ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠵᠠᠷᠯᠢᠭ ᠢᠶᠠᠷ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠣᠨ ᠬᠦᠷᠲᠡᠭᠰᠡᠨ ᠠᠻᠠᠳᠧᠮᠢᠴᠢ ᠰᠣ᠊·ᠨᠠᠷᠠᠨᠭᠡᠷᠡᠯ ᠲᠥᠷᠦ᠂ ᠠᠷᠠᠳ ᠲᠦᠮᠡᠨ ᠳᠥ ᠪᠡᠨ ᠲᠠᠯᠠᠷᠬᠠᠯ ᠢᠯᠡᠷᠬᠡᠢᠢᠯᠡᠯ᠎ᠡ᠃
«ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠤᠨᠲᠤ᠂ ᠠᠻᠠᠳᠧᠮᠢᠴᠢ ᠰᠣᠳᠪᠠᠰᠦ᠋ᠷᠦᠩ ᠦᠨ ᠨᠠᠷᠠᠨᠭᠡᠷᠡᠯ:
ᠲᠥᠷᠦᠯᠬᠢ ᠡᠬᠡ ᠣᠷᠤᠨ᠂ ᠮᠣᠩ᠋ᠭᠤᠯ ᠤᠯᠤᠰ ᠤᠨ ᠢᠶᠠᠨ ᠲᠡᠷᠢᠭᠦᠨ ᠵᠡᠷᠭᠡ ᠢᠢᠨ᠂ ᠬᠠᠮᠤᠭ ᠤᠨ ᠳᠡᠭᠡᠳᠦ ᠣᠳᠣᠨ᠂ ᠶᠡᠬᠡ ᠡᠵᠡᠨ «ᠴᠢᠩᠬᠢᠰ ᠬᠠᠭᠠᠨ» ᠣᠳᠣᠨ ᠢ ᠡᠭᠡᠯ ᠵᠢᠷ ᠦᠨ ᠠᠲᠠᠯ᠎ᠠ ᠪᠠᠨ ᠤᠳᠤᠮ ᠤᠭᠰᠢᠯ ᠲᠠᠢ ᠢᠷᠭᠡᠨ᠂ ᠪᠠᠭᠰᠢ᠂ ᠡᠷᠳᠡᠮᠲᠡᠨ᠂ ᠰᠤᠳᠤᠯᠤᠭᠠᠴᠢ᠂ ᠬᠠᠤᠯᠢᠴᠢ ᠨᠠᠳᠠ ᠳᠤ ᠬᠦᠷᠲᠡᠭᠡᠵᠦ ᠪᠠᠢᠢᠭᠠᠳ ᠮᠣᠩ᠋ᠭᠤᠯ ᠤᠯᠤᠰ ᠤᠨ ᠡᠷᠬᠢᠮ ᠬᠦᠨᠳᠦᠲᠦ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠠᠨ ᠳᠤ᠂ ᠮᠣᠩ᠋ᠭᠤᠯ ᠤᠨ ᠠᠷᠠᠳ ᠲᠦᠮᠡᠨ ᠳᠥ ᠪᠡᠨ ᠴᠢᠩ ᠰᠡᠳᠬᠢᠯ ᠦᠨ ᠭᠦᠨ ᠲᠠᠯᠠᠷᠬᠠᠯ ᠢᠶᠠᠨ ᠢᠯᠡᠷᠬᠡᠢᠢᠯᠡᠶ ᠡ᠃
ᠮᠣᠩ᠋ᠭᠤᠯ ᠤᠯᠤᠰ ᠤᠨ ᠮᠠᠨᠢ ᠭᠠᠵᠠᠷ ᠵᠦᠢ᠂ ᠪᠠᠢᠢᠭᠠᠯᠢ ᠣᠷᠴᠢᠨ᠂ ᠴᠠᠭ ᠠᠭᠤᠷ᠂ ᠣᠷᠤᠨ ᠭᠡᠷ᠂ ᠠᠮᠢᠨ ᠵᠠᠭᠤᠯᠭ᠎ᠠ ᠳᠤ ᠲᠣᠬᠢᠷᠠᠭᠰᠠᠨ ᠲᠣᠭᠲᠠᠪᠤᠷᠢᠲᠠᠢ ᠬᠥᠭ᠍ᠵᠢᠯ ᠴᠡᠴᠡᠭᠯᠡᠯᠲᠡ᠂ ᠬᠦᠮᠦᠨ ᠠᠷᠠᠳ ᠤᠨ ᠮᠠᠨᠢ ᠰᠡᠳᠬᠢᠯ ᠲᠡᠨᠢᠭᠦᠨ ᠠᠮᠢᠳᠤᠷᠠᠯ ᠤᠨ ᠢᠵᠠᠭᠤᠷ ᠨᠢ ᠶᠡᠬᠡ ᠡᠵᠡᠨ ᠴᠢᠩᠬᠢᠰ ᠬᠠᠭᠠᠨ ᠤ ᠮᠠᠨᠢ ᠲᠠ ᠪᠢᠳᠡᠨ ᠳᠥ ᠦᠯᠡᠳᠡᠭᠡᠭ᠍ᠰᠡᠨ ᠦᠨᠡᠲᠦ ᠰᠤᠷᠭᠠᠯ ᠤᠨ ᠡᠷᠳᠡᠨᠢᠰ ᠦᠨ ᠰᠠᠩ᠂ ᠡᠷᠬᠢᠮ ᠪᠡᠷ ᠦᠨ ᠴᠠᠭᠯᠠᠰᠢ ᠦᠭᠡᠢ ᠶᠡᠬᠡ ᠥᠪ ᠲᠥ ᠣᠷᠤᠰᠢᠵᠤ ᠪᠠᠢᠢᠭ᠎ᠠ ᠢᠢ ᠮᠢᠨᠦ ᠪᠡᠶ᠎ᠡ ᠤᠬᠠᠭᠠᠷᠠᠵᠤ ᠣᠢᠢᠯᠠᠭᠠᠭᠠᠳ᠂ ᠢᠷᠭᠡᠨ ᠪᠦᠷᠢ ᠢᠢᠨ ᠢᠶᠡᠨ ᠣᠢ ᠰᠠᠨᠠᠮᠵᠢ ᠳᠤ ᠮᠣᠩ᠋ᠭᠤᠯ ᠪᠠᠬᠠᠷᠬᠠᠯ ᠢ ᠰᠡᠷᠭᠦᠭᠡᠬᠦ ᠪᠣᠯᠤᠨ ᠰᠣᠶᠣᠨ ᠭᠡᠭᠡᠷᠡᠭᠦᠯᠬᠦ ᠦᠢᠯᠡᠰ ᠲᠥ ᠨᠡᠩ ᠬᠡᠷᠡᠭ ᠲᠡᠢ ᠰᠤᠷᠭᠠᠮᠵᠢ ᠢᠢ ᠨᠢ ᠣᠯᠵᠤ ᠠᠪᠬᠤ ᠢᠢᠨ ᠲᠥᠯᠦᠭᠡ ᠡᠷᠢᠯᠬᠢᠯᠡᠨ ᠬᠠᠢᠢᠬᠤ᠂ ᠰᠤᠳᠤᠯᠤᠨ ᠰᠢᠨᠵᠢᠯᠡᠬᠦ ᠠᠵᠢᠯ ᠢ ᠴᠥᠬᠥᠷᠡᠯᠲᠡᠭᠦᠢ ᠬᠢᠭ᠍ᠰᠡᠨ ᠦ ᠦᠷ᠎ᠡ ᠳ᠋ᠦᠩ ᠳᠥ ᠭᠠᠷᠭᠠᠵᠤ ᠠᠪᠤᠭᠰᠠᠨ ᠰᠤᠷᠭᠠᠮᠵᠢ᠂ ᠳ᠋ᠦᠩᠨᠡᠯᠲᠡ ᠢᠢᠨ ᠵᠠᠷᠢᠮ ᠠᠴᠠ ᠨᠢ ᠡᠨᠡ ᠰᠠᠢᠢᠬᠠᠨ «ᠮᠣᠩ᠋ᠭᠤᠯ ᠪᠠᠬᠠᠷᠬᠠᠯ ᠤᠨ ᠡᠳᠦᠷ» ᠲᠠ ᠪᠦᠬᠦᠨ ᠳᠥ ᠪᠡᠨ ᠬᠤᠷᠢᠶᠠᠩ᠋ᠭᠤᠢᠢᠯᠠᠨ ᠲᠣᠪᠴᠢ ᠠᠢᠢᠯᠠᠳᠬᠠᠶ ᠠ᠃
ᠮᠣᠩ᠋ᠭᠤᠯ ᠪᠠᠬᠠᠷᠬᠠᠯ ᠪᠣᠯ ᠣᠯᠠᠨ ᠵᠠᠭᠤᠨ ᠤ ᠲᠤᠷᠰᠢᠲᠠ ᠣᠭᠲᠤ ᠬᠠᠭᠤᠴᠢᠷᠠᠭ᠎ᠠ ᠦᠭᠡᠢ ᠠᠵᠤ ᠲᠥᠷᠦᠬᠦ ᠶᠣᠰᠤ᠂ ᠠᠮᠢᠳᠤᠷᠠᠯ ᠢᠶᠠᠨ ᠠᠪᠴᠤ ᠶᠠᠪᠤᠬᠤ ᠮᠣᠩ᠋ᠭᠤᠯ ᠠᠢᠢᠯ ᠡᠷᠦᠬᠡ ᠪᠦᠷᠢ ᠢᠢᠨ ᠠᠷᠭ᠎ᠠ ᠪᠢᠯᠢᠭ᠌᠂ ᠭᠠᠯ ᠭᠣᠯᠤᠮᠲᠠ ᠪᠠᠨ ᠵᠠᠯᠭᠠᠭᠤᠯᠤᠨ ᠦᠷ᠎ᠡ ᠬᠡᠦᠬᠡᠳ ᠢᠶᠡᠨ ᠡᠭᠡᠯ ᠵᠢᠷ ᠦᠨ ᠠᠮᠢᠳᠤᠷᠠᠯ ᠳᠤ ᠵᠢᠩᠬᠢᠨᠢ ᠮᠣᠩ᠋ᠭᠤᠯ ᠬᠦᠮᠦᠨ ᠪᠣᠯᠭᠠᠨ ᠲᠥᠯᠦᠪᠰᠢᠭᠦᠯᠬᠦ᠂ ᠰᠤᠷᠭᠠᠨ ᠬᠦᠮᠦᠵᠢᠭᠦᠯᠬᠦ ᠥᠨᠢ ᠡᠷᠲᠡᠨ ᠦ ᠦᠨᠡᠲᠦ ᠤᠯᠠᠮᠵᠢᠯᠠᠯ᠂ ᠡᠯᠢᠭᠡᠮᠰᠡᠭᠦ ᠶᠡᠬᠡ ᠮᠣᠩ᠋ᠭᠤᠯ ᠬᠡᠯᠡᠨ ᠳᠥ ᠮᠠᠨᠢ ᠣᠷᠤᠰᠢᠨ ᠪᠠᠢᠢᠭᠰᠠᠨ ᠪᠠᠢᠢᠨ᠎ᠠ᠃
ᠮᠣᠩ᠋ᠭᠤᠯ ᠪᠠᠬᠠᠷᠬᠠᠯ ᠪᠠᠰᠠ ᠡᠪᠦᠭᠡ ᠳᠡᠭᠡᠳᠦᠰ ᠦᠨ ᠢᠶᠡᠨ ᠭᠠᠢᠢᠬᠠᠮᠰᠢᠭᠲᠤ ᠤᠬᠠᠭᠠᠨ ᠠᠴᠠ ᠴᠠᠭ ᠢᠮᠠᠭᠲᠠ ᠰᠤᠷᠤᠯᠴᠠᠵᠤ᠂ ᠲᠡᠭᠦᠨ ᠳᠥ ᠰᠠᠭᠤᠷᠢᠯᠠᠨ ᠠᠮᠢᠳᠤᠷᠠᠯ ᠢᠶᠠᠨ ᠲᠣᠳᠤᠷᠬᠠᠢᠢᠯᠠᠵᠤ᠂ ᠴᠢᠨᠠᠭᠰᠢᠳᠠ ᠢᠢᠨ ᠠᠵᠢᠯ ᠦᠢᠯᠡᠰ ᠦᠨ ᠢᠶᠡᠨ ᠵᠦᠭ ᠴᠢᠭ᠌᠂ ᠡᠷᠴᠢ ᠬᠦᠴᠦ ᠢᠢ ᠣᠯᠵᠤ ᠠᠪᠬᠤ ᠳᠤ ᠣᠷᠤᠰᠢᠵᠤ ᠪᠠᠢᠢᠵᠠᠶ᠃
ᠮᠣᠩ᠋ᠭᠤᠯ ᠪᠠᠬᠠᠷᠬᠠᠯ ᠬᠠᠷᠢ ᠢᠢᠨ ᠤᠯᠤᠰ ᠭᠦᠷᠦᠨ ᠦ ᠠᠵᠤ ᠲᠥᠷᠦᠬᠦ ᠶᠣᠰᠤ ᠢᠢ ᠮᠥᠩᠬᠡᠳᠡ ᠥᠪᠡᠷ ᠦᠨ ᠪᠣᠯᠭᠠᠳᠠᠭ ᠦᠭᠡᠢ᠂ ᠨᠢᠭᠡ ᠯᠠ ᠮᠡᠳᠡᠬᠦ ᠳᠥ ᠪᠤᠴᠠᠭᠠᠳ ᠪᠠᠭᠤᠷᠢᠨ ᠳᠡᠭᠡᠷ᠎ᠡ ᠪᠡᠨ ᠡᠷᠭᠢᠭᠡᠳ ᠪᠠᠭᠤᠴᠢᠬᠠᠳᠠᠭ ᠮᠣᠩ᠋ᠭᠤᠯ ᠬᠦᠮᠦᠨ ᠦ ᠢᠵᠠᠭᠤᠷ ᠮᠥᠨ ᠴᠢᠨᠠᠷ᠂ ᠭᠧᠨ ᠳᠥ ᠨᠢ ᠬᠠᠳᠠᠭᠠᠯᠠᠭᠳᠠᠵᠤ ᠢᠷᠡᠵᠡᠶ᠃
ᠶᠠᠮᠠᠷ ᠴᠦ ᠬᠦᠮᠦᠨ ᠥᠪᠡᠷ ᠦᠨ ᠢᠶᠡᠨ ᠭᠡᠷ ᠣᠷᠤᠨ ᠳᠤ ᠥᠪᠯᠡᠵᠦ᠂ ᠨᠢᠳᠦᠨ ᠦ ᠴᠡᠴᠡᠭᠡᠶ ᠮᠡᠲᠦ ᠨᠠᠨᠳᠢᠩᠨᠠᠵᠤ ᠢᠷᠡᠭᠰᠡᠨ ᠤᠯᠠᠮᠵᠢᠯᠠᠯ ᠢᠶᠠᠨ ᠬᠠᠳᠠᠭᠠᠯᠠᠬᠤ ᠢᠢ ᠡᠷᠡᠮᠡᠯᠵᠡᠳᠡᠭ ᠦᠨ ᠠᠳᠠᠯᠢ ᠦᠵᠡᠰᠬᠦᠯᠡᠩ ᠲᠡᠭᠦᠯᠳᠡᠷ ᠡᠬᠡ ᠣᠷᠤᠨ ᠤ ᠪᠠᠨ ᠬᠥᠷᠦᠰᠦ ᠰᠢᠷᠤᠶ ᠢᠢᠨ ᠳᠡᠭᠡᠷ᠎ᠡ ᠲᠠᠪᠤᠨ ᠬᠣᠰᠢᠭᠤ ᠮᠠᠯ ᠰᠦᠷᠦᠭ ᠦᠨ ᠠᠵᠤ ᠠᠬᠤᠶ ᠪᠦᠬᠦᠢ ᠪᠡᠯᠴᠢᠭᠡᠷ ᠳᠠᠭᠠᠭᠰᠠᠨ ᠰᠣᠶᠤᠯ ᠢᠷᠭᠡᠨᠰᠢᠯ ᠦᠨ ᠠᠵᠤ ᠲᠥᠷᠦᠬᠦ ᠶᠣᠰᠤ᠂ ᠮᠥᠩᠬᠡᠳᠡ ᠣᠷᠤᠰᠢᠨ ᠪᠠᠢᠢᠬᠤ ᠢᠢ ᠨᠢᠭᠡᠨ ᠴᠠᠭ ᠲᠤ ᠬᠦᠮᠦᠨ ᠲᠥᠷᠦᠯᠬᠢᠲᠡᠨ ᠦ ᠳᠣᠲᠤᠷ᠎ᠠ ᠠᠰᠠᠵᠤ ᠪᠠᠢᠢᠭᠰᠠᠨ ᠵᠢᠩᠬᠢᠨᠢ ᠠᠵᠠ ᠵᠢᠷᠭᠠᠯᠠᠩᠲᠤ ᠠᠮᠢᠳᠤᠷᠠᠯ ᠤᠨ ᠭᠠᠯ ᠴᠣᠭ ᠪᠠᠳᠠᠷᠠᠵᠤ᠂ ᠡᠴᠢᠭᠡ ᠲᠩᠷᠢ ᠡᠴᠡ ᠵᠠᠶᠠᠭᠠᠭᠰᠠᠨ ᠡᠷᠴᠢ ᠬᠦᠴᠦ ᠴᠣᠭᠴᠠᠯᠠᠭᠰᠠᠨ ᠠᠮᠢᠳᠤᠷᠠᠯ ᠤᠨ ᠤᠯᠠᠮᠵᠢᠯᠠᠯᠲᠤ ᠬᠡᠪ ᠮᠠᠶᠢᠭ ᠢᠶᠠᠨ ᠦᠷᠭᠦᠯᠵᠢ ᠬᠠᠳᠠᠭᠠᠯᠠᠵᠤ ᠶᠠᠪᠤᠵᠠᠭᠠᠬᠤ ᠢᠢ ᠶᠡᠬᠡ ᠡᠵᠡᠨ ᠴᠢᠩᠬᠢᠰ ᠬᠠᠭᠠᠨ ᠮᠣᠩ᠋ᠭᠤᠯᠴᠤᠳ ᠪᠢᠳᠡᠨ ᠳᠥ ᠪᠡᠨ ᠬᠢᠴᠢᠶᠡᠩ᠋ᠭᠦᠢᠢᠯᠡᠨ ᠵᠠᠬᠢᠵᠤ ᠦᠯᠡᠳᠡᠭᠡᠵᠡᠶ᠃
ᠶᠡᠬᠡ ᠡᠵᠡᠨ ᠴᠢᠩᠬᠢᠰ ᠬᠠᠭᠠᠨ ᠤ ᠮᠠᠨᠢ ᠨᠠᠨᠳᠢᠩᠨᠠᠵᠤ ᠪᠠᠢᠢᠭᠰᠠᠨ ᠭᠤᠷᠪᠠᠨ ᠦᠶ᠎ᠡ ᠢᠢᠨ ᠬᠢᠨ ᠦ ᠠᠮᠢᠨ ᠬᠡᠯᠬᠢᠶ᠎ᠡ ᠬᠣᠯᠪᠤᠭ᠎ᠠ ᠢᠢ ᠬᠡᠷᠪᠡ ᠰᠠᠯᠭᠠᠪᠠᠯ ᠮᠣᠩ᠋ᠭᠤᠯᠴᠤᠳ ᠪᠢᠳᠡ ᠥᠭᠡᠳᠡᠯᠡᠬᠦ ᠦᠭᠡᠢ ᠭᠡᠳᠡᠭ ᠢᠶᠡᠨ ᠤᠬᠠᠭᠠᠷᠠᠬᠤ ᠴᠠᠭ ᠦᠶ᠎ᠡ ᠲᠡᠢ ᠵᠣᠯᠭᠠᠭᠰᠠᠨ ᠪᠠᠢᠢᠨ᠎ᠠ᠃
ᠶᠡᠬᠡ ᠡᠵᠡᠨ ᠴᠢᠩᠬᠢᠰ ᠬᠠᠭᠠᠨ ᠤ ᠮᠠᠨᠢ ᠪᠤᠢ ᠪᠣᠯᠭᠠᠭᠰᠠᠨ ᠮᠣᠩ᠋ᠭᠤᠯ ᠪᠠᠬᠠᠷᠬᠠᠯ ᠨᠢ ᠡᠪᠦᠭᠡ ᠳᠡᠭᠡᠳᠦᠰ ᠦᠨ ᠬᠢ ᠨᠢ ᠭᠧᠨ ᠢᠶᠡᠷ ᠳᠠᠮᠵᠢᠵᠤ᠂ ᠡᠷᠬᠢᠮ ᠪᠡᠷ ᠲᠥ ᠥᠪᠯᠡᠭᠳᠡᠭᠰᠡᠨ ᠳᠠᠷᠠᠭᠠᠬᠢ ᠪᠢᠯᠢᠭ᠌ ᠣᠶᠤᠨ ᠠᠴᠠ ᠤᠨᠳᠤᠷᠴᠤ ᠭᠠᠷᠤᠭᠰᠠᠨ ᠢ ᠰᠤᠳᠤᠯᠭᠠᠨ ᠤ ᠵᠠᠷᠢᠮ ᠦᠷ᠎ᠡ ᠳ᠋ᠦᠩ ᠪᠠᠲᠤ ᠲᠠᠢ ᠬᠠᠷᠠᠭᠤᠯᠤᠯ᠎ᠠ᠃
ᠶᠡᠬᠡ ᠡᠵᠡᠨ ᠴᠢᠩᠬᠢᠰ ᠬᠠᠭᠠᠨ ᠮᠠᠨᠢ ᠮᠣᠩ᠋ᠭᠤᠯ ᠵᠠᠷᠢᠮ ᠬᠦᠮᠦᠨ ᠦ ᠪᠦᠳᠦᠭᠦᠯᠢᠭ᠌᠂ ᠴᠡᠪᠳᠡᠭ ᠰᠡᠳᠬᠢᠯ ᠢ ᠨᠢ ᠡᠶᠡᠯᠳᠡᠭ᠂ ᠨᠠᠢᠢᠷᠰᠠᠭ᠂ ᠵᠣᠴᠢᠯᠠᠮᠠᠲᠠᠭᠠᠶ᠂ ᠰᠢᠳᠤᠷᠭᠤ ᠪᠤᠰᠤ ᠢᠢ ᠴᠡᠬᠡ ᠭᠣᠣᠯᠴᠢ ᠰᠢᠳᠤᠷᠭᠤ᠂ ᠵᠠᠯᠬᠠᠭᠤ ᠬᠣᠢᠢᠷᠭᠤ᠂ ᠤᠩᠬᠢᠶ᠎ᠠ ᠦᠭᠡᠢ ᠢᠢ ᠨᠢ ᠠᠵᠢᠯᠰᠠᠭ᠂ ᠬᠥᠳᠡᠯᠮᠦᠷᠢᠴᠢ᠂ ᠬᠠᠨᠤᠰᠢ ᠦᠭᠡᠢ ᠰᠢᠨᠤᠬᠠᠢᠢᠷᠠᠯ ᠢ ᠨᠢ ᠡᠰ ᠰᠢᠨᠤᠬᠤᠶ᠂ ᠡᠷᠡᠭᠡ ᠴᠡᠭᠡᠷ ᠦᠭᠡᠢ ᠢᠢ ᠨᠢ ᠢᠴᠢᠵᠦ ᠡᠮᠡᠭᠡᠳᠡᠭ ᠪᠣᠯᠭᠠᠵᠤ ᠥᠭ᠍ᠭᠦᠭ᠍ᠰᠡᠨ ᠪᠠᠢᠢᠨ᠎ᠠ᠃
ᠲᠡᠭᠦᠨᠴᠢᠯᠡᠨ ᠬᠦᠮᠦᠨ ᠦ ᠮᠥᠰᠦ ᠦᠭᠡᠢ ᠢᠢ ᠨᠢ ᠵᠤᠳᠠᠭ ᠲᠠᠢ᠂ ᠬᠠᠷᠭᠢᠰ ᠬᠡᠷᠴᠡᠭᠡᠶ ᠢᠢ ᠨᠢ ᠨᠢᠩᠵᠢᠨ᠂ ᠬᠤᠳᠠᠯ ᠬᠠᠭᠤᠷᠮᠠᠭ ᠢ ᠨᠢ ᠦᠨᠡᠨ᠂ ᠬᠡᠨ ᠨᠢᠭᠡᠨ ᠦ ᠪᠡᠨ ᠨᠠᠢᠢᠳᠠᠪᠤᠷᠢ ᠬᠥᠰᠡᠷᠳᠡᠭᠦᠯᠬᠦ ᠢᠢ ᠨᠢ ᠢᠲᠡᠭᠡᠯ ᠳᠠᠭᠠᠭᠠᠳᠠᠭ᠂ ᠨᠡᠷ᠎ᠡ ᠬᠦᠨᠳᠦ ᠪᠡᠨ ᠤᠨᠠᠭᠠᠬᠤ ᠢᠢ ᠨᠢ ᠨᠡᠷ᠎ᠡ ᠲᠥᠷᠦ ᠪᠡᠨ ᠳᠡᠭᠡᠳᠦᠯᠡᠳᠡᠭ᠂ ᠠᠮᠢᠨ ᠬᠤᠪᠢ ᠪᠠᠨ ᠬᠢᠴᠢᠶᠡᠬᠦ ᠢᠢ ᠨᠢ ᠨᠡᠢᠢᠲᠡᠴᠢ᠂ ᠬᠠᠮᠲᠤᠴᠢ ᠪᠣᠯᠭᠠᠵᠤ ᠥᠭᠴᠡᠶ᠃
ᠶᠡᠬᠡ ᠡᠵᠡᠨ ᠴᠢᠩᠬᠢᠰ ᠬᠠᠭᠠᠨ ᠮᠠᠨᠢ ᠬᠡᠨ ᠨᠢᠭᠡᠨ ᠦ ᠪᠡᠨ ᠲᠤᠰ ᠢ ᠬᠠᠷᠢᠭᠤᠯᠠᠵᠤ ᠴᠢᠳᠠᠬᠤ ᠦᠭᠡᠢ ᠶᠤᠮ ᠠ᠋ ᠭᠡᠬᠦ ᠳᠥ ᠡᠷᠭᠢᠭᠡᠳ ᠭᠠᠶ ᠲᠥᠪᠡᠭ᠌ ᠤᠴᠠᠷᠠᠭᠤᠯᠳᠠᠭ ᠦᠭᠡᠢ᠂ ᠰᠡᠳᠬᠢᠯ ᠦᠨ ᠲᠡᠩᠬᠡᠭᠡ ᠮᠠᠭᠤ ᠲᠠᠢ ᠢᠢ ᠨᠢ ᠲᠡᠰᠪᠦᠷᠢ ᠲᠡᠪᠴᠢᠶᠡᠷᠢ ᠲᠡᠢ᠂ ᠬᠠᠭᠠᠷᠠᠯ ᠲᠠᠯᠠᠴᠠᠯ᠂ ᠳᠠᠢᠢᠰᠤᠩᠨᠠᠯ ᠢ ᠨᠢ ᠡᠪ ᠡᠶ᠎ᠡ᠂ ᠦᠵᠡᠨ ᠶᠠᠳᠠᠯᠲᠠ᠂ ᠥᠰᠢ ᠬᠣᠨᠵᠢᠩ᠂ ᠬᠣᠷᠤᠨ ᠮᠠᠭᠤ ᠰᠠᠨᠠᠭᠠᠷᠬᠠᠯ ᠢ ᠨᠢ ᠥᠭ᠍ᠭᠢᠶᠡᠮᠦᠷ᠂ ᠠᠳᠬᠠᠭ ᠪᠤᠰᠤ ᠰᠡᠳᠬᠢᠯ᠂ ᠡᠷᠭᠢᠵᠦ ᠪᠤᠴᠠᠳᠠᠭ ᠰᠢᠷᠪᠠᠯᠲᠠ ᠢᠢ ᠨᠢ ᠤᠷᠪᠠᠰᠢ ᠦᠭᠡᠢ ᠴᠢᠨᠠᠷ ᠪᠣᠯᠭᠠᠨ ᠬᠤᠪᠢᠷᠠᠭᠠᠵᠤ ᠥᠭᠴᠦ ᠪᠠᠢᠢᠵᠠᠶ᠃
ᠢᠩ᠋ᠭᠢᠭ᠍ᠰᠡᠨ ᠦ ᠦᠷ᠎ᠡ ᠳ᠋ᠦᠩ ᠳᠥ XIII ᠵᠠᠭᠤᠨ ᠳᠤ ᠴᠤᠯᠤ ᠨᠢᠭᠡᠳᠦᠮᠡᠯ᠂ ᠬᠦᠴᠦᠷᠬᠡᠭ᠌ ᠮᠣᠩ᠋ᠭᠤᠯ ᠦᠨᠳᠦᠰᠦᠲᠡᠨ ᠪᠦᠷᠢᠯᠳᠦᠵᠦ᠂ ᠲᠡᠳᠡᠨ ᠦ ᠰᠡᠳᠬᠢᠯ ᠦᠨ ᠡᠶᠡᠷᠭᠦ ᠰᠠᠢᠢᠬᠠᠨ ᠡᠨᠧᠷᠭᠢ ᠳᠥ ᠬᠠᠷᠢ ᠢᠢᠨ ᠬᠢᠨ ᠥᠪᠡᠷ ᠦᠨ ᠡᠷᠬᠡ ᠦᠭᠡᠢ ᠲᠠᠲᠠᠭᠳᠠᠵᠤ᠂ ᠤᠯᠠᠮ ᠢᠶᠠᠷ ᠳᠡᠯᠡᠬᠡᠶ ᠳ᠋ᠠᠬᠢᠨ ᠳᠤ ᠑᠐᠐ ᠵᠢᠯ ᠦᠨ ᠲᠤᠷᠰᠢᠲᠠ ᠰᠢᠳᠤᠷᠭᠤ ᠶᠣᠰᠤ᠂ ᠡᠩᠬᠡ ᠢᠢ ᠲᠣᠭᠲᠠᠭᠠᠬᠤ ᠠᠷᠢᠭᠤᠨ ᠦᠢᠯᠡᠰ ᠢ ᠲᠠ ᠪᠢᠳᠡᠨ ᠦ ᠭᠠᠢᠢᠬᠠᠮᠰᠢᠭᠲᠤ ᠡᠪᠦᠭᠡ ᠳᠡᠭᠡᠳᠦᠰ ᠣᠷᠤᠢᠢᠯᠠᠨ ᠮᠠᠩᠯᠠᠢᠢᠯᠠᠵᠤ᠂ ᠡᠨᠡ ᠬᠣᠷᠸ᠎ᠠ ᠢᠢᠨ ᠬᠦᠮᠦᠨ ᠠᠷᠠᠳ ᠡᠪ ᠲᠡᠢ ᠨᠠᠢᠢᠷ ᠲᠠᠢ ᠡᠩ ᠵᠡᠷᠭᠡᠴᠡᠨ ᠠᠵᠤ ᠲᠥᠷᠦᠬᠦ ᠨᠥᠬᠦᠴᠡᠯ ᠢ ᠪᠦᠷᠢᠳᠦᠭᠦᠯᠵᠦ ᠥᠭᠴᠦ ᠪᠠᠢᠢᠵᠠᠶ᠃
ᠶᠡᠬᠡ ᠡᠵᠡᠨ ᠴᠢᠩᠬᠢᠰ ᠬᠠᠭᠠᠨ ᠤ ᠮᠠᠨᠢ «ᠬᠠᠭᠠᠨ ᠮᠢᠨᠦ ᠪᠡᠶ᠎ᠡ ᠶᠡᠬᠡ ᠬᠡᠭᠡᠷ᠎ᠡ ᠲᠠᠯ᠎ᠠ ᠳᠤ ᠠᠵᠤ ᠲᠥᠷᠦᠨ ᠰᠠᠭᠤᠵᠤ᠂ ᠴᠡᠬᠡ ᠰᠢᠳᠤᠷᠭᠤ ᠢᠢ ᠡᠷᠬᠢᠮᠯᠡᠨ ᠲᠣᠭᠲᠠᠭᠠᠭᠠᠳ᠂ ᠪᠦᠷᠢᠯᠭᠡᠨ ᠰᠦᠢᠳᠬᠡᠬᠦ ᠢᠢ ᠬᠤᠷᠢᠭᠯᠠᠨ ᠵᠣᠭᠰᠤᠭᠠᠵᠤ᠂ ᠢᠳᠡᠬᠦ ᠬᠣᠭᠤᠯᠠ᠂ ᠡᠮᠥᠰᠬᠦ ᠬᠤᠪᠴᠠᠰᠤ ᠪᠠᠨ ᠠᠳᠤᠭᠤᠴᠢᠨ᠂ ᠦᠬᠡᠷᠴᠢᠨ ᠲᠡᠢ ᠪᠡᠨ ᠬᠤᠪᠢᠶᠠᠯᠴᠠᠨ᠂ ᠠᠷᠠᠳ ᠢᠷᠭᠡᠳ ᠢ ᠦᠷ᠎ᠡ ᠬᠡᠦᠬᠡᠳ ᠲᠡᠢ ᠪᠡᠨ ᠠᠳᠠᠯᠢ ᠦᠵᠡᠵᠦ᠂ ᠴᠡᠷᠢᠭ ᠳᠠᠢᠴᠢᠳ᠂ ᠡᠷᠳᠡᠮᠲᠡᠨ ᠮᠡᠷᠭᠡᠳ ᠢ ᠠᠬ᠎ᠠ ᠳᠡᠭᠦᠦ ᠪᠡᠨ ᠮᠡᠲᠦ ᠬᠦᠨᠳᠦᠯᠡᠵᠦ᠂ ᠡᠶ᠎ᠡ ᠡᠪ ᠢ ᠰᠠᠬᠢᠭᠤᠯᠤᠨ ᠡᠨᠡᠷᠢᠯ ᠬᠡᠰᠢᠭ᠌ ᠢᠶᠡᠨ ᠲᠦᠭᠡᠭᠡᠵᠦ ᠶᠠᠪᠤᠨ᠎ᠠ ᠠ᠋» ᠬᠡᠮᠡᠭᠰᠡᠨ ᠠᠢᠢᠯᠳᠤᠪᠤᠷᠢ ᠨᠢ ᠲᠥᠷᠦ᠂ ᠵᠠᠰᠠᠭ ᠢ ᠪᠠᠷᠢᠯᠴᠠᠵᠤ ᠶᠠᠪᠤᠭ᠎ᠠ ᠬᠦᠮᠦᠰ ᠲᠥ ᠬᠠᠨᠳᠤᠭᠰᠠᠨ ᠨᠢᠭᠡ ᠶᠣᠰᠤᠨ ᠤ ᠭᠡᠷᠢᠶᠡᠰ ᠥᠨᠦᠳᠦᠷ ᠪᠠᠰᠠ ᠬᠠᠲᠠᠭᠤ ᠠᠩᠬᠠᠷᠤᠭᠤᠯᠭ᠎ᠠ ᠪᠣᠯᠵᠤ ᠪᠠᠢᠢᠨ᠎ᠠ᠃
ᠮᠣᠩ᠋ᠭᠤᠯᠴᠤᠳ ᠪᠢᠳᠡ ᠪᠦᠭᠦᠳᠡ ᠪᠡᠷ ᠢᠶᠡᠨ ᠲᠥᠷᠦᠯᠬᠢ ᠮᠣᠩ᠋ᠭᠤᠯ ᠡᠬᠡ ᠣᠷᠤᠨ ᠢᠶᠠᠨ ᠴᠢᠩ ᠰᠡᠳᠬᠢᠯ ᠡᠴᠡ ᠪᠡᠨ ᠬᠠᠢᠢᠷᠠᠯᠠᠳᠠᠭ ᠪᠢᠯᠡ᠃
ᠲᠡᠢᠢᠮᠦ ᠤᠴᠢᠷ ᠠᠴᠠ ᠶᠡᠬᠡ ᠡᠵᠡᠨ ᠴᠢᠩᠬᠢᠰ ᠬᠠᠭᠠᠨ ᠤ ᠪᠠᠨ «ᠡᠴᠢᠭᠡ ᠢᠢᠨ ᠨᠡᠷ᠎ᠡ ᠢᠢ ᠦᠷ᠎ᠡ ᠬᠡᠦᠬᠡᠳ ᠨᠢ ᠠᠮᠢᠳᠤᠷᠠᠭᠤᠯᠵᠤ᠂ ᠡᠴᠢᠭᠡ ᠢᠢᠨ ᠦᠢᠯᠡᠰ ᠢ ᠦᠷ᠎ᠡ ᠬᠡᠦᠬᠡᠳ ᠨᠢ ᠵᠠᠯᠭᠠᠮᠵᠢᠯᠠᠨᠠᠮ ᠤ᠋ᠤ» ᠬᠡᠮᠡᠭᠰᠡᠨ ᠠᠢᠢᠯᠠᠳᠪᠤᠷᠢ ᠢᠢ ᠨᠢ ᠦᠶ᠎ᠡ ᠢᠢᠨ ᠦᠶ᠎ᠡ ᠳᠥ ᠮᠣᠩ᠋ᠭᠤᠯ ᠬᠦᠮᠦᠨ ᠪᠦᠷᠢ ᠰᠦᠰᠦᠭᠯᠡᠨ ᠳᠠᠭᠠᠵᠤ ᠶᠠᠪᠤᠬᠤ ᠨᠢ ᠡᠨᠡ ᠬᠣᠷᠸ᠎ᠠ ᠳᠤ ᠮᠣᠩ᠋ᠭᠤᠯᠴᠤᠳ ᠲᠠ ᠪᠢᠳᠡ ᠲᠥᠷᠦᠯᠬᠢ ᠡᠬᠡ ᠣᠷᠤᠨ ᠳᠤ ᠪᠠᠨ ᠮᠣᠩ᠋ᠭᠤᠯ ᠢᠶᠠᠷ ᠢᠶᠠᠨ ᠦᠯᠡᠳᠡᠬᠦ ᠴᠣᠷ ᠤᠨ ᠭᠠᠭᠴᠠ ᠪᠣᠯᠤᠮᠵᠢ ᠴᠦ ᠪᠠᠢᠢᠵᠤ ᠪᠣᠯᠬᠤ ᠶᠤᠮ᠃
ᠮᠣᠩ᠋ᠭᠤᠯ ᠤᠨ ᠠᠷᠠᠳ ᠲᠦᠮᠡᠨ ᠳᠥ ᠪᠡᠨ ᠮᠡᠬᠦᠢᠢᠨ ᠭᠦᠨ ᠬᠦᠨᠳᠦᠳᠬᠡᠯ᠂ ᠲᠠᠯᠠᠷᠬᠠᠯ ᠢᠶᠠᠨ ᠳᠠᠬᠢᠨ ᠢᠯᠡᠷᠬᠡᠢᠢᠯᠡᠬᠦ ᠢᠢᠨ ᠢᠯᠳᠠᠮ ᠳᠤ ᠮᠣᠩ᠋ᠭᠤᠯ ᠤᠯᠤᠰ ᠤᠨ ᠲᠥᠷᠦ ᠢᠢᠨ ᠲᠡᠷᠢᠭᠦᠨ ᠤᠬᠤᠨ᠎ᠠ ᠢᠢᠨ ᠬᠦᠷᠡᠯᠰᠦ᠋ᠬᠡ ᠲᠠᠨ ᠳᠤ ᠶᠡᠬᠡ ᠡᠵᠡᠨ ᠴᠢᠩᠬᠢᠰ ᠬᠠᠭᠠᠨ ᠤ ᠲᠤᠬᠠᠶ ᠪᠦᠲᠦᠭᠡᠯ ᠡᠴᠡ ᠪᠡᠨ ᠠᠩ᠋ᠭ᠍ᠯᠢ᠂ ᠣᠷᠤᠰ᠂ ᠭᠧᠷᠮᠠᠨ᠂ ᠰᠣᠯᠤᠩ᠋ᠭᠤᠰ᠂ ᠬᠠᠰᠠᠭ ᠵᠡᠷᠭᠡ ᠬᠡᠯᠡᠨ᠎ᠡ ᠬᠥᠷᠪᠡᠭᠦᠯᠦᠭᠳᠡᠵᠦ᠂ ᠭᠠᠳᠠᠭᠠᠳᠤ ᠢᠢᠨ ᠵᠠᠷᠢᠮ ᠤᠯᠤᠰ ᠤᠨ ᠬᠡᠪᠯᠡᠯ ᠦᠨ ᠭᠠᠵᠠᠷ ᠨᠡᠢᠢᠲᠡ ᠢᠢᠨ ᠬᠦᠷᠲᠡᠭᠡᠯ ᠪᠣᠯᠭᠠᠭᠰᠠᠨ ᠠᠴᠠ ᠨᠢ ᠡᠷᠭᠦᠨ ᠪᠠᠷᠢᠶ ᠠ᠃
ᠶᠡᠬᠡ ᠪᠣᠭᠳᠠ ᠡᠵᠡᠨ ᠴᠢᠩᠬᠢᠰ ᠬᠠᠭᠠᠨ ᠤ ᠪᠠᠨ ᠭᠠᠯ ᠭᠣᠯᠤᠮᠲᠠ ᠢᠢ ᠰᠠᠬᠢᠵᠤ ᠰᠠᠭᠤᠭ᠎ᠠ ᠡᠷᠬᠢᠮ ᠪᠡᠷ ᠦᠨ ᠦᠷ᠎ᠡ ᠰᠠᠳᠤ᠂ ᠮᠣᠩ᠋ᠭᠤᠯ ᠤᠯᠤᠰ ᠤᠨ ᠡᠷᠬᠢᠮ ᠬᠦᠨᠳᠦᠲᠦ ᠢᠷᠭᠡᠳ ᠡ᠃
ᠶᠡᠬᠡ ᠬᠠᠭᠠᠨ ᠤ ᠪᠠᠨ «ᠮᠢᠨᠦ ᠰᠤᠷᠭᠠᠯ ᠢ ᠮᠢᠩ᠋ᠭᠠᠨ ᠣᠨ ᠳᠤ ᠬᠤᠪᠢᠷᠠᠭᠠᠯ ᠦᠭᠡᠢ᠂ ᠲᠦᠮᠡᠨ ᠦᠶ᠎ᠡ ᠳᠥ ᠪᠡᠨ ᠥᠭᠡᠷᠡᠴᠢᠯᠡᠯ ᠦᠭᠡᠢ᠂ ᠤᠷᠤᠭ ᠤᠨ ᠤᠷᠤᠭ ᠢᠶᠠᠷ ᠢᠶᠠᠨ ᠮᠥᠷᠳᠡᠨ ᠵᠢᠷᠤᠮᠯᠠᠲᠤᠭᠠᠶ» ᠬᠡᠮᠡᠭᠰᠡᠨ ᠢ ᠨᠢ ᠴᠢᠩᠳᠠ ᠰᠠᠬᠢᠨ ᠪᠡᠶᠡᠯᠡᠭᠦᠯᠵᠦ ᠴᠢᠳᠠᠬᠤ ᠶᠤᠮ ᠪᠣᠯ ᠲᠠ ᠪᠢᠳᠡᠨ ᠦ ᠪᠤᠶᠠᠨ ᠬᠡᠰᠢᠭ᠌ ᠠᠷᠪᠢᠵᠢᠵᠤ ᠶᠠᠪᠤᠬᠤ ᠢᠢᠨ ᠪᠡᠯᠭᠡ ᠲᠡᠢ ᠢᠷᠦᠭᠡᠯ ᠢ ᠡᠷᠭᠦᠨ ᠳᠡᠪᠰᠢᠭᠦᠯᠦᠶ ᠡ᠃
ᠪᠠᠶᠠᠷᠯᠠᠯ᠎ᠠ᠃



