠬᠦᠨ ᠳᠥ ᠳᠡᠯᠡᠬᠡᠶ ᠢᠢᠨ ᠮᠢᠩ᠋ᠭᠠᠨ ᠤ ᠰᠤᠤᠲᠤ ᠬᠦᠮᠦᠨ᠂ ᠥᠨᠦ ᠢᠢᠨ ᠳᠡᠯᠡᠬᠡᠶ ᠶᠢᠷᠲᠢᠨᠴᠦ ᠢᠢ ᠦᠨᠳᠦᠰᠦᠯᠡᠭᠴᠢᠳ ᠦᠨ ᠨᠢᠭᠡ᠂ ᠮᠣᠩ᠋ᠭᠤᠯ ᠲᠦᠮᠡᠨ ᠦ ᠥᠨᠢ ᠮᠥᠩᠬᠡ ᠢᠢᠨ ᠪᠠᠬᠠᠷᠬᠠᠯ ᠶᠡᠬᠡ ᠡᠵᠡᠨ ᠴᠢᠩᠬᠢᠰ ᠬᠠᠭᠠᠨ ᠤ ᠮᠡᠨᠳᠦᠯᠡᠭᠰᠡᠨ ᠦ ᠘᠖᠓ ᠵᠢᠯ ᠦᠨ ᠣᠢ᠂ «ᠮᠣᠩ᠋ᠭᠤᠯ ᠪᠠᠬᠠᠷᠬᠠᠯ ᠤᠨ ᠡᠳᠦᠷ» ᠤᠨ ᠮᠡᠨᠳᠦ ᠢᠢ ᠡᠷᠭᠦᠨ ᠳᠡᠪᠰᠢᠭᠦᠯᠦᠶ ᠡ᠃
ᠮᠣᠩ᠋ᠭᠤᠯᠴᠤᠳ ᠪᠢᠳᠡ ᠶᠡᠬᠡ ᠬᠤᠪᠢ ᠵᠠᠶᠠᠭ᠎ᠠ ᠲᠠᠢ ᠠᠷᠠᠳ ᠲᠦᠮᠡᠨ᠃ ᠮᠥᠩᠬᠡ ᠬᠥᠬᠡ ᠲᠩᠷᠢ ᠮᠣᠩ᠋ᠭᠤᠯᠴᠤᠳ ᠪᠢᠳᠡᠨ ᠳᠥ ᠠᠤᠭ᠎ᠠ ᠶᠡᠬᠡ ᠰᠤᠤ ᠪᠢᠯᠢᠭᠲᠦ ᠬᠠᠭᠠᠳ ᠤᠨ ᠬᠠᠭᠠᠨ ᠡᠵᠡᠨ ᠪᠣᠭᠳᠠ ᠴᠢᠩᠬᠢᠰ ᠬᠠᠭᠠᠨ ᠢ ᠵᠠᠶᠠᠭᠠᠭᠰᠠᠨ ᠪᠢᠯᠡ᠃
ᠶᠡᠬᠡ ᠡᠵᠡᠨ ᠴᠢᠩᠬᠢᠰ ᠬᠠᠭᠠᠨ ᠪᠣᠯ ᠮᠣᠩ᠋ᠭᠤᠯ ᠦᠨᠳᠦᠰᠦᠲᠡᠨ ᠦ ᠲᠤᠰᠠᠭᠠᠷ ᠲᠣᠭᠲᠠᠨᠢᠯ᠂ ᠣᠷᠤᠰᠢᠨ ᠲᠣᠭᠲᠠᠨᠢᠬᠤᠶ ᠢᠢᠨ ᠪᠠᠲᠤᠯᠠᠭ᠎ᠠ᠂ ᠮᠠᠨ ᠤ ᠠᠷᠠᠳ ᠲᠦᠮᠡᠨ ᠦ ᠦᠨᠡᠲᠦ ᠵᠦᠢᠯ᠂ ᠣᠶᠤᠨ ᠰᠠᠨᠠᠭᠠᠨ ᠤ ᠡᠬᠢ ᠤᠨᠳᠤᠷᠭ᠎ᠠ ᠪᠣᠯᠤᠭᠰᠠᠨ ᠥᠨᠢ ᠮᠥᠩᠬᠡ ᠢᠢᠨ ᠶᠡᠬᠡ ᠡᠵᠡᠨ ᠬᠠᠭᠠᠨ᠂ ᠮᠣᠩ᠋ᠭᠤᠯᠴᠤᠳ ᠤᠨ ᠡᠷᠲᠡ᠂ ᠡᠳᠦᠭᠡ᠂ ᠢᠷᠡᠭᠡᠳᠦᠶ ᠭᠤᠷᠪᠠᠨ ᠴᠠᠭ ᠤᠨ ᠣᠶᠤᠨ ᠰᠠᠨᠠᠭᠠᠨ ᠤ ᠠᠯᠲᠠᠨ ᠬᠡᠯᠬᠢᠶ᠎ᠡ ᠶᠤᠮ᠃
ᠡᠵᠡᠨ ᠪᠣᠭᠳᠠ ᠴᠢᠩᠬᠢᠰ ᠬᠠᠭᠠᠨ ᠮᠣᠩ᠋ᠭᠤᠯ ᠣᠪᠤᠭ ᠠᠢᠢᠮᠠᠭ ᠤᠳ ᠢ ᠨᠢᠭᠡᠳᠬᠡᠨ ᠶᠡᠬᠡ ᠮᠣᠩ᠋ᠭᠤᠯ ᠤᠯᠤᠰ ᠢᠶᠠᠨ ᠪᠠᠢᠢᠭᠤᠯᠵᠤ᠂ ᠾᠦᠩᠨᠦ ᠭᠦᠷᠦᠨ ᠡᠴᠡ ᠤᠯᠪᠠᠭ᠎ᠠ ᠲᠠᠢ ᠲᠥᠷᠦᠲᠦ ᠶᠣᠰᠤᠨ ᠤ ᠠᠯᠲᠠᠨ ᠠᠷᠭᠠᠮᠵᠢ ᠢᠢ ᠪᠠᠲᠤᠳᠬᠠᠨ ᠪᠡᠬᠢᠵᠢᠭᠦᠯᠵᠦ᠂ ᠮᠣᠩ᠋ᠭᠤᠯ ᠲᠥᠷᠦ ᠢᠢᠨ ᠭᠠᠯ ᠭᠣᠯᠤᠮᠲᠠ ᠢᠢ ᠰᠡᠷᠭᠦᠭᠡᠨ ᠪᠠᠳᠠᠷᠠᠭᠠᠵᠤ᠂ ᠶᠢᠷᠲᠢᠨᠴᠦ ᠳ᠋ᠠᠬᠢᠨ ᠳᠤ ᠳᠠᠭᠤᠷᠢᠰᠠᠭᠳᠠᠨ ᠡᠷᠭᠦᠮᠵᠢᠯᠭᠡᠳᠦᠭᠰᠡᠨ ᠪᠢᠯᠡ᠃

ᠴᠢᠩᠬᠢᠰ ᠬᠠᠭᠠᠨ ᠪᠣᠯᠤᠨ ᠲᠡᠭᠦᠨ ᠦ ᠵᠠᠯᠭᠠᠮᠵᠢᠯᠠᠭᠴᠢᠳ ᠡᠪ ᠨᠢᠭᠡᠳᠦᠯ ᠢᠶᠡᠨ ᠪᠡᠬᠢᠵᠢᠭᠦᠯᠦᠨ ᠲᠥᠷᠦ ᠤᠯᠤᠰ ᠢᠶᠠᠨ ᠮᠠᠨᠳᠤᠭᠤᠯᠵᠤ᠂ ᠬᠠᠤᠯᠢ ᠴᠠᠭᠠᠵᠠ ᠢᠢᠨ ᠳᠣᠣᠷ᠎ᠠ ᠲᠦᠮᠡᠨ ᠣᠯᠠᠨ ᠢ ᠲᠥᠪᠰᠢᠳᠬᠡᠨ ᠵᠠᠬᠢᠷᠴᠤ᠂ ᠧᠦ᠋ᠷᠠᠽᠢ ᠢᠢᠨ ᠡᠷᠭᠦᠨ ᠠᠭᠤᠳᠠᠮ ᠨᠤᠲᠤᠭ ᠲᠤ ᠣᠯᠠᠨ ᠦᠨᠳᠦᠰᠦᠲᠡᠨ ᠬᠣᠭᠤᠷᠤᠨᠳᠤ ᠢᠢᠨ ᠳᠠᠢᠢᠨ ᠲᠤᠯᠤᠭᠠᠨ᠂ ᠵᠥᠷᠢᠴᠡᠯ ᠲᠡᠮᠡᠴᠡᠯᠳᠦᠭᠡᠨ ᠢ ᠵᠣᠭᠰᠤᠭᠠᠵᠤ «ᠮᠣᠩ᠋ᠭᠤᠯ ᠤᠨ ᠶᠡᠬᠡ ᠠᠮᠤᠷ ᠠᠮᠤᠭᠤᠯᠠᠩ» ᠊ᠢ ᠲᠣᠭᠲᠠᠭᠠᠨ᠂ ᠣᠶᠤᠨ ᠰᠠᠨᠠᠭ᠎ᠠ᠂ ᠱᠠᠰᠢᠨ ᠰᠢᠲᠦᠯᠭᠡ᠂ ᠬᠤᠳᠠᠯᠳᠤᠭ᠎ᠠ ᠠᠷᠠᠯᠵᠢᠶ᠎ᠠ᠂ ᠰᠣᠶᠤᠯ ᠤᠷᠠᠯᠢᠭ᠂ ᠰᠢᠨᠵᠢᠯᠡᠬᠦ ᠤᠬᠠᠭᠠᠨ ᠬᠢᠭᠡᠳ ᠲᠤᠬᠠᠶ ᠢᠢᠨ ᠦᠶ᠎ᠡ ᠢᠢᠨ ᠬᠦᠮᠦᠨ ᠦ ᠨᠡᠢᠢᠭᠡᠮ ᠬᠥᠭ᠍ᠵᠢᠨ ᠳᠡᠪᠵᠢᠬᠦ ᠲᠠᠭ᠎ᠠ ᠲᠠᠢ ᠨᠥᠬᠦᠴᠡᠯ ᠢ ᠪᠦᠷᠢᠳᠦᠭᠦᠯᠦᠭᠰᠡᠨ ᠶᠡᠬᠡ ᠲᠡᠦᠬᠡ ᠢᠢ ᠪᠦᠲᠦᠭᠡᠵᠦ ᠴᠢᠳᠠᠭᠰᠠᠨ ᠪᠢᠯᠡ᠃
ᠶᠡᠬᠡ ᠡᠵᠡᠨ ᠴᠢᠩᠬᠢᠰ ᠬᠠᠭᠠᠨ ᠨᠢᠭᠡᠨ ᠬᠦᠮᠦᠨ ᠦ ᠠᠮᠢᠳᠤᠷᠠᠯ ᠳᠤ ᠬᠢᠵᠦ ᠦᠯᠦ ᠪᠠᠷᠠᠮ᠎ᠠ᠂ ᠮᠢᠩ᠋ᠭ᠎ᠠ ᠮᠢᠩ᠋ᠭᠠᠨ ᠤᠳᠤᠷᠢᠳᠤᠭᠴᠢ ᠢᠢᠨ ᠬᠢᠵᠦ ᠪᠦᠲᠦᠭᠡᠭ᠍ᠰᠡᠨ ᠡᠴᠡ ᠢᠯᠡᠭᠦᠦ ᠶᠡᠬᠡ ᠲᠡᠦᠬᠡ ᠪᠦᠲᠦᠭᠡᠵᠦ᠂ ᠡᠩᠨᠡᠰᠢ ᠦᠭᠡᠢ ᠰᠤᠤ ᠠᠯᠳᠠᠷ ᠢᠶᠠᠨ ᠳᠡᠯᠡᠬᠡᠶ ᠶᠢᠷᠲᠢᠨᠴᠦ ᠳᠥ ᠳᠠᠭᠤᠷᠢᠰᠬᠠᠵᠤ᠂ ᠰᠤᠳᠤᠯᠤᠨ ᠰᠢᠨᠵᠢᠯᠡᠵᠦ ᠦᠯᠦ ᠳᠠᠭᠤᠰᠬᠤ ᠠᠷᠪᠢᠨ ᠶᠡᠬᠡ ᠥᠪ ᠢ ᠬᠦᠮᠦᠨ ᠲᠥᠷᠦᠯᠬᠢᠲᠡᠨ ᠳᠥ ᠦᠯᠡᠳᠡᠭᠡᠭ᠍ᠰᠡᠨ ᠲᠡᠦᠬᠡ ᠲᠡᠢ᠃
ᠴᠢᠩᠬᠢᠰ ᠬᠠᠭᠠᠨ ᠤ ᠲᠡᠦᠬᠡ ᠪᠣᠯ ᠳᠠᠩ ᠭᠠᠭᠴᠠ ᠮᠣᠩ᠋ᠭᠤᠯᠴᠤᠳ ᠪᠢᠳᠡᠨ ᠦ ᠲᠡᠦᠬᠡ ᠪᠢᠰᠢ᠂ ᠳᠡᠯᠡᠬᠡᠶ ᠶᠢᠷᠲᠢᠨᠴᠦ ᠢᠢᠨ ᠲᠡᠦᠬᠡ ᠶᠤᠮ᠃
ᠳᠠᠯᠠᠢ ᠶᠡᠬᠡ ᠬᠠᠭᠠᠨ ᠤ ᠰᠤᠤ ᠪᠢᠯᠢᠭ᠌᠂ ᠡᠦᠬᠡ ᠲᠡᠦᠬᠡ᠂ ᠦᠵᠡᠯ ᠰᠠᠨᠠᠭ᠎ᠠ᠂ ᠦᠢᠯᠡ ᠬᠡᠷᠡᠭ ᠡᠴᠡ ᠬᠦᠮᠦᠨ ᠲᠥᠷᠦᠯᠬᠢᠲᠡᠨ᠂ ᠳᠡᠯᠡᠬᠡᠶ ᠢᠢᠨ ᠤᠯᠤᠰ ᠣᠷᠤᠨ ᠨᠤᠭᠤᠳ ᠤᠨ ᠤᠳᠤᠷᠢᠳᠤᠭᠴᠢ ᠨᠠᠷ ᠰᠤᠳᠤᠯᠤᠨ ᠰᠤᠷᠤᠯᠴᠠᠵᠤ ᠢᠷᠡᠭᠰᠡᠨ ᠪᠥᠭᠡᠳ ᠶᠡᠬᠡ ᠡᠵᠡᠨ ᠴᠢᠩᠬᠢᠰ ᠬᠠᠭᠠᠨ ᠤ ᠪᠠᠨ ᠰᠤᠤ ᠠᠯᠳᠠᠷ᠂ ᠪᠢᠯᠢᠭ᠌ ᠰᠤᠷᠭᠠᠯ ᠢ ᠡᠷᠬᠢᠮᠯᠡᠨ ᠳᠡᠭᠡᠳᠦᠯᠡᠵᠦ᠂ ᠳᠠᠭᠠᠨ ᠮᠥᠷᠳᠡᠵᠦ᠂ ᠲᠥᠷᠦᠲᠦ ᠶᠣᠰᠤᠨ ᠤ ᠦᠨᠡᠲᠦ ᠵᠦᠢᠯ᠂ ᠥᠪ ᠰᠣᠶᠤᠯ ᠢ ᠦᠷ᠎ᠡ ᠬᠣᠢᠢᠴᠢᠳ ᠢᠶᠠᠨ ᠥᠪᠯᠡᠭᠦᠯᠦᠨ ᠦᠯᠡᠳᠡᠭᠡᠵᠦ᠂ ᠡᠪ ᠡᠶ᠎ᠡ ᠪᠡᠨ ᠰᠠᠬᠢᠨ ᠪᠠᠲᠤᠳᠬᠠᠵᠤ᠂ ᠤᠯᠤᠰ ᠣᠷᠤᠨ ᠢᠶᠠᠨ ᠮᠠᠨᠳᠤᠭᠤᠯᠬᠤ ᠳᠤ ᠬᠤᠪᠢ ᠨᠡᠮᠡᠷᠢ ᠪᠡᠨ ᠣᠷᠤᠭᠤᠯᠵᠤ᠂ ᠲᠥᠷᠦ ᠤᠯᠤᠰ ᠤᠨ ᠢᠶᠠᠨ ᠲᠥᠯᠦᠭᠡ ᠬᠦᠴᠦᠨ ᠵᠢᠳᠬᠦᠬᠦ ᠨᠢ ᠥᠨᠦ ᠢᠢᠨ ᠮᠣᠩ᠋ᠭᠤᠯᠴᠤᠳ ᠪᠢᠳᠡᠨ ᠦ ᠡᠷᠬᠢᠮ ᠡᠭᠦᠷᠭᠡ ᠪᠠᠢᠢᠬᠤ ᠤᠴᠢᠷ ᠲᠠᠢ᠃
ᠲᠡᠢᠢᠮᠦ ᠡᠴᠡ ᠶᠡᠬᠡ ᠡᠵᠡᠨ ᠴᠢᠩᠬᠢᠰ ᠬᠠᠭᠠᠨ ᠤ ᠮᠡᠨᠳᠦᠯᠡᠭᠰᠡᠨ ᠡᠨᠡ ᠬᠦ «ᠮᠣᠩ᠋ᠭᠤᠯ ᠪᠠᠬᠠᠷᠬᠠᠯ ᠤᠨ ᠡᠳᠦᠷ» ᠮᠣᠩ᠋ᠭᠤᠯ ᠲᠦᠮᠡᠨ ᠦ ᠲᠥᠷᠦᠲᠦ ᠶᠣᠰᠤ᠂ ᠲᠡᠦᠬᠡ᠂ ᠰᠣᠶᠤᠯ᠂ ᠥᠪ ᠤᠯᠠᠮᠵᠢᠯᠠᠯ ᠢ ᠰᠤᠳᠤᠯᠤᠨ ᠰᠢᠨᠵᠢᠯᠡᠵᠦ᠂ ᠬᠠᠳᠠᠭᠠᠯᠠᠨ ᠬᠠᠮᠠᠭᠠᠯᠠᠵᠤ᠂ ᠳᠡᠯᠡᠬᠡᠶ ᠳ᠋ᠠᠬᠢᠨ ᠳᠤ ᠰᠤᠷᠲᠠᠯᠴᠢᠯᠠᠨ ᠲᠠᠨᠢᠭᠤᠯᠬᠤ ᠶᠡᠬᠡ ᠦᠢᠯᠡ ᠬᠡᠷᠡᠭ ᠲᠥ ᠦᠨ᠎ᠡ ᠲᠡᠢ ᠬᠤᠪᠢ ᠨᠡᠮᠡᠷᠢ ᠣᠷᠤᠭᠤᠯᠵᠤ᠂ ᠣᠨᠴᠤᠭᠤᠶ ᠭᠠᠪᠢᠶ᠎ᠠ ᠪᠠᠢᠢᠭᠤᠯᠤᠭᠰᠠᠨ ᠮᠣᠩ᠋ᠭᠤᠯ ᠤᠯᠤᠰ ᠤᠨ ᠪᠣᠯᠤᠨ ᠭᠠᠳᠠᠭᠠᠳᠤ ᠢᠢᠨ ᠢᠷᠭᠡᠨ᠂ ᠬᠠᠤᠯᠢ ᠢᠢᠨ ᠡᠲᠡᠭᠡᠳ᠂ ᠲᠥᠷᠦ ᠨᠡᠢᠢᠭᠡᠮ ᠦᠨ ᠵᠢᠳᠬᠦᠯᠲᠡᠨ ᠳᠥ ᠲᠥᠷᠦ ᠢᠢᠨ ᠳᠡᠭᠡᠳᠦ ᠱᠠᠩᠨᠠᠯ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠣᠨ ᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠰᠣᠶᠤᠷᠬᠠᠨ ᠭᠠᠷᠳᠠᠭᠤᠯᠳᠠᠭ ᠰᠠᠢᠢᠬᠠᠨ ᠤᠯᠠᠮᠵᠢᠯᠠᠯ ᠲᠠᠢ ᠪᠢᠯᠡ᠃
ᠡᠨᠡ ᠵᠢᠯ ᠡᠨᠡ ᠬᠦ ᠡᠷᠬᠢᠮ ᠳᠡᠭᠡᠳᠦ ᠱᠠᠩᠨᠠᠯ ᠢᠶᠠᠷ ᠠᠷᠠᠳᠴᠢᠯᠠᠭᠰᠠᠨ ᠦᠨᠳᠦᠰᠦᠨ ᠬᠠᠤᠯᠢ ᠢᠢ ᠬᠡᠷᠡᠭᠵᠢᠭᠦᠯᠬᠦ ᠡᠬᠢ ᠦᠨᠳᠦᠰᠦ ᠪᠣᠯᠤᠭᠰᠠᠨ ᠬᠠᠤᠯᠢ ᠲᠣᠭᠲᠠᠭᠠᠮᠵᠢ ᠢᠢ ᠰᠢᠨᠡᠴᠢᠯᠠᠨ ᠪᠠᠲᠤᠯᠠᠬᠤ᠂ ᠬᠠᠤᠯᠢ ᠵᠦᠢ ᠢᠢᠨ ᠪᠣᠯᠪᠠᠰᠤᠷᠠᠯ ᠲᠠᠢ ᠮᠡᠷᠭᠡᠵᠢᠯᠲᠡᠨ ᠪᠡᠯᠡᠳᠬᠡᠬᠦ᠂ ᠦᠨᠳᠦᠰᠦᠨ ᠦ ᠡᠷᠬᠡ ᠵᠦᠢ ᠢᠢᠨ ᠲᠣᠭᠲᠠᠯᠴᠠᠭ᠎ᠠ᠂ ᠬᠠᠤᠯᠢ ᠵᠦᠢ ᠢᠢᠨ ᠰᠢᠨᠵᠢᠯᠡᠬᠦ ᠤᠬᠠᠭᠠᠨ ᠢ ᠬᠥᠭ᠍ᠵᠢᠭᠦᠯᠬᠦ ᠳᠥ ᠣᠷᠤᠭᠤᠯᠤᠭᠰᠠᠨ ᠦᠨ᠎ᠡ ᠲᠡᠢ ᠬᠤᠪᠢ ᠨᠡᠮᠡᠷᠢ ᠬᠢᠭᠡᠳ ᠡᠵᠡᠨ ᠴᠢᠩᠬᠢᠰ ᠬᠠᠭᠠᠨ ᠤ ᠳᠡᠯᠡᠬᠡᠶ ᠳ᠋ᠠᠬᠢᠨ ᠳᠤ ᠰᠢᠳᠤᠷᠭᠤ ᠶᠣᠰᠤ᠂ ᠡᠩᠬᠡ ᠢᠢ ᠲᠣᠭᠲᠠᠭᠠᠭᠰᠠᠨ ᠶᠡᠬᠡ ᠦᠢᠯᠡ ᠬᠡᠷᠡᠭ᠂ ᠭᠠᠷᠮᠠᠭᠠᠶ ᠭᠠᠪᠢᠶ᠎ᠠ ᠢᠢ ᠰᠤᠷᠪᠤᠯᠵᠢᠯᠠᠨ ᠰᠤᠳᠤᠯᠬᠤ ᠳᠤ ᠣᠯᠠᠨ ᠵᠢᠯ ᠦᠨ ᠨᠥᠷᠢ ᠶᠡᠬᠡ ᠬᠥᠳᠡᠯᠮᠦᠷᠢ ᠵᠢᠳᠬᠦᠯ ᠢᠶᠡᠨ ᠵᠣᠷᠢᠭᠤᠯᠵᠤ᠂ ᠡᠬᠡ ᠣᠷᠤᠨᠴᠢ ᠦᠨᠳᠦᠰᠦᠨ ᠦ ᠦᠵᠡᠯ ᠢ ᠲᠥᠯᠦᠪᠰᠢᠭᠦᠯᠬᠦ ᠣᠯᠠᠨ ᠠᠷᠪᠠᠨ ᠪᠦᠲᠦᠭᠡᠯ ᠲᠤᠭᠤᠷᠪᠢᠨ᠂ ᠰᠢᠨᠵᠢᠯᠡᠬᠦ ᠤᠬᠠᠭᠠᠨ ᠤ ᠪᠣᠯᠤᠨ ᠰᠤᠷᠭᠠᠯᠲᠠ᠂ ᠰᠤᠳᠤᠯᠭᠠᠨ ᠤ ᠡᠷᠭᠢᠯᠲᠡ ᠳᠥ ᠣᠷᠤᠭᠤᠯᠤᠭᠰᠠᠨ ᠢ ᠥᠨᠳᠦᠷ ᠢᠶᠡᠷ ᠦᠨᠡᠯᠡᠨ ᠡᠷᠬᠢᠮ ᠬᠦᠨᠳᠦᠲᠦ ᠠᠻᠠᠳᠧᠮᠢᠴᠢ ᠰᠣᠳᠪᠠᠰᠦ᠋ᠷᠦᠩ ᠦᠨ ᠨᠠᠷᠠᠨᠭᠡᠷᠡᠯ ᠲᠠᠨ ᠢ ᠮᠣᠩ᠋ᠭᠤᠯ ᠤᠯᠤᠰ ᠤᠨ ᠲᠥᠷᠦ ᠢᠢᠨ ᠳᠡᠭᠡᠳᠦ ᠱᠠᠩᠨᠠᠯ᠂ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠣᠨ ᠢᠢᠠᠷ ᠱᠠᠩᠨᠠᠨ ᠠᠯᠳᠠᠷᠰᠢᠭᠤᠯᠵᠤ ᠪᠠᠢᠢᠨ᠎ᠠ᠃
ᠮᠣᠩ᠋ᠭᠤᠯ ᠤᠯᠤᠰ ᠤᠨ ᠲᠥᠷᠦ ᠢᠢᠨ ᠳᠡᠭᠡᠳᠦ ᠱᠠᠩᠨᠠᠯ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠣᠨ ᠬᠦᠷᠲᠡᠭᠰᠡᠨ ᠡᠷᠬᠢᠮ ᠬᠦᠨᠳᠦᠲᠦ ᠠᠻᠠᠳᠧᠮᠢᠴᠢ ᠰᠣᠳᠪᠠᠰᠦ᠋ᠷᠦᠩ ᠦᠨ ᠨᠠᠷᠠᠨᠭᠡᠷᠡᠯ ᠲᠠᠨ ᠳᠤ ᠮᠣᠩ᠋ᠭᠤᠯ ᠤᠨ ᠲᠥᠷᠦ ᠵᠠᠰᠠᠭ᠂ ᠠᠷᠠᠳ ᠲᠦᠮᠡᠨ ᠦ ᠪᠡᠨ ᠨᠡᠷ᠎ᠡ ᠢᠢᠨ ᠡᠮᠦᠨ᠎ᠡ ᠡᠴᠡ ᠴᠢᠩ ᠰᠡᠳᠬᠢᠯ ᠦᠨ ᠬᠠᠯᠠᠭᠤᠨ ᠪᠠᠶᠠᠷ ᠬᠦᠷᠭᠡᠶ ᠡ᠃

ᠡᠷᠬᠢᠮ ᠬᠦᠨᠳᠦᠲᠦ ᠵᠣᠴᠢᠳ ᠋ᠠ᠋᠂
ᠠᠻᠠᠳᠧᠮᠢᠴᠢ ᠰᠣ᠊·ᠨᠠᠷᠠᠨᠭᠡᠷᠡᠯ ᠨᠢ ᠠᠷᠠᠳᠴᠢᠯᠠᠭᠰᠠᠨ ᠰᠢᠨ᠎ᠡ ᠦᠨᠳᠦᠰᠦᠨ ᠬᠠᠤᠯᠢ ᠬᠡᠷᠡᠭᠵᠢᠵᠦ ᠡᠬᠢᠯᠡᠬᠦ ᠳᠥ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠲᠥᠷᠦ ᠢᠢᠨ ᠲᠦᠰᠢᠶ᠎ᠡ᠂ ᠲᠦᠮᠡᠨ ᠦ ᠲᠥᠯᠦᠭᠡᠯᠡᠯ ᠪᠣᠯᠤᠨ ᠠᠵᠢᠯᠯᠠᠬᠤ ᠳᠤ ᠪᠠᠨ ᠨᠡᠢᠢᠭᠡᠮ ᠦᠨ ᠰᠢᠯᠵᠢᠯᠲᠡ ᠢᠢᠨ ᠣᠨ ᠵᠢᠯ ᠦᠳ ᠲᠥ ᠨᠡᠩ ᠱᠠᠭᠠᠷᠳᠠᠯᠭ᠎ᠠ ᠲᠠᠢ ᠣᠯᠠᠨ ᠠᠷᠪᠠᠨ ᠬᠠᠤᠯᠢ ᠲᠣᠭᠲᠠᠭᠠᠮᠵᠢ ᠢᠢ ᠪᠣᠯᠪᠠᠰᠤᠷᠠᠭᠤᠯᠤᠨ ᠪᠠᠲᠤᠯᠠᠬᠤ ᠦᠢᠯᠡ ᠬᠡᠷᠡᠭ ᠲᠥ ᠭᠠᠷ ᠪᠡᠶ᠎ᠡ ᠣᠷᠤᠯᠴᠠᠭᠰᠠᠨ ᠬᠠᠤᠯᠢ ᠲᠣᠭᠲᠠᠭᠠᠭᠴᠢ ᠪᠢᠯᠡ᠃
ᠬᠠᠤᠯᠢ ᠵᠦᠢ ᠢᠢᠨ ᠰᠢᠨᠵᠢᠯᠡᠬᠦ ᠤᠬᠠᠭᠠᠨ ᠤ ᠳ᠋ᠣᠻᠲ᠋ᠤᠷ᠂ ᠫᠷᠣᠹᠧᠰᠰᠤᠷ᠂ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠡᠮᠧᠷᠢᠲ᠋ ᠫᠷᠣᠹᠧᠰᠰᠤᠷ᠂ ᠶᠠᠫᠣᠨ ᠤᠯᠤᠰ ᠤᠨ ᠨᠠᠭᠣᠶᠠ ᠢᠢᠨ ᠶᠡᠬᠡ ᠰᠤᠷᠭᠠᠭᠤᠯᠢ ᠢᠢᠨ ᠬᠦᠨᠳᠦᠲᠦ ᠳ᠋ᠣᠻᠲ᠋ᠤᠷ ᠰᠣ᠊·ᠨᠠᠷᠠᠨᠭᠡᠷᠡᠯ ᠨᠢ ᠤᠳᠤᠮ ᠳᠠᠮᠵᠢᠭᠰᠠᠨ ᠨᠡᠷᠡᠲᠦ ᠡᠷᠳᠡᠮᠲᠡᠨ ᠲᠡᠳᠦᠶ ᠦᠭᠡᠢ᠂ ᠪᠠᠭᠰᠢ᠂ ᠰᠤᠷᠭᠠᠨ ᠬᠦᠮᠦᠵᠢᠭᠦᠯᠦᠭᠴᠢ᠂ ᠰᠣᠶᠣᠨ ᠭᠡᠭᠡᠷᠡᠭᠦᠯᠦᠭᠴᠢ ᠶᠤᠮ᠃
ᠲᠡᠷᠡ ᠪᠡᠷ ᠮᠠᠨ ᠤ ᠤᠯᠤᠰ ᠤᠨ ᠬᠠᠤᠯᠢ ᠵᠦᠢ ᠢᠢᠨ ᠪᠣᠯᠪᠠᠰᠤᠷᠠᠯ ᠤᠨ ᠤᠤᠭᠠᠨ ᠭᠠᠯ ᠭᠣᠯᠤᠮᠲᠠ ᠪᠣᠯᠤᠭᠰᠠᠨ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠬᠠᠤᠯᠢ ᠵᠦᠢ ᠢᠢᠨ ᠰᠤᠷᠭᠠᠭᠤᠯᠢ ᠳᠤ ᠕᠐ ᠭᠠᠷᠤᠶ ᠵᠢᠯ ᠪᠠᠭᠰᠢᠯᠠᠬᠤ ᠳᠤ ᠪᠠᠨ ᠬᠠᠤᠯᠢ ᠵᠦᠢ ᠢᠢᠨ ᠰᠠᠯᠪᠤᠷᠢ ᠢᠢᠨ ᠓᠐ ᠭᠠᠷᠤᠶ ᠡᠷᠳᠡᠮᠲᠡᠨ᠂ ᠣᠯᠠᠨ ᠮᠢᠩ᠋ᠭᠠᠨ ᠬᠠᠤᠯᠢᠴᠢ ᠪᠡᠯᠡᠳᠬᠡᠨ ᠭᠠᠷᠭᠠᠭᠰᠠᠨ ᠲᠡᠳᠦᠶ ᠦᠭᠡᠢ ᠣᠷᠴᠢᠨ ᠴᠠᠭ ᠤᠨ ᠬᠠᠤᠯᠢ ᠵᠦᠢ ᠢᠢᠨ ᠰᠢᠨᠵᠢᠯᠡᠬᠦ ᠤᠬᠠᠭᠠᠨ᠂ ᠦᠨᠳᠦᠰᠦᠨ ᠦ ᠡᠷᠬᠡ ᠵᠦᠢ ᠢᠢᠨ ᠲᠣᠭᠲᠠᠯᠴᠠᠭ᠎ᠠ ᠢᠢ ᠬᠥᠭ᠍ᠵᠢᠭᠦᠯᠬᠦ ᠳᠥ ᠵᠢᠩ ᠲᠡᠢ ᠬᠤᠪᠢ ᠨᠡᠮᠡᠷᠢ ᠣᠷᠤᠭᠤᠯᠤᠭᠰᠠᠨ᠃
ᠲᠤᠬᠠᠢᠢᠯᠠᠪᠠᠯ᠂ ᠦᠨᠳᠦᠰᠦᠨ ᠦ ᠡᠷᠬᠡ ᠵᠦᠢ ᠢᠢᠨ ᠲᠣᠭᠲᠠᠯᠴᠠᠭ᠎ᠠ ᠪᠦᠷᠢᠯᠳᠦᠨ ᠲᠣᠭᠲᠠᠬᠤ᠂ ᠥᠷᠦᠨ᠎ᠡ ᠢᠢᠨ ᠡᠷᠬᠡ ᠵᠦᠢ ᠢᠢ ᠰᠤᠳᠤᠯᠤᠨ ᠰᠤᠷᠤᠯᠴᠠᠬᠤ ᠦᠨᠳᠦᠰᠦ ᠰᠠᠭᠤᠷᠢ ᠪᠣᠯᠤᠭᠰᠠᠨ ᠬᠠᠤᠯᠢ ᠵᠦᠢ ᠢᠢᠨ ᠨᠡᠷ᠎ᠡ ᠲᠣᠮᠢᠶ᠎ᠠ᠂ ᠡᠷᠬᠡ ᠵᠦᠢ ᠢᠢᠨ ᠲᠠᠢᠢᠯᠪᠤᠷᠢ ᠲᠣᠯᠢ ᠴᠤᠪᠤᠷᠠᠯ ᠪᠦᠲᠦᠭᠡᠯ᠂ ᠠᠩ᠋ᠭ᠍ᠯᠢ᠂ ᠣᠷᠤᠰ ᠬᠠᠤᠯᠢ ᠵᠦᠢ ᠢᠢᠨ ᠲᠣᠯᠢ ᠪᠢᠴᠢᠭ᠌ ᠵᠡᠷᠭᠡ ᠢᠢ ᠵᠣᠬᠢᠶᠠᠵᠤ ᠨᠡᠢᠢᠲᠡ ᠢᠢᠨ ᠬᠦᠷᠲᠡᠭᠡᠯ ᠪᠣᠯᠭᠠᠭᠰᠠᠨ ᠪᠢᠯᠡ᠃
ᠲᠡᠭᠦᠨᠴᠢᠯᠡᠨ ᠣᠨᠤᠯ ᠪᠣᠯᠤᠨ ᠫᠷᠠᠻᠲ᠋ᠢᠭ ᠢ ᠬᠤᠤᠰᠯᠠᠭᠤᠯᠵᠤ ᠫᠷᠣᠻᠦ᠋ᠷᠤᠷ ᠪᠣᠯᠤᠨ ᠮᠣᠩ᠋ᠭᠤᠯ ᠤᠨ ᠥᠮᠦᠭᠡᠯᠡᠭᠴᠢᠳ ᠦᠨ ᠬᠣᠯᠪᠤᠭᠠᠨ ᠤ ᠶᠡᠷᠦᠩᠬᠡᠢᠢᠯᠡᠭᠴᠢ ᠪᠡᠷ ᠠᠵᠢᠯᠯᠠᠭᠰᠠᠨ ᠵᠡᠷᠭᠡ ᠨᠢ ᠲᠡᠭᠦᠨ ᠢ ᠨᠡᠷᠡᠲᠦ ᠬᠠᠤᠯᠢᠴᠢ᠂ ᠥᠮᠦᠭᠡᠯᠡᠭᠴᠢ ᠬᠡᠮᠡᠬᠦ ᠠᠯᠳᠠᠷᠲᠤ ᠬᠦᠷᠭᠡᠭ᠍ᠰᠡᠨ ᠶᠤᠮ᠃
ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ ᠰᠣ᠊·ᠨᠠᠷᠠᠨᠭᠡᠷᠡᠯ ᠨᠢ ᠲᠡᠦᠬᠡᠨ ᠰᠤᠷᠪᠤᠯᠵᠢ᠂ ᠬᠥᠯᠭᠡᠨ ᠰᠤᠳᠤᠷ᠂ ᠡᠷᠳᠡᠮᠲᠡᠨ ᠮᠡᠷᠭᠡᠳ ᠦᠨ ᠪᠦᠲᠦᠭᠡᠯ ᠲᠤᠭᠤᠷᠪᠢᠯ ᠳᠤ ᠲᠤᠯᠭᠠᠭᠤᠷᠢᠯᠠᠨ «ᠴᠢᠩᠬᠢᠰ ᠬᠠᠭᠠᠨ ᠤ ᠶᠣᠰᠤ ᠰᠤᠷᠲᠠᠬᠤᠨ – ᠡᠷᠬᠡ ᠵᠦᠢ ᠢᠢᠨ ᠱᠠᠰᠲᠢᠷ»᠂ «ᠮᠣᠩ᠋ᠭᠤᠯ ᠶᠣᠰᠤ ᠰᠤᠷᠲᠠᠬᠤᠨ: ᠪᠠᠳᠠᠷᠠᠯ᠂ ᠤᠨᠠᠯᠲᠠ᠂ ᠡᠷᠭᠢᠨ ᠰᠡᠷᠭᠦᠭᠡᠯᠲᠡ»᠂ «ᠶᠣᠰᠤ ᠰᠤᠷᠲᠠᠬᠤᠨ ᠤ ᠴᠠᠭᠠᠨ ᠲᠣᠯᠤᠭᠠᠶ» ᠬᠡᠮᠡᠬᠦ ᠮᠣᠩ᠋ᠭᠤᠯᠴᠤᠳ ᠤᠨ ᠶᠣᠰᠤ ᠰᠤᠷᠲᠠᠬᠤᠨ ᠤ ᠦᠨᠡᠲᠦ ᠤᠯᠠᠮᠵᠢᠯᠠᠯ᠂ ᠦᠨ᠎ᠡ ᠴᠡᠨ᠎ᠡ᠂ ᠤᠨᠠᠯᠲᠠ ᠰᠡᠷᠭᠦᠯᠲᠡ᠂ ᠮᠣᠩ᠋ᠭᠤᠯ ᠬᠦᠮᠦᠨ ᠦ ᠤᠳᠤᠷᠢᠳᠤᠯᠭ᠎ᠠ ᠪᠣᠯᠭᠠᠬᠤ ᠤᠴᠢᠷ ᠲᠠᠢ ᠶᠣᠰᠤ ᠰᠤᠷᠲᠠᠬᠤᠨ ᠤ ᠬᠡᠮ ᠬᠡᠮᠵᠢᠶ᠎ᠡ ᠢᠢ ᠨᠢᠭᠡᠳᠬᠡᠨ ᠳ᠋ᠦᠩᠨᠡᠵᠦ᠂ ᠤᠯᠤᠰ ᠣᠷᠤᠨ ᠤ ᠲᠣᠭᠲᠠᠪᠤᠷᠢᠲᠠᠢ ᠬᠥᠭ᠍ᠵᠢᠯ ᠦᠨ ᠠᠮᠢᠨ ᠰᠦᠨᠡᠰᠦ ᠨᠢ ᠶᠣᠰᠤ ᠰᠤᠷᠲᠠᠬᠤᠨ ᠪᠣᠯᠬᠤ ᠢᠢ ᠲᠣᠳᠤᠳᠬᠠᠵᠤ᠂ ᠬᠦᠮᠦᠨ ᠲᠥᠷᠦᠯᠬᠢᠲᠡᠨ ᠦ ᠰᠡᠳᠬᠢᠯᠭᠡᠨ ᠦ ᠬᠥᠭ᠍ᠵᠢᠯ ᠳᠥ ᠮᠣᠩ᠋ᠭᠤᠯᠴᠤᠳ ᠤᠨ ᠣᠷᠤᠭᠤᠯᠤᠭᠰᠠᠨ ᠦᠨ᠎ᠡ ᠲᠡᠢ ᠬᠤᠪᠢ ᠨᠡᠮᠡᠷᠢ ᠢᠢ ᠪᠣᠳᠠᠲᠤ ᠡᠬᠢ ᠪᠠᠷᠢᠮᠲᠠ ᠳᠤ ᠲᠦᠰᠢᠭᠯᠡᠨ ᠲᠠᠢᠢᠯᠪᠤᠷᠢᠯᠠᠭᠰᠠᠨ ᠪᠦᠲᠦᠭᠡᠯ ᠦᠳ ᠢᠶᠡᠷ ᠢᠶᠡᠨ ᠮᠣᠩ᠋ᠭᠤᠯ ᠤᠯᠤᠰ ᠤᠨ ᠲᠥᠷᠦ ᠢᠢᠨ ᠱᠠᠩᠨᠠᠯ ᠬᠦᠷᠲᠡᠭᠰᠡᠨ ᠪᠢᠯᠡ᠃
ᠠᠻᠠᠳᠧᠮᠢᠴᠢ ᠰᠣ᠊·ᠨᠠᠷᠠᠨᠭᠡᠷᠡᠯ ᠦᠨ ᠲᠤᠭᠤᠷᠪᠢᠭᠰᠠᠨ «ᠬᠠᠤᠯᠢ ᠢᠢᠨ ᠠᠮᠢᠨ ᠰᠦᠨᠡᠰᠦ ᠪᠤᠶᠤ ᠴᠢᠩᠬᠢᠰ ᠬᠠᠭᠠᠨ᠂ ᠮᠣᠩ᠋ᠭᠤᠯᠴᠤᠳ» ᠬᠡᠮᠡᠬᠦ ᠪᠦᠲᠦᠭᠡᠯ ᠳᠥ ᠴᠢᠩᠬᠢᠰ ᠬᠠᠭᠠᠨ ᠤ ᠬᠠᠤᠯᠢ ᠴᠠᠭᠠᠵᠠ ᠢᠢᠨ ᠰᠡᠳᠬᠢᠯᠭᠡᠨ ᠦ ᠣᠨᠴᠠᠯᠢᠭ ᠢ ᠰᠢᠨᠵᠢᠯᠡᠨ ᠰᠤᠳᠤᠯᠵᠤ᠂ ᠶᠡᠬᠡ ᠬᠠᠭᠠᠨ ᠤ ᠦᠢᠯᠡ ᠬᠡᠷᠡᠭ᠂ ᠬᠠᠤᠯᠢ ᠢᠢᠨ ᠠᠮᠢᠨ ᠰᠦᠨᠡᠰᠦ ᠨᠢ ᠶᠣᠰᠤ ᠰᠤᠷᠲᠠᠬᠤᠨ ᠪᠣᠯᠬᠤ ᠢᠢ ᠲᠣᠭᠲᠠᠭᠠᠵᠤ᠂ ᠬᠠᠤᠯᠢ᠂ ᠡᠷᠬᠡ ᠵᠦᠢ ᠨᠢ ᠶᠣᠰᠤ ᠰᠤᠷᠲᠠᠬᠤᠨ ᠤ ᠡᠷᠬᠢᠮ ᠴᠢᠨᠠᠷ ᠢ ᠬᠠᠮᠠᠭᠠᠯᠠᠨ ᠪᠡᠬᠢᠵᠢᠭᠦᠯᠬᠦ᠂ ᠬᠡᠪᠰᠢᠭᠦᠯᠦᠨ ᠮᠥᠷᠳᠡᠭᠦᠯᠬᠦ ᠬᠦᠴᠦᠷᠬᠡᠭ᠌ ᠬᠡᠷᠡᠭᠯᠡᠭᠦᠷ ᠪᠣᠯᠬᠤ ᠢᠢ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠪᠡᠷ ᠲᠣᠭᠲᠠᠭᠠᠭᠰᠠᠨ ᠪᠠᠢᠢᠳᠠᠭ᠃
ᠡᠨᠡ ᠬᠦ ᠪᠦᠲᠦᠭᠡᠯ ᠡᠳᠦᠭᠡ ᠠᠩ᠋ᠭ᠍ᠯᠢ᠂ ᠣᠷᠤᠰ᠂ ᠭᠧᠷᠮᠠᠨ᠂ ᠬᠠᠰᠠᠭ᠂ ᠰᠣᠯᠤᠩᠭ᠋ᠤᠰ ᠵᠡᠷᠭᠡ ᠬᠡᠯᠡᠨ᠎ᠡ ᠣᠷᠴᠢᠭᠤᠯᠤᠨ ᠬᠡᠪᠯᠡᠭᠳᠡᠵᠦ᠂ ᠳᠡᠯᠡᠬᠡᠶ ᠢᠢᠨ ᠤᠯᠤᠰ ᠣᠷᠤᠨ ᠨᠤᠭᠤᠳ ᠲᠤ ᠶᠡᠬᠡ ᠡᠵᠡᠨ ᠴᠢᠩᠬᠢᠰ ᠬᠠᠭᠠᠨ ᠤ ᠪᠢᠯᠢᠭ᠌ ᠰᠤᠷᠭᠠᠯ᠂ ᠦᠢᠯᠡ ᠬᠡᠷᠡᠭ ᠢ ᠰᠤᠷᠲᠠᠯᠴᠢᠯᠠᠨ ᠲᠠᠨᠢᠭᠤᠯᠵᠤ᠂ ᠲᠦᠭᠡᠭᠡᠨ ᠳᠡᠯᠭᠡᠷᠡᠭᠦᠯᠬᠦ ᠳᠥ ᠦᠨ᠎ᠡ ᠲᠡᠢ ᠬᠤᠪᠢ ᠨᠡᠮᠡᠷᠢ ᠣᠷᠤᠭᠤᠯᠤᠭᠰᠠᠨ ᠢ ᠣᠨᠴᠠᠯᠠᠨ ᠲᠡᠮᠳᠡᠭᠯᠡᠬᠦ ᠳᠥ ᠲᠠᠭ᠎ᠠ ᠲᠠᠢ ᠪᠠᠢᠢᠨ᠎ᠠ᠃
ᠡᠵᠡᠨ ᠴᠢᠩᠬᠢᠰ ᠬᠠᠭᠠᠨ ᠢᠶᠠᠷ ᠢᠶᠠᠨ ᠣᠪᠤᠭᠯᠠᠬᠤ ᠡᠷᠬᠢᠮ ᠳᠡᠭᠡᠳᠦ ᠠᠯᠳᠠᠷ ᠬᠦᠷᠲᠡᠭᠰᠡᠨ ᠲᠠᠨ ᠳᠤ ᠮᠣᠩ᠋ᠭᠤᠯ ᠲᠥᠷᠦ᠂ ᠮᠣᠩ᠋ᠭᠤᠯ ᠤᠨ ᠠᠷᠠᠳ ᠲᠦᠮᠡᠨ ᠭᠦᠨ ᠬᠦᠨᠳᠦᠳᠬᠡᠯ ᠦᠵᠡᠭᠦᠯᠵᠦ ᠪᠠᠢᠢᠨ᠎ᠠ᠃
ᠲᠠᠨ ᠤ ᠡᠷᠳᠡᠮ ᠰᠤᠳᠤᠯᠤᠯ ᠤᠨ ᠶᠡᠬᠡ ᠦᠢᠯᠡᠰ ᠲᠥ ᠠᠮᠵᠢᠯᠲᠠ ᠪᠦᠲᠦᠭᠡᠯ ᠦᠨ ᠳᠡᠭᠡᠳᠦ ᠢᠢ ᠬᠦᠰᠡᠵᠦ᠂ ᠲᠠᠨ ᠳᠤ ᠪᠣᠯᠤᠨ ᠲᠠᠨ ᠤ ᠰᠠᠢᠢᠬᠠᠨ ᠭᠡᠷ ᠪᠦᠯᠦ ᠳᠥ ᠠᠵᠠ ᠵᠢᠷᠭᠠᠯ᠂ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ ᠡ᠃
ᠳᠡᠯᠡᠬᠡᠶ ᠢᠢᠨ ᠮᠢᠩ᠋ᠭᠠᠨ ᠤ ᠰᠤᠤᠲᠤ ᠬᠦᠮᠦᠨ᠂ ᠥᠨᠦ ᠢᠢᠨ ᠳᠡᠯᠡᠬᠡᠶ ᠶᠢᠷᠲᠢᠨᠴᠦ ᠢᠢ ᠦᠨᠳᠦᠰᠦᠯᠡᠭᠴᠢᠳ ᠦᠨ ᠨᠢᠭᠡ᠂ ᠬᠠᠭᠠᠳ ᠤᠨ ᠬᠠᠭᠠᠨ ᠶᠡᠬᠡ ᠡᠵᠡᠨ ᠴᠢᠩᠬᠢᠰ ᠬᠠᠭᠠᠨ ᠤ ᠪᠠᠨ ᠮᠡᠨᠳᠦᠯᠡᠭᠰᠡᠨ ᠦ ᠲᠡᠦᠬᠡᠲᠦ ᠣᠢ ᠢᠢᠨ ᠪᠠᠶᠠᠷ ᠤᠨ ᠮᠡᠨᠳᠦ ᠢᠢ ᠶᠡᠬᠡ ᠬᠠᠭᠠᠨ ᠤ ᠦᠷ᠎ᠡ ᠰᠠᠳᠤ ᠪᠣᠯᠤᠭᠰᠠᠨ ᠮᠣᠩ᠋ᠭᠤᠯᠴᠤᠳ ᠲᠤ ᠪᠠᠨ ᠳᠠᠬᠢᠨ ᠳᠡᠪᠰᠢᠭᠦᠯᠦᠶ ᠡ᠃
ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠤᠯ ᠤᠯᠤᠰ ᠮᠠᠨᠳᠤᠨ ᠪᠠᠳᠠᠷᠠᠬᠤ ᠪᠣᠯᠲᠤᠭᠠᠶ᠃


