Та "Internet explorer"-ийн сүүлийн хувилбар болох "Microsoft edge"-г ашиглана уу

Хэрэв "Microsoft edge"-г татах бол энд дарж татаж авна уу

«ᠨᠡᠷ᠎ᠡ ᠨᠢ ᠦᠯᠦ ᠮᠡᠳᠡᠭᠳᠡᠬᠦ ᠴᠡᠷᠢᠭ ᠦᠨ ᠪᠤᠩᠬᠤᠨ» ᠳ᠋ᠤ ᠴᠡᠴᠡᠭ ᠡᠷᠭᠦᠵᠦ᠂ ᠬᠦᠨᠳᠦᠳᠬᠡᠯ ᠦᠵᠡᠭᠦᠯᠦᠯ᠎ᠡ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠢᠲ᠋ᠠᠯᠢ ᠤᠯᠤᠰ ᠤᠨ ᠶᠡᠷᠦᠩᠬᠡᠢᠢᠯᠡᠭᠴᠢ ᠰᠧᠷᠵᠢᠣ᠋ ᠮᠠᠲ᠋ᠲ᠋ᠠᠷᠷᠧᠯᠯᠠ ᠢᠢᠨ ᠤᠷᠢᠯᠭ᠎ᠠ ᠪᠠᠷ ᠲᠤᠰ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠠᠢᠢᠨ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ᠂ ᠭᠡᠷᠭᠡᠶ ᠯᠤ᠊·ᠪᠣᠯᠤᠷᠴᠡᠴᠡᠭ᠌ ᠪᠣᠯᠤᠨ ᠳᠠᠭᠠᠯᠳᠤᠨ ᠶᠠᠪᠤᠭ᠎ᠠ ᠠᠯᠪᠠᠨ ᠤ ᠲᠥᠯᠦᠭᠡᠯᠡᠭᠴᠢᠳ «ᠡᠬᠡ ᠣᠷᠤᠨ ᠤ ᠬᠦᠨᠳᠦᠳᠬᠡᠯ ᠦᠨ ᠴᠣᠭᠴᠠᠯᠠᠪᠤᠷᠢ» ᠊ᠳᠤ ᠵᠣᠴᠢᠯᠠᠵᠤ᠂ «ᠨᠡᠷ᠎ᠡ ᠨᠢ ᠦᠯᠦ ᠮᠡᠳᠡᠭᠳᠡᠬᠦ ᠴᠡᠷᠢᠭ ᠦᠨ ᠪᠤᠩᠬᠤᠨ» ᠳ᠋ᠤ ᠴᠡᠴᠡᠭ ᠡᠷᠭᠦᠵᠦ᠂ ᠬᠦᠨᠳᠦᠳᠬᠡᠯ ᠦᠵᠡᠭᠦᠯᠦᠯ᠎ᠡ᠃

ᠷᠣᠮᠡ ᠬᠣᠲᠠ ᠢᠢᠨ ᠲᠥᠪ᠂ ᠸᠧᠨᠧᠼᠢᠶ ᠠ ᠢᠢᠨ ᠲᠠᠯᠠᠪᠠᠢ ᠳᠤ ᠪᠠᠢᠢᠷᠢᠯᠠᠬᠤ ᠴᠣᠭᠴᠠᠯᠠᠪᠤᠷᠢ ᠢᠢ ᠣᠯᠠᠨ ᠵᠢᠯ ᠦᠨ ᠳᠠᠢᠢᠨ᠂ ᠲᠡᠮᠡᠴᠡᠯ ᠦᠨ ᠳᠠᠷᠠᠭ᠎ᠠ ᠪᠤᠶᠤ ᠑᠘᠖᠑ ᠣᠨ ᠳᠤ ᠲᠠᠷᠬᠠᠶ ᠪᠤᠲᠠᠷᠬᠠᠶ ᠸᠠᠩᠲᠤ ᠤᠯᠤᠰ ᠤᠳ ᠢ ᠨᠢᠭᠡᠳᠬᠡᠵᠦ᠂ ᠣᠷᠴᠢᠨ ᠦᠶ᠎ᠡ ᠢᠢᠨ ᠢᠲ᠋ᠠᠯᠢ ᠢᠢᠨ ᠦᠨᠳᠦᠰᠦ ᠢᠢ ᠲᠠᠯᠪᠢᠬᠤ ᠳᠤ ᠭᠣᠣᠯᠯᠠᠬᠤ ᠡᠭᠦᠷᠭᠡ ᠭᠦᠢᠴᠡᠳᠬᠡᠭ᠍ᠰᠡᠨ ᠬᠣᠶᠠᠳ᠋ᠤᠭᠠᠷ ᠸᠢᠻᠲ᠋ᠣᠷ ᠧᠮᠮᠠᠨᠦ᠋ᠧᠯ ᠬᠠᠭᠠᠨ ᠤ ᠳᠤᠷᠠᠰᠬᠠᠯ ᠳᠤ ᠵᠣᠷᠢᠭᠤᠯᠤᠨ ᠪᠠᠢᠢᠭᠤᠯᠤᠭᠰᠠᠨ ᠲᠡᠦᠬᠡ ᠲᠡᠢ᠃

ᠸᠢᠻᠲ᠋ᠣᠷ ᠧᠮᠮᠠᠨᠦ᠋ᠧᠯ ᠬᠠᠭᠠᠨ ᠢ ᠢᠲ᠋ᠠᠯᠢ ᠢᠢᠨ ᠠᠷᠠᠳ ᠲᠦᠮᠡᠨ «ᠤᠯᠤᠰ ᠲᠥᠷᠦ ᠢᠢᠨ ᠨᠢᠭᠡᠳᠦᠯ ᠦᠨ ᠡᠴᠢᠭᠡ» ᠬᠡᠮᠡᠨ ᠦᠵᠡᠳᠡᠭ ᠪᠠᠢᠢᠨ᠎ᠠ᠃

᠑᠘᠘᠕ ᠣᠨ ᠠᠴᠠ ᠕᠐ ᠭᠠᠷᠤᠶ ᠵᠢᠯ ᠦᠨ ᠲᠤᠷᠰᠢ ᠪᠠᠷᠢᠵᠤ ᠪᠦᠲᠦᠭᠡᠭ᠍ᠰᠡᠨ ᠴᠠᠭᠠᠨ ᠭᠠᠨᠲᠢᠭ ᠴᠢᠯᠠᠭᠤᠨ ᠴᠣᠭᠴᠠᠯᠠᠪᠤᠷᠢ ᠡᠳᠦᠭᠡ ᠲᠡᠦᠬᠡ᠂ ᠠᠷᠬᠢᠲ᠋ᠧᠻᠲ᠋ᠦ᠋ᠷ ᠤᠨ ᠲᠡᠳᠦᠶ ᠦᠭᠡᠢ ᠦᠨᠳᠦᠰᠦᠨ ᠦ ᠪᠠᠬᠠᠷᠬᠠᠯ᠂ ᠡᠪ ᠨᠢᠭᠡᠳᠦᠯ ᠦᠨ ᠢᠯᠡᠷᠬᠡᠢᠢᠯᠡᠯ ᠪᠣᠯᠵᠠᠶ᠃

«ᠨᠡᠷ᠎ᠡ ᠨᠢ ᠦᠯᠦ ᠮᠡᠳᠡᠭᠳᠡᠬᠦ ᠪᠤᠩᠬᠤᠨ» ᠨᠢ ᠢᠲ᠋ᠠᠯᠢ ᠢᠢᠨ ᠠᠷᠠᠳ ᠲᠦᠮᠡᠨ ᠦ ᠲᠤᠰᠠᠭᠠᠷ ᠲᠣᠭᠲᠠᠨᠢᠯ᠂ ᠢᠲᠡᠭᠡᠯ ᠦᠨᠡᠮᠰᠢᠯ᠂ ᠡᠬᠡ ᠣᠷᠤᠨᠴᠢ ᠦᠵᠡᠯ ᠦᠨ ᠪᠡᠯᠭᠡ ᠲᠡᠮᠳᠡᠭ ᠪᠥᠭᠡᠳ ᠡᠭᠦᠷᠢᠳᠡ ᠮᠥᠩᠬᠡ ᠢᠢ ᠪᠡᠯᠭᠡᠳᠡᠭᠰᠡᠨ ᠮᠥᠩᠬᠡ ᠢᠢᠨ ᠭᠠᠯ ᠠᠰᠠᠭᠠᠯᠲᠠ ᠲᠠᠢ ᠪᠠᠢᠢᠳᠠᠭ᠃

ᠦᠨᠳᠦᠰᠦᠨ ᠦ ᠲᠣᠮᠣᠬᠠᠨ ᠪᠠᠶᠠᠷ᠂ ᠲᠥᠷᠦ ᠢᠢᠨ ᠶᠣᠰᠤᠯᠠᠯ ᠤᠨ ᠦᠶ᠎ᠡ ᠪᠡᠷ ᠲᠥᠷᠦ᠂ ᠵᠠᠰᠠᠭ ᠤᠨ ᠬᠢ ᠨᠢ ᠲᠡᠷᠢᠭᠦᠨ ᠪᠣᠯᠤᠨ ᠲᠤᠰ ᠤᠯᠤᠰ ᠲᠤ ᠠᠢᠢᠯᠴᠢᠯᠠᠵᠤ ᠪᠤᠢ ᠭᠠᠳᠠᠭᠠᠳᠤ ᠢᠢᠨ ᠤᠯᠤᠰ ᠣᠷᠤᠨ ᠤ ᠲᠡᠷᠢᠭᠦᠨ ᠨᠠᠷ ᠴᠡᠴᠡᠭ ᠡᠷᠭᠦᠵᠦ᠂ ᠬᠦᠨᠳᠦᠳᠬᠡᠯ ᠦᠵᠡᠭᠦᠯᠳᠡᠭ ᠤᠯᠠᠮᠵᠢᠯᠠᠯ ᠲᠠᠢ ᠶᠤᠮ᠃