Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ 《ᠮᠣᠩᠭᠣᠯ ᠤᠨ ᠨᠢᠭᠤᠴᠠ ᠲᠣᠪᠴᠢᠶ᠎ᠠ – ᠲᠦᠭᠡᠮᠡᠯ ᠡᠬᠢ》 ᠨᠣᠮ ᠤᠨ ᠳᠡᠯᠭᠡᠴᠡ ᠶᠢᠨ ᠬᠤᠪᠢᠯᠪᠤᠷᠢ ᠶᠢ ᠲᠠᠨᠢᠯᠴᠠᠭᠤᠯᠬᠤ ᠨᠡᠭᠡᠭᠡᠯᠲᠡ ᠶᠢᠨ ᠶᠣᠰᠣᠯᠠᠯ ᠳᠤ ᠤᠷᠤᠯᠴᠠᠪᠠ

《ᠮᠣᠩᠭ᠋ᠣᠯ ᠤᠨ ᠨᠢᠭᠤᠴᠠ ᠲᠣᠪᠴᠢᠶ᠎ᠠ ᠢᠢ ᠳᠡᠯᠡᠬᠡᠢ ᠳᠥ ᠲᠦᠭᠡᠭᠡᠶ᠎ᠡ》 ᠰᠠᠩ ᠤᠨ ᠡᠭᠦᠰᠬᠡᠨ ᠪᠠᠢᠢᠭᠤᠯᠤᠭᠴᠢ᠂ ᠵᠢᠷᠤᠭᠠᠴᠢ ᠷ ∙ ᠪᠠᠲᠤᠴᠡᠩᠭᠡᠯ 《ᠮᠣᠩᠭ᠋ᠣᠯ ᠤᠨ ᠨᠢᠭᠤᠴᠠ ᠲᠣᠪᠴᠢᠶ᠎ᠠ ᠲᠦᠭᠡᠮᠡᠯ ᠡᠬᠢ》 ᠨᠣᠮ ᠤᠨ ᠳᠡᠯᠭᠡᠴᠡ ᠢᠢᠨ ᠬᠤᠪᠢᠯᠪᠤᠷᠢ ᠢᠢ ᠥᠨᠥᠳᠥᠷ /Motion illustration ᠪᠤᠶᠤ ᠬᠥᠳᠡᠯᠭᠡᠭᠡᠨᠳᠥ ᠴᠤᠪᠤᠷᠠᠯ/ ᠣᠯᠠᠨ ᠨᠡᠢᠢᠲᠡ ᠳᠥ ᠲᠠᠨᠢᠯᠴᠠᠭᠤᠯᠤᠯ᠎ᠠ᠃

 

ᠨᠡᠭᠡᠭᠡᠯᠲᠡ ᠢᠢᠨ ᠶᠣᠰᠣᠯᠠᠯ ᠳᠤ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠤᠷᠢᠭᠳᠠᠨ ᠣᠷᠣᠯᠴᠠᠵᠤ᠂ ᠶᠠᠭᠤᠨ ᠲᠦᠷᠦᠭᠦᠨ ᠳᠥ ᠲᠥᠷᠦᠳᠥ ᠶᠣᠰᠣᠨ ᠤ ᠲᠡᠦᠬᠡ ᠲᠡᠳᠦᠢ ᠦᠭᠡᠢ ᠮᠣᠩᠭ᠋ᠣᠯ ᠤᠨ ᠪᠢᠴᠢᠭ᠌ ᠰᠣᠶᠣᠯ ᠤᠨ᠂ ᠤᠷᠠᠨ ᠵᠣᠬᠢᠶᠠᠯ ᠤᠨ ᠳᠤᠷᠠᠰᠬᠠᠯ ᠪᠢᠴᠢᠭ᠌᠂ ᠲᠤᠯᠭᠠᠭᠤᠷᠢ ᠰᠤᠳᠤᠯᠤᠭᠳᠠᠬᠤᠨ ᠢ ᠳᠡᠯᠭᠡᠴᠡ ᠢᠢᠨ ᠪᠦᠲᠦᠭᠡᠯ ᠪᠣᠯᠭᠠᠨ ᠲᠤᠭᠤᠷᠪᠢᠬᠤ ᠳᠤ ᠣᠷᠣᠯᠴᠠᠭᠰᠠᠨ ᠬᠦᠮᠦᠨ ᠪᠦᠷᠢ ᠳᠥ ᠲᠠᠯᠠᠷᠬᠠᠯ ᠢᠯᠡᠷᠬᠡᠢᠢᠯᠡᠵᠦ᠂ ᠠᠮᠵᠢᠯᠲᠠ ᠬᠦᠰᠡᠪᠡ᠃

 

ᠵᠢᠷᠤᠭᠠᠴᠢ ᠷ ∙ ᠪᠠᠲᠤᠴᠡᠩᠭᠡᠯ ᠦᠨ ᠰᠠᠨᠠᠭᠠᠴᠢᠯᠠᠭᠰᠠᠨ 《ᠮᠣᠩᠭ᠋ᠣᠯ ᠤᠨ ᠨᠢᠭᠤᠴᠠ ᠲᠣᠪᠴᠢᠶ᠎ᠠ ᠲᠦᠭᠡᠮᠡᠯ ᠡᠬᠢ》 ᠲᠥᠰᠦᠯ ᠨᠢ ᠠᠩᠯᠢ᠂ ᠰᠣᠯᠣᠩᠭ᠋ᠣᠰ᠂ ᠬᠢᠲᠠᠳ᠂ ᠤᠩᠭ᠋ᠠᠷᠢ᠂ ᠶᠠᠫᠣᠨ᠂ ᠣᠷᠣᠰ᠂ ᠮᠣᠩᠭ᠋ᠣᠯ ᠪᠢᠴᠢᠭ᠌᠂ ᠺᠢᠷᠢᠯ ᠮᠣᠩᠭ᠋ᠣᠯ ᠬᠡᠯᠡ ᠪᠡᠷ ᠮᠣᠩᠭ᠋ᠣᠯ ᠤᠨ ᠲᠡᠳᠦᠢ ᠦᠭᠡᠢ ᠣᠯᠠᠨ ᠤᠯᠤᠰ ᠤᠨ ᠤᠩᠰᠢᠭᠴᠢᠳ ᠤᠨ ᠬᠦᠷᠲᠡᠭᠡᠯ ᠪᠣᠯᠤᠭᠰᠠᠨ ᠪᠣᠯ ᠳᠡᠯᠭᠡᠴᠡ ᠢᠢᠨ ᠪᠦᠲᠦᠭᠡᠯ ᠨᠢ 25 ᠠᠩᠭᠢ ᠲᠠᠢ᠂ ᠤᠭᠰᠠᠭᠠᠲᠠᠨ ᠵᠦᠢ᠂ ᠠᠷᠬᠧᠣᠯᠣᠭᠢ᠂ ᠲᠡᠦᠬᠡ ᠰᠤᠳᠤᠯᠤᠯ ᠤᠨ ᠮᠠᠰᠢ ᠨᠠᠷᠢᠨ ᠰᠤᠳᠤᠯᠭᠠᠨ ᠳᠤ ᠦᠨᠳᠦᠰᠦᠯᠡᠨ ᠪᠦᠲᠦᠭᠡᠭ᠍ᠳᠡᠭᠰᠡᠨ ᠪᠠᠢᠢᠨ᠎ᠠ᠃

 

ᠲᠥᠰᠦᠯ ᠢ ᠰᠠᠨᠠᠭᠠᠴᠢᠯᠠᠭᠴᠢ ᠷ ∙ ᠪᠠᠲᠤᠴᠡᠩᠭᠡᠯ ᠨᠡᠭᠡᠭᠡᠯᠲᠡ ᠢᠢᠨ ᠦᠶ᠎ᠡ ᠪᠡᠷ 《…ᠥᠨᠥᠳᠥᠷ 《ᠮᠣᠩᠭ᠋ᠣᠯ ᠤᠨ ᠨᠢᠭᠤᠴᠠ ᠲᠣᠪᠴᠢᠶ᠎ᠠ ᠲᠦᠭᠡᠮᠡᠯ ᠡᠬᠢ》 ᠲᠥᠰᠦᠯ ᠦᠨ 10 ᠵᠢᠯ ᠦᠨ ᠣᠢ ᠲᠣᠬᠢᠶᠠᠵᠤ ᠪᠠᠢᠢᠨ᠎ᠠ᠃ ᠲᠠ ᠪᠦᠬᠦᠨ ᠳᠥ ᠪᠠᠶᠠᠷᠯᠠᠯ᠎ᠠ᠃ ᠡᠨᠡ ᠪᠦᠲᠦᠭᠡᠯ ᠨᠢ ᠨᠣᠮ ᠮᠡᠲᠦ ᠭᠦᠨᠵᠡᠭᠡᠢ᠂ ᠺᠢᠨᠣ᠋ ᠮᠡᠲᠦ ᠰᠣᠨᠢᠷᠬᠠᠯᠲᠠᠢ ᠪᠠᠢᠢᠬᠤ ᠪᠣᠯᠲᠤᠭᠠᠢ᠃ ᠮᠡᠳᠡᠳᠡᠭ ᠪᠦᠬᠦᠨ ᠢᠶᠡᠨ ᠬᠠᠷᠠᠮ ᠦᠭᠡᠢ ᠬᠡᠯᠡᠵᠦ ᠥᠭᠳᠡᠭ ᠲᠡᠦᠬᠡᠴᠢ᠂ ᠵᠥᠪᠯᠡᠭᠴᠢ ᠪᠠᠭᠰᠢ ᠨᠠᠷ ᠲᠤ ᠪᠠᠨ ᠪᠠᠶᠠᠷᠯᠠᠯ᠎ᠠ᠃ ᠮᠠᠨ ᠤ ᠲᠥᠰᠥᠯ ᠦᠨ ᠠᠴᠢ ᠬᠣᠯᠪᠣᠭᠳᠠᠯ ᠢ ᠬᠠᠮᠤᠭ ᠤᠨ ᠲᠦᠷᠦᠭᠦᠨ ᠳᠥ ᠣᠢᠢᠯᠠᠭᠠᠵᠤ᠂ ᠳᠡᠮᠵᠢᠵᠦ ᠢᠷᠡᠭᠰᠡᠨ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠠᠨ ᠳᠤ ᠭᠦᠨ ᠲᠠᠯᠠᠷᠬᠠᠯ ᠢᠯᠡᠷᠬᠡᠢᠢᠯᠡᠶ᠎ᠡ》 ᠭᠡᠰᠡᠨ ᠶᠤᠮ᠃

 

ᠮᠥᠨ ᠨᠡᠭᠡᠭᠡᠯᠲᠡ ᠢᠢᠨ ᠶᠣᠰᠣᠯᠠᠯ ᠤᠨ ᠦᠶ᠎ᠡ ᠪᠡᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

 

《ᠲᠠ ᠪᠦᠬᠦᠨ ᠳᠥ ᠡᠨᠡ ᠡᠳᠦᠷ ᠦᠨ ᠮᠡᠨᠳᠦ ᠬᠦᠷᠭᠡᠶ᠎ᠡ᠃

 

ᠥᠨᠥᠳᠥᠷ ᠪᠢᠳᠡ ᠵᠢᠷᠤᠭᠠᠴᠢ ᠷ ∙ ᠪᠠᠲᠤᠴᠡᠩᠭᠡᠯ ᠦᠨ 10 ᠭᠠᠷᠤᠢ ᠵᠢᠯ ᠦᠨ ᠬᠥᠳᠡᠯᠮᠦᠷᠢ ᠪᠡᠷ ᠪᠦᠲᠦᠭᠡᠭ᠍ᠰᠡᠨ᠂ ᠱᠠᠲᠤ ᠠᠬᠢᠭᠤᠯᠤᠭᠰᠠᠨ ᠳᠡᠯᠭᠡᠴᠡ ᠢᠢᠨ ᠪᠦᠲᠦᠭᠡᠯ ᠢ ᠨᠡᠬᠡᠭᠡᠬᠦ ᠶᠣᠰᠣᠯᠠᠯ ᠳᠤ ᠣᠷᠣᠯᠴᠠᠵᠤ ᠪᠠᠢᠢᠨ᠎ᠠ᠃ ᠥᠨᠥᠳᠥᠷ ᠪᠦᠲᠦᠭᠡᠯ ᠦᠳ ᠨᠢ ᠳᠣᠯᠣᠭᠠᠨ ᠣᠷᠣᠨ ᠤ ᠬᠡᠯᠡ ᠪᠡᠷ ᠣᠷᠴᠢᠭᠤᠯᠤᠭᠳᠠᠨ ᠣᠯᠠᠨ ᠨᠡᠢᠢᠲᠡ ᠳᠥ ᠬᠦᠷᠦᠭᠰᠡᠨ᠃ ᠬᠠᠷᠢᠨ ᠥᠨᠥᠳᠥᠷ ᠬᠡᠦᠬᠡᠳ ᠦᠳ ᠲᠥ ᠦᠵᠡᠭᠦᠯᠬᠦ ᠳᠥ ᠰᠣᠨᠢᠷᠬᠠᠯᠲᠠᠢ᠂ ᠨᠣᠮ ᠰᠢᠭ ᠳᠡᠯᠭᠡᠷᠡᠩᠭᠦᠢ ᠪᠡᠷ ᠣᠯᠠᠨ ᠤ ᠬᠦᠷᠲᠡᠭᠡᠯ ᠪᠣᠯᠵᠤ ᠪᠠᠢᠢᠨ᠎ᠠ᠃ ᠡᠨᠡ ᠪᠦᠲᠦᠭᠡᠯ ᠡᠴᠡ ᠥᠰᠪᠦᠷᠢ ᠨᠠᠰᠤᠨ ᠤ ᠬᠢᠨ᠂ ᠮᠣᠩᠭ᠋ᠣᠯᠴᠤᠳ ᠪᠢᠳᠡ ᠥᠪ ᠰᠤᠶᠤᠯ ᠢᠶᠠᠨ ᠬᠠᠷᠠᠵᠤ ᠮᠡᠳᠡᠵᠦ᠂ ᠤᠩᠰᠢᠵᠤ ᠣᠢᠢᠯᠠᠭᠠᠨ᠎ᠠ᠃ ᠲᠥᠰᠥᠯ ᠢ ᠰᠠᠨᠠᠭᠠᠴᠢᠯᠠᠭᠴᠢ ᠷ ∙ ᠪᠠᠲᠤᠴᠡᠩᠭᠡᠯ ᠪᠣᠯᠤᠨ ᠲᠡᠭᠦᠨ ᠦ ᠬᠠᠮᠲᠤ ᠣᠯᠠᠨ ᠳᠤ ᠪᠠᠶᠠᠷ ᠬᠦᠷᠭᠡᠶ᠎ᠡ᠃

 

《ᠮᠣᠩᠭ᠋ᠣᠯ ᠤᠨ ᠨᠢᠭᠤᠴᠠ ᠲᠣᠪᠴᠢᠶ᠎ᠠ ᠲᠦᠭᠡᠮᠡᠯ ᠡᠬᠢ》 ᠍ ᠢ ᠬᠠᠷᠠᠬᠤ ᠳᠤ ᠵᠢᠷᠤᠭᠠᠴᠢ ᠵᠢᠷᠤᠭ ᠤᠨ ᠨᠣᠮ ᠬᠢᠭᠡᠳ ᠪᠠᠢᠢᠭ᠎ᠠ ᠶᠤᠮ ᠰᠢᠭ ᠪᠣᠯᠪᠠᠴᠤ ᠠᠷᠤ ᠳᠤ ᠨᠢ ᠠᠰᠤᠷᠤ ᠶᠡᠬᠡ ᠰᠤᠳᠤᠯᠭ᠎ᠠ ᠪᠠᠢᠢᠳᠠᠭ᠃ ᠮᠣᠩᠭ᠋ᠣᠯ ᠤᠨ ᠨᠢᠭᠤᠴᠠ ᠲᠣᠪᠴᠢᠶ᠎ᠠ ᠪᠣᠯ ᠵᠢᠷᠤᠭ ᠦᠭᠡᠢ᠂ ᠲᠡᠦᠬᠡᠨ ᠨᠣᠮ᠃ ᠡᠭᠦᠨ ᠢ ᠵᠢᠷᠤᠭ ᠬᠡᠯᠪᠡᠷᠢ ᠳᠥ ᠰᠢᠯᠵᠢᠭᠦᠯᠬᠦ ᠢᠢᠨ ᠲᠤᠯᠠᠳᠠ ᠲᠤᠬᠠᠢ ᠢᠢᠨ ᠦᠶ᠎ᠡ ᠢᠢᠨ ᠬᠤᠪᠴᠠᠰᠤ ᠬᠡᠷᠡᠭᠯᠡᠯ᠂ ᠮᠣᠷᠢᠨ ᠤ ᠡᠮᠡᠭᠡᠯ᠂ ᠴᠤᠯᠪᠤᠭᠤᠷ᠂ ᠨᠤᠮᠤ ᠰᠤᠮᠤᠨ ᠤ ᠵᠡᠪᠡ᠂ ᠬᠤᠪᠴᠠᠰᠤᠨ ᠤ ᠲᠣᠪᠴᠢᠨ ᠤ ᠬᠡᠯᠪᠡᠷᠢ᠂ ᠬᠤᠪᠴᠠᠰᠤ ᠶᠠᠮᠠᠷ ᠣᠶᠣᠳᠠᠯ ᠲᠠᠢ ᠪᠠᠢᠢᠭᠰᠠᠨ ᠵᠡᠷᠭᠡ ᠮᠠᠰᠢ ᠣᠯᠠᠨ ᠰᠤᠳᠤᠯᠭ᠎ᠠ ᠬᠢᠵᠦ ᠪᠠᠢᠢᠵᠤ ᠳᠦᠷᠰᠦ᠂ ᠵᠢᠷᠤᠭ ᠪᠦᠲᠦᠭᠡᠨ᠎ᠡ᠃ ᠡᠨᠡ ᠨᠢ ᠥᠪᠡᠷ ᠢᠶᠡᠨ ᠬᠦᠨᠳᠦ ᠬᠦᠴᠢᠷ ᠰᠤᠳᠤᠯᠭᠠᠨ ᠤ ᠠᠵᠢᠯ᠂ ᠠᠪᠢᠶᠠᠰ ᠪᠢᠯᠢᠭ᠌ ᠦᠨ ᠨᠡᠢᠢᠯᠡᠪᠦᠷᠢ ᠶᠤᠮ᠃ ᠴᠢᠨᠠᠭᠰᠢ᠂ ᠴᠢᠨᠠᠭᠰᠢᠳᠠ ᠪᠠᠨ ᠮᠣᠩᠭ᠋ᠣᠯ ᠤᠨ ᠲᠡᠦᠬᠡ ᠪᠣᠯᠤᠭᠰᠠᠨ ᠮᠣᠩᠭ᠋ᠣᠯ ᠤᠨ ᠨᠢᠭᠤᠴᠠ ᠲᠣᠪᠴᠢᠶ᠎ᠠ ᠮᠠᠨᠢ ᠣᠯᠠᠨ ᠬᠦᠮᠦᠨ ᠮᠡᠳᠡᠳᠡᠭ᠂ ᠣᠯᠠᠨ ᠣᠷᠣᠨ ᠤ ᠡᠷᠳᠡᠮᠲᠡᠳ ᠰᠤᠳᠤᠯᠳᠠᠭ᠂ ᠮᠣᠩᠭ᠋ᠣᠯᠴᠤᠳ ᠪᠥᠭᠥᠳᠡᠭᠡᠷ ᠢᠶᠡᠨ ᠰᠤᠳᠤᠯᠳᠠᠭ᠂ ᠠᠮᠢᠳᠤᠷᠠᠯ ᠠᠬᠤᠢ ᠳᠤ ᠪᠠᠨ ᠬᠡᠷᠡᠭᠯᠡᠳᠡᠭ ᠪᠣᠯᠤᠭᠠᠰᠠᠢ ᠭᠡᠵᠦ ᠬᠦᠰᠡᠵᠦ ᠪᠠᠢᠢᠨ᠎ᠠ᠃ ᠡᠨᠳᠡ ᠢᠷᠡᠭᠰᠡᠨ ᠬᠦᠮᠦᠰ ᠪᠣᠯᠤᠨ ᠳ᠋ᠣᠺᠲ᠋ᠣᠷ᠂ ᠫᠷᠣᠹᠧᠰᠰᠣᠷ᠂ ᠡᠷᠳᠡᠮᠲᠡᠳ ᠲᠥ ᠪᠡᠨ ᠪᠠᠶᠠᠷᠯᠠᠯ᠎ᠠ ᠭᠡᠵᠦ ᠬᠡᠯᠡᠶ᠎ᠡ》 ᠬᠡᠮᠡᠨ ᠰᠡᠳᠬᠢᠭ᠍ᠳᠡᠯ ᠢᠶᠡᠨ ᠬᠤᠪᠢᠶᠠᠯᠴᠠᠯ᠎ᠠ᠃

 

ᠨᠡᠭᠡᠭᠡᠯᠲᠡ ᠢᠢᠨ ᠶᠣᠰᠣᠯᠠᠯ ᠤᠨ ᠳᠠᠷᠠᠭ᠎ᠠ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠮᠣᠩᠭ᠋ᠣᠯ ᠤᠨ ᠨᠢᠭᠤᠴᠠ ᠲᠣᠪᠴᠢᠶ᠎ᠠ ᠲᠦᠭᠡᠮᠡᠯ ᠡᠬᠢ》 ᠲᠥᠰᠥᠯ ᠲᠡᠢ ᠲᠠᠨᠢᠯᠴᠠᠵᠤ᠂ ᠳᠡᠯᠭᠡᠴᠡ ᠢᠢᠨ ᠬᠤᠪᠢᠯᠪᠤᠷᠢ ᠢᠢ ᠦᠵᠡᠵᠦ ᠰᠣᠨᠢᠷᠬᠠᠪᠠ᠃