Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ 《ᠮᠣᠩᠭᠣᠯ ᠪᠥᠬᠡ ᠶᠢᠨ ᠥᠷᠭᠥᠭᠡ》  ᠢᠢ ᠲᠥᠷᠥ ᠶᠢᠨ ᠥᠮᠴᠢ ᠳᠦ ᠰᠢᠯᠵᠢᠭᠦᠯᠬᠦ ᠠᠰᠠᠭᠤᠳᠠᠯ ᠢᠶᠠᠷ ᠶᠡᠷᠦᠩᠬᠡᠢ ᠰᠠᠶᠢᠳ ᠤ᠊ ∙ ᠬᠦᠷᠡᠯᠰᠦ᠋ᠬᠡ ᠳᠥ ᠠᠯᠪᠠᠨ ᠪᠢᠴᠢᠭ ᠬᠦᠷᠭᠡᠭᠦᠯᠪᠡ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ 《ᠮᠣᠩᠭ᠋ᠣᠯ ᠪᠥᠬᠡ ᠢᠢᠨ ᠥᠷᠭᠦᠭᠡ ᠢᠢ ᠲᠥᠷᠦ ᠢᠢᠨ ᠥᠮᠴᠢ ᠳᠥ ᠰᠢᠯᠵᠢᠭᠦᠯᠬᠦ ᠠᠰᠠᠭᠤᠳᠠᠯ ᠢᠶᠠᠷ 《ᠠᠷᠭ᠎ᠠ ᠬᠡᠮᠵᠢᠶ᠎ᠡ ᠠᠪᠬᠤ ᠲᠤᠬᠠᠢ》 ᠠᠯᠪᠠᠨ ᠪᠢᠴᠢᠭ᠌ ᠢ ᠮᠣᠩᠭ᠋ᠣᠯ ᠤᠯᠤᠰ ᠤᠨ ᠶᠡᠷᠦᠩᠬᠡᠢ ᠰᠠᠢᠢᠳ ᠤ᠊ ∙ ᠬᠦᠷᠡᠯᠰᠦ᠋ᠬᠡ ᠳᠥ ᠢᠯᠡᠭᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠡᠮᠦᠨ᠎ᠡ ᠨᠢ ᠪᠤᠶᠤ 2018 ᠣᠨ ᠤ ᠳᠥᠷᠪᠡᠳᠦᠭᠡᠷ ᠰᠠᠷ᠎ᠠ ᠳᠤ ᠮᠣᠩᠭ᠋ᠣᠯ ᠪᠥᠬᠡ ᠢᠢᠨ ᠥᠷᠭᠥᠭᠡ᠂ ᠮᠣᠩᠭ᠋ᠣᠯ ᠤᠨ ᠦᠨᠳᠦᠰᠦᠨ ᠦ ᠪᠥᠬᠡ ᠢᠢᠨ ᠬᠣᠯᠪᠣᠭᠠᠨ ᠳᠤ ᠡᠭᠦᠰᠦᠭᠰᠡᠨ ᠠᠰᠠᠭᠤᠳᠠᠯ ᠢ ᠲᠥᠷᠥ ᠢᠢᠨ ᠪᠤᠰᠤ ᠪᠠᠢᠢᠭᠤᠯᠤᠯᠭ᠎ᠠ ᠢᠢᠨ ᠲᠤᠬᠠᠢ ᠬᠠᠤᠯᠢ ᠪᠣᠯᠤᠨ ᠬᠣᠯᠪᠣᠭᠳᠠᠬᠤ ᠪᠤᠰᠤᠳ ᠳᠦᠷᠢᠮ ᠵᠢᠷᠤᠮ ᠤᠨ ᠢᠶᠠᠨ ᠬᠦᠷᠢᠶᠡᠨ ᠳᠥ ᠠᠰᠠᠭᠤᠳᠠᠯ ᠢ ᠡᠪ ᠵᠦᠢ ᠪᠡᠷ ᠰᠢᠢᠳᠪᠦᠷᠢᠯᠡᠬᠦ ᠰᠠᠨᠠᠭᠤᠯᠭ᠎ᠠ ᠬᠦᠷᠭᠡᠭᠦᠯᠵᠦ ᠪᠠᠢᠢᠭᠰᠠᠨ ᠶᠤᠮ᠃

 

ᠬᠠᠷᠢᠨ ᠥᠨᠥᠳᠥᠷ ᠮᠣᠩᠭ᠋ᠣᠯ ᠤᠯᠤᠰ ᠤᠨ ᠶᠡᠷᠦᠩᠬᠡᠢ ᠰᠠᠢᠢᠳ ᠲᠤ ᠢᠯᠡᠭᠡᠭ᠍ᠰᠡᠨ ᠠᠯᠪᠠᠨ ᠪᠢᠴᠢᠭ᠌ ᠲᠥ᠄

 

ᠮᠣᠩᠭ᠋ᠣᠯ ᠪᠥᠬᠡ ᠢᠢᠨ ᠥᠷᠭᠥᠭᠡ ᠢᠢ ᠪᠣᠯᠤᠨ ᠮᠣᠩᠭ᠋ᠣᠯ ᠤᠨ ᠦᠨᠳᠦᠰᠦᠨ ᠦ ᠪᠥᠬᠡ ᠢᠢᠨ ᠬᠣᠯᠪᠣᠭᠠᠨ ᠤ ᠲᠡᠷᠢᠭᠦᠨ ᠦ ᠠᠯᠪᠠᠨ ᠲᠤᠰᠢᠶᠠᠯ ᠢ ᠪᠤᠯᠢᠶᠠᠯᠳᠤᠭᠰᠠᠨ ᠬᠡᠰᠡᠭ ᠬᠦᠮᠦᠰ ᠦᠨ ᠵᠥᠷᠢᠴᠡᠯ᠂ ᠲᠡᠮᠡᠴᠡᠯ ᠲᠤᠢᠢᠯ ᠳᠤ ᠪᠠᠨ ᠬᠦᠷᠴᠦ᠂ ᠮᠣᠩᠭ᠋ᠣᠯ ᠬᠦᠮᠦᠨ ᠪᠦᠷᠢ ᠢᠢᠨ ᠬᠦᠨᠳᠦᠯᠡᠯ᠂ ᠪᠢᠰᠢᠷᠡᠯ ᠢ ᠬᠦᠯᠢᠶᠡᠵᠦ ᠢᠷᠡᠭᠰᠡᠨ ᠦᠨᠳᠦᠰᠦᠨ ᠦ ᠰᠫᠣᠷᠲ᠂ ᠲᠡᠦᠬᠡᠲᠦ ᠶᠡᠬᠡ ᠥᠪ ᠰᠤᠶᠤᠯ ᠤᠨ ᠮᠠᠨᠢ ᠨᠡᠷ᠎ᠡ ᠬᠦᠨᠳᠦ᠂ ᠦᠨᠡᠯᠡᠮᠵᠢ ᠢᠢ ᠦᠭᠡᠢᠢᠰᠬᠡᠨ ᠭᠤᠲᠤᠭᠠᠬᠤ ᠪᠣᠯᠤᠭᠰᠠᠨ ᠲᠠᠢ ᠬᠣᠯᠪᠣᠭᠳᠠᠭᠤᠯᠤᠨ ᠮᠢᠨᠦ ᠪᠡᠶ᠎ᠡ 2018 ᠣᠨ ᠤ 04 ᠳᠦᠭᠡᠷ ᠰᠠᠷ᠎ᠠ ᠢᠢᠨ 23 ᠍ ᠤ ᠡᠳᠦᠷ ᠵᠥᠷᠢᠴᠡᠯᠳᠦᠭᠴᠢ ᠲᠠᠯ ᠤᠳ ᠤᠨ ᠲᠥᠯᠥᠭᠡᠯᠡᠯ ᠪᠣᠯᠤᠭᠰᠠᠨ ᠨᠡᠷ᠎ᠡ ᠪᠦᠬᠦᠢ ᠬᠦᠮᠦᠰ ᠲᠥ ᠬᠠᠤᠯᠢ ᠶᠣᠰᠣ ᠢᠢ ᠤᠮᠠᠷᠲᠠᠭᠰᠠᠨ ᠲᠡᠮᠡᠴᠡᠯ ᠢᠶᠡᠨ ᠲᠠᠰᠤᠯᠤᠨ ᠵᠣᠭᠰᠣᠭᠠᠵᠤ᠂ ᠲᠥᠷᠥ ᠢᠢᠨ ᠪᠤᠰᠤ ᠪᠠᠢᠢᠭᠤᠯᠤᠯᠭ᠎ᠠ ᠢᠢᠨ ᠲᠤᠬᠠᠢ ᠬᠠᠤᠯᠢ ᠪᠣᠯᠤᠨ ᠬᠣᠯᠪᠣᠭᠳᠠᠬᠤ ᠪᠤᠰᠤᠳ ᠳᠦᠷᠢᠮ ᠵᠢᠷᠤᠮ ᠤᠨ ᠢᠶᠠᠨ ᠬᠦᠷᠢᠶᠡᠨ ᠳᠥ ᠠᠰᠠᠭᠤᠳᠠᠯ ᠢ ᠡᠪ ᠵᠦᠢ ᠪᠡᠷ ᠰᠢᠢᠳᠪᠦᠷᠢᠯᠡᠬᠦ ᠰᠠᠨᠠᠭᠤᠯᠭ᠎ᠠ ᠬᠦᠷᠭᠡᠭᠦᠯᠦᠭᠰᠡᠨ ᠪᠣᠯᠪᠠᠴᠤ ᠦᠷ᠎ᠡ ᠳ᠋ᠦᠩ ᠳᠥ ᠬᠦᠷᠦᠭᠰᠡᠨ ᠦᠭᠡᠢ᠃ ᠵᠥᠷᠢᠴᠡᠯᠳᠦᠭᠴᠢ ᠲᠠᠯ᠎ᠠ ᠨᠤᠭᠤᠳ ᠠᠴᠠ ᠢᠷᠡᠭᠦᠯᠵᠦ ᠪᠤᠢ ᠪᠡᠶ᠎ᠡ ᠪᠡᠶ᠎ᠲ ᠢᠶᠡᠨ ᠦᠭᠡᠢᠢᠰᠬᠡᠨ ᠬᠠᠷᠠᠯᠠᠭᠤᠯᠤᠭᠰᠠᠨ ᠡᠷᠭᠦᠳᠡᠯ᠂ ᠮᠡᠳᠡᠭᠡᠯᠡᠯ ᠦᠳ ᠥᠨᠥ ᠬᠢᠷᠢ ᠴᠤ ᠲᠠᠰᠤᠷᠠᠬᠤ ᠦᠭᠡᠢ ᠪᠠᠢᠢᠨ᠎ᠠ᠃

 

ᠪᠥᠬᠡᠴᠦᠳ ᠪᠣᠯᠤᠨ ᠪᠥᠬᠡ ᠢᠢᠨ ᠵᠢᠳᠬᠦᠯᠲᠡᠨ ᠨᠦᠭᠦᠳ ᠦᠨ ᠬᠦᠷᠢᠶᠡᠨ ᠡᠴᠡ ᠬᠠᠯᠢᠵᠤ᠂ ᠪᠥᠬᠡ ᠰᠣᠨᠢᠷᠬᠠᠭᠴᠢᠳ ᠢ ᠬᠦᠷᠲᠡᠯ᠎ᠡ ᠲᠠᠯᠠᠴᠠᠭᠤᠯᠬᠤ ᠬᠡᠮᠵᠢᠶᠡᠨ ᠳᠥ ᠬᠦᠷᠦᠭᠰᠡᠨ ᠡᠨᠡᠬᠦ ᠦᠢᠯᠡ ᠶᠠᠪᠤᠳᠠᠯ ᠢ ᠢᠷᠭᠡᠳ᠂ ᠣᠯᠠᠨ ᠨᠡᠢᠢᠲᠡ ᠢᠯᠡᠳᠲᠡ ᠪᠤᠷᠤᠭᠤᠰᠢᠶᠠᠵᠤ᠂ ᠤᠯᠤᠰ ᠤᠨ ᠲᠥᠰᠥᠪ ᠦᠨ ᠬᠥᠷᠥᠩᠭᠡ᠂ ᠠᠷᠠᠳ ᠲᠦᠮᠡᠨ ᠦ ᠬᠠᠨᠳᠢᠪ᠂ ᠲᠤᠰᠠᠯᠠᠮᠵᠢ ᠪᠠᠷ ᠪᠠᠢᠢᠭᠤᠯᠤᠭᠳᠠᠭᠰᠠᠨ ᠮᠣᠩᠭ᠋ᠣᠯ ᠪᠥᠬᠡ ᠢᠢᠨ ᠥᠷᠭᠥᠭᠡ ᠢᠢ ᠲᠥᠷᠥ ᠢᠢᠨ ᠮᠡᠳᠡᠯ ᠳᠥ ᠠᠪᠬᠤ ᠶᠣᠰᠣᠲᠠᠢ ᠭᠡᠳᠡᠭ ᠰᠠᠨᠠᠯ᠂ ᠱᠠᠭᠠᠷᠳᠠᠯᠭ᠎ᠠ ᠢᠢ ᠭᠠᠷᠭᠠᠬᠤ ᠪᠣᠯᠤᠭᠰᠠᠨ ᠨᠢ ᠵᠦᠢ ᠶᠣᠰᠣᠨ ᠤ ᠬᠡᠷᠡᠭ ᠪᠥᠭᠡᠳ ᠠᠩᠬᠠᠷᠴᠤ ᠰᠢᠢᠳᠪᠦᠷᠢᠯᠡᠪᠡᠯ ᠵᠣᠬᠢᠬᠤ ᠦᠨᠳᠦᠰᠦᠯᠡᠯ ᠪᠦᠬᠦᠢ ᠠᠰᠠᠭᠤᠳᠠᠯ ᠮᠥᠨ ᠶᠤᠮ᠃

 

ᠮᠣᠩᠭ᠋ᠣᠯ ᠤᠯᠤᠰ ᠤᠨ ᠶᠡᠬᠡ ᠬᠤᠷᠠᠯ ᠤᠨ 1997 ᠣᠨ ᠤ 87 ᠳ᠋ᠤᠭᠠᠷ ᠲᠣᠭᠲᠠᠭᠠᠯ ᠤᠨ ᠬᠠᠪᠰᠤᠷᠤᠯᠲᠠ ᠪᠠᠷ ᠪᠠᠲᠤᠯᠠᠭᠳᠠᠭᠰᠠᠨ ᠮᠣᠩᠭ᠋ᠣᠯ ᠤᠯᠤᠰ ᠤᠨ ᠡᠳ᠋ ᠍ ᠦᠨ ᠵᠠᠰᠠᠭ᠂ ᠨᠡᠢᠢᠭᠡᠮ ᠢ 1998 ᠣᠨ ᠳᠤ ᠬᠥᠭ᠍ᠵᠢᠭᠦᠯᠬᠦ ᠦᠨᠳᠦᠰᠦᠨ ᠴᠢᠭᠯᠡᠯ ᠳᠥ 《ᠣᠯᠠᠨ ᠨᠡᠢᠢᠲᠡ ᠢᠢᠨ ᠡᠭᠦᠰᠬᠡᠯ ᠰᠠᠨᠠᠭᠠᠴᠢᠯᠠᠭ᠎ᠠ ᠪᠠᠷ ᠡᠬᠢᠯᠡᠭᠦᠯᠦᠭᠰᠡᠨ ᠪᠥᠬᠡ ᠢᠢᠨ ᠥᠷᠭᠦᠭᠡᠨ ᠦ ᠳᠠᠭᠤᠰᠤᠭ᠎ᠠ ᠦᠭᠡᠢ ᠪᠠᠷᠢᠯᠭ᠎ᠠ ᠢᠢ ᠲᠥᠰᠥᠪ ᠦᠨ ᠬᠥᠷᠥᠩᠭᠡ ᠪᠣᠯᠤᠨ ᠡᠷᠭᠢᠵᠦ ᠲᠥᠯᠦᠭᠳᠡᠬᠦ ᠵᠡᠭᠡᠯᠢ ᠢᠢᠨ ᠬᠥᠷᠥᠩᠭᠡ ᠪᠡᠷ ᠰᠠᠩᠬᠦᠵᠢᠯᠲᠡ ᠬᠢᠵᠦ ᠪᠠᠷᠢᠵᠤ ᠳᠠᠭᠤᠰᠬᠠᠬᠤ》 ᠲᠤᠬᠠᠢ ᠵᠣᠷᠢᠯᠲᠠ᠂ ᠠᠷᠭ᠎ᠠ ᠬᠡᠮᠵᠢᠶ᠎ᠡ ᠲᠤᠰᠬᠠᠭᠳᠠᠵᠤ᠂ ᠬᠡᠷᠡᠭᠵᠢᠭᠦᠯᠬᠦ ᠡᠭᠦᠷᠭᠡ ᠢᠢ ᠵᠠᠰᠠᠭ ᠤᠨ ᠭᠠᠵᠠᠷ ᠲᠤ ᠬᠦᠯᠢᠶᠡᠯᠭᠡᠭ᠍ᠰᠡᠨ᠃ ᠡᠭᠦᠨ ᠦ ᠳᠠᠭᠠᠭᠤ ᠮᠣᠩᠭ᠋ᠣᠯ ᠤᠯᠤᠰ ᠤᠨ ᠵᠠᠰᠠᠭ ᠤᠨ ᠭᠠᠵᠠᠷ ᠪᠥᠬᠡ ᠢᠢᠨ ᠥᠷᠭᠦᠭᠡᠨ ᠦ ᠪᠠᠷᠢᠯᠭ᠎ᠠ ᠢᠢᠨ ᠳᠠᠭᠤᠰᠬᠠᠯ ᠳᠤ ᠱᠠᠭᠠᠷᠳᠠᠭᠳᠠᠵᠤ ᠪᠠᠢᠢᠭ᠎ᠠ 1.122.0 (ᠨᠢᠭᠡ ᠲᠡᠷᠪᠤᠮ ᠨᠢᠭᠡ ᠵᠠᠭᠤᠨ ᠬᠣᠷᠢᠨ ᠬᠣᠶᠠᠷ) ᠰᠠᠶ᠎ᠠ ᠲᠥᠭᠦᠷᠢᠭ᠌ ᠦᠨ 800 (ᠨᠠᠢᠢᠮᠠᠨ ᠵᠠᠭᠤ) ᠰᠠᠶ᠎ᠠ ᠲᠥᠭᠦᠷᠢᠭ᠌ ᠢ ᠨᠢ ᠤᠯᠤᠰ ᠤᠨ ᠲᠥᠪᠯᠡᠷᠡᠭᠰᠡᠨ ᠲᠥᠰᠦᠪ ᠡᠴᠡ ᠰᠠᠩᠬᠦᠵᠢᠭᠦᠯᠬᠦ ᠪᠡᠷ ᠰᠢᠢᠳᠪᠦᠷᠢᠯᠡᠵᠦ᠂ 1998 ᠣᠨ ᠤ 02 ᠳ᠋ᠤᠭᠠᠷ ᠰᠠᠷ᠎ᠠ ᠢᠢᠨ 01 ᠪᠠ 10 ᠍ ᠤ ᠡᠳᠦᠷ ᠦᠳ ᠲᠥ ᠵᠠᠰᠠᠭ ᠤᠨ ᠭᠠᠵᠠᠷ ᠤᠨ ᠬᠣᠯᠪᠣᠭᠳᠠᠬᠤ ᠶᠠᠮᠤ᠂ ᠠᠭᠧᠨᠲᠯᠢᠭ ᠨᠢ ᠮᠣᠩᠭ᠋ᠣᠯ ᠤᠨ ᠦᠨᠳᠦᠰᠦᠨ ᠦ ᠪᠥᠬᠡ ᠢᠢᠨ ᠬᠣᠯᠪᠣᠭ᠎ᠠ ᠲᠠᠢ ᠭᠡᠷ᠎ᠡ ᠪᠠᠢᠢᠭᠤᠯᠵᠤ᠂ ᠬᠤᠪᠢᠶᠠᠷᠢ ᠢᠢᠨ ᠳᠠᠭᠠᠭᠤ ᠰᠠᠩᠬᠦᠵᠢᠭᠦᠯᠦᠭᠰᠡᠨ ᠢᠶᠡᠷ ᠮᠣᠩᠭ᠋ᠣᠯ ᠪᠥᠬᠡ ᠢᠢᠨ ᠥᠷᠭᠦᠭᠡ ᠠᠰᠢᠭᠯᠠᠯᠲᠠ ᠳᠤ ᠣᠷᠣᠭᠰᠠᠨ ᠲᠡᠦᠬᠡ ᠲᠡᠢ᠃

 

ᠲᠥᠷᠥ ᠢᠢᠨ ᠪᠣᠯᠤᠨ ᠣᠷᠣᠨ ᠨᠤᠲᠤᠭ ᠤᠨ ᠥᠮᠴᠢ ᠢᠢᠨ ᠲᠤᠬᠠᠢ ᠬᠠᠤᠯᠢ ᠢᠢᠨ ᠬᠦᠷᠢᠶᠡᠨ ᠳᠥ ᠡᠭᠦᠨ ᠢ ᠠᠪᠴᠤ ᠦᠵᠡᠪᠡᠯ ᠨᠡᠢᠢᠲᠡ ᠵᠠᠷᠤᠳᠠᠯ ᠤᠨ ᠳᠡᠢᠢᠯᠦᠩᠬᠢ ᠬᠤᠪᠢ ᠢᠢ ᠤᠯᠤᠰ ᠤᠨ ᠲᠥᠰᠥᠪ ᠦᠨ ᠬᠥᠷᠥᠩᠭᠡ ᠪᠡᠷ ᠰᠠᠩᠬᠦᠵᠢᠭᠦᠯᠦᠨ ᠪᠠᠢᠢᠭᠤᠯᠤᠭᠰᠠᠨ ᠮᠣᠩᠭ᠋ᠣᠯ ᠪᠥᠬᠡ ᠢᠢᠨ ᠥᠷᠭᠦᠭᠡᠨ ᠦ ᠭᠣᠣᠯ ᠥᠮᠴᠢᠯᠡᠭᠴᠢ ᠨᠢ ᠲᠥᠷᠥ ᠪᠠᠢᠢᠬᠤ ᠪᠠᠷ ᠪᠠᠢᠢᠨ᠎ᠠ᠃ ᠲᠤᠬᠠᠢᠢᠯᠠᠪᠠᠯ ᠲᠥᠷᠥ ᠢᠢᠨ ᠪᠣᠯᠤᠨ ᠣᠷᠣᠨ ᠨᠤᠲᠤᠭ ᠤᠨ ᠥᠮᠴᠢ ᠢᠢᠨ ᠲᠤᠬᠠᠢ ᠬᠠᠤᠯᠢ ᠢᠢᠨ 5 ᠳ᠋ᠤᠭᠠᠷ ᠵᠦᠢᠯ ᠦᠨ 3 ᠳ᠋ᠠᠬᠢ ᠬᠡᠰᠡᠭ ᠲᠥ 《ᠲᠥᠷᠥ ᠢᠢᠨ ᠥᠪᠡᠷ ᠦᠨ ᠥᠮᠴᠢ ᠢᠢ ᠡᠵᠡᠮᠰᠢᠬᠦ᠂ ᠠᠰᠢᠭᠯᠠᠬᠤ᠂ ᠵᠠᠬᠢᠷᠤᠨ ᠵᠠᠷᠤᠴᠠᠭᠤᠯᠬᠤ ᠲᠠᠢ ᠬᠣᠯᠪᠣᠭᠳᠠᠭᠰᠠᠨ ᠬᠠᠷᠢᠯᠴᠠᠭ᠎ᠠ ᠢᠢ ᠡᠨᠡ ᠬᠠᠤᠯᠢ ᠪᠠᠷ ᠵᠣᠬᠢᠴᠠᠭᠤᠯᠤᠨ᠎ᠠ》᠂ 6 ᠳ᠋ᠤᠭᠠᠷ ᠵᠦᠢᠯ ᠦᠨ 2 ᠳ᠋ᠠᠬᠢ ᠬᠡᠰᠡᠭ ᠲᠥ 《ᠲᠥᠰᠥᠪ ᠦᠨ ᠬᠥᠷᠥᠩᠭᠡ ᠣᠷᠣᠭᠤᠯᠤᠯᠲᠠ ᠪᠠᠷ ᠪᠤᠢ ᠪᠣᠯᠤᠭᠰᠠᠨ ᠬᠥᠷᠥᠩᠭᠡ ᠨᠢ ᠲᠥᠷᠥ ᠢᠢᠨ ᠪᠣᠯᠤᠨ ᠣᠷᠣᠨ ᠨᠤᠲᠤᠭ ᠤᠨ ᠥᠮᠴᠢ ᠪᠠᠢᠢᠨ᠎ᠠ᠃ ᠲᠥᠰᠦᠪ ᠲᠥ ᠠᠪᠤᠭᠰᠠᠨ ᠵᠡᠭᠡᠯᠢ᠂ ᠬᠠᠨᠳᠢᠪ᠂ ᠳᠡᠮᠵᠢᠯᠭᠡ᠂ ᠲᠤᠰᠠᠯᠠᠮᠵᠢ ᠪᠠᠷ ᠪᠤᠢ ᠪᠣᠯᠤᠭᠰᠠᠨ ᠬᠥᠷᠦᠩᠭᠡ ᠡᠭᠦᠨ ᠳᠥ ᠨᠢᠭᠡᠨ ᠠᠳᠠᠯᠢ ᠬᠠᠮᠢᠶᠠᠷᠤᠨ᠎ᠠ》᠂ 3 ᠳ᠋ᠠᠬᠢ ᠬᠡᠰᠡᠭ ᠲᠥ 《ᠲᠥᠷᠥ ᠢᠢᠨ ᠪᠣᠯᠤᠨ ᠣᠷᠣᠨ ᠨᠤᠲᠤᠭ ᠤᠨ ᠥᠮᠴᠢᠲᠤ ᠪᠤᠰᠤ ᠡᠲᠡᠭᠡᠳ ᠲᠡᠢ ᠬᠠᠮᠲᠤᠷᠠᠵᠤ ᠬᠥᠷᠥᠩᠭᠡ ᠣᠷᠣᠭᠤᠯᠤᠭᠰᠠᠨ ᠪᠣᠯ ᠲᠥᠰᠦᠪ ᠡᠴᠡ ᠰᠠᠩᠬᠦᠵᠢᠭᠦᠯᠦᠭᠰᠡᠨ ᠬᠤᠪᠢ ᠬᠥᠷᠦᠩᠭᠡ ᠢᠢᠨ ᠬᠡᠮᠵᠢᠶ᠎ᠡ ᠪᠡᠷ ᠲᠥᠷᠦ ᠢᠢᠨ ᠪᠣᠯᠤᠨ ᠣᠷᠣᠨ ᠨᠤᠲᠤᠭ ᠤᠨ ᠥᠮᠴᠢ ᠳᠥ ᠬᠠᠮᠢᠶᠠᠷᠤᠭᠤᠯᠤᠨ᠎ᠠ》 ᠭᠡᠵᠦ ᠵᠢᠭᠠᠭᠰᠠᠨ ᠪᠠᠢᠢᠳᠠᠭ᠃

 

ᠮᠥᠨ ᠲᠥᠷᠦ ᠢᠢᠨ ᠪᠣᠯᠤᠨ ᠣᠷᠣᠨ ᠨᠤᠲᠤᠭ ᠤᠨ ᠥᠮᠴᠢ ᠢᠢᠨ ᠲᠤᠬᠠᠢ ᠬᠠᠤᠯᠢ ᠢᠢᠨ 9 ᠳᠦᠭᠡᠷ ᠵᠦᠢᠯ ᠳᠥ ᠵᠢᠭᠠᠭᠰᠠᠨ ᠢᠶᠠᠷ ᠵᠠᠰᠠᠭ ᠤᠨ ᠭᠠᠵᠠᠷ 《ᠲᠥᠷᠦ ᠢᠢᠨ ᠥᠮᠴᠢ ᠢᠢᠨ ᠪᠥᠷᠢᠨ ᠪᠦᠲᠦᠨ ᠪᠠᠢᠢᠳᠠᠯ ᠢ ᠤᠯᠤᠰ ᠤᠨ ᠶᠡᠬᠡ ᠬᠤᠷᠠᠯ ᠤᠨ ᠡᠮᠦᠨ᠎ᠡ ᠬᠠᠷᠢᠭᠤᠴᠠᠬᠤ᠂ ᠲᠥᠷᠦ ᠢᠢᠨ ᠥᠮᠴᠢ ᠢᠢᠨ ᠲᠠᠯᠠᠭᠠᠷᠬᠢ ᠲᠥᠷᠦ ᠢᠢᠨ ᠪᠣᠳᠣᠯᠭ᠎ᠠ᠂ ᠬᠠᠤᠯᠢ ᠲᠣᠭᠲᠠᠭᠠᠮᠵᠢ ᠢᠢᠨ ᠪᠡᠶᠡᠯᠡᠯᠲᠡ ᠢᠢ ᠵᠣᠬᠢᠶᠠᠨ ᠪᠠᠢᠢᠭᠤᠯᠬᠤ》 ᠡᠭᠦᠷᠭᠡ ᠬᠦᠯᠢᠶᠡᠵᠦ ᠪᠠᠢᠢᠨ᠎ᠠ᠃

 

ᠡᠢᠢᠮᠦ ᠳᠥ ᠮᠣᠩᠭ᠋ᠣᠯ ᠪᠥᠬᠡ ᠢᠢᠨ ᠥᠷᠭᠦᠭᠡᠨ ᠦ ᠥᠮᠴᠢᠯᠡᠯ ᠦᠨ ᠠᠰᠠᠭᠤᠳᠠᠯ ᠳᠤ ᠠᠩᠬᠠᠷᠤᠯ ᠬᠠᠨᠳᠤᠭᠤᠯᠵᠤ᠂ ᠬᠣᠯᠪᠣᠭᠳᠠᠬᠤ ᠬᠠᠤᠯᠢ ᠢᠢᠨ ᠳᠠᠭᠠᠭᠤ ᠲᠥᠷᠥ ᠢᠢᠨ ᠥᠮᠴᠢᠯᠡᠬᠦ ᠡᠷᠬᠡ ᠢᠢ ᠬᠠᠮᠠᠭᠠᠯᠠᠨ᠂ ᠲᠤᠰ ᠪᠠᠷᠢᠯᠭ᠎ᠠ ᠢᠢ ᠲᠥᠷᠥ ᠢᠢᠨ ᠥᠮᠴᠢ ᠳᠥ ᠬᠠᠮᠢᠶᠠᠷᠤᠭᠤᠯᠬᠤ ᠠᠵᠢᠯᠯᠠᠭ᠎ᠠ ᠢᠢ ᠰᠢᠭᠤᠷᠬᠠᠢ ᠵᠣᠬᠢᠶᠠᠨ ᠪᠠᠢᠢᠭᠤᠯᠵᠤ᠂ ᠶᠠᠪᠤᠴᠠ ᠦᠷ᠎ᠡ ᠳ᠋ᠦᠩ ᠢ ᠲᠤᠬᠠᠢ ᠪᠦᠷᠢ ᠲᠠᠨᠢᠯᠴᠠᠭᠤᠯᠤᠨ ᠬᠠᠮᠲᠤᠷᠠᠵᠤ ᠠᠵᠢᠯᠯᠠᠨ᠎ᠠ ᠤᠤ》 ᠭᠡᠵᠡᠢ᠃