ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠢᠢᠨ ᠪᠦᠭᠦᠳᠡ ᠨᠠᠢᠢᠷᠠᠮᠳᠠᠬᠤ ᠢᠲ᠋ᠠᠯᠢ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠤᠨ ᠬᠦᠷᠢᠶᠡᠨ ᠳᠥ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠤᠨᠲᠤ᠂ ᠮᠣᠩ᠋ᠭᠤᠯ ᠤᠯᠤᠰ ᠤᠨ ᠰᠣᠶᠤᠯ ᠤᠨ ᠡᠯᠴᠢ ᠮᠣᠷᠢᠨ ᠬᠤᠭᠤᠷ ᠤᠨ ᠨᠠᠢᠢᠷᠠᠯ ᠬᠥᠭ᠍ᠵᠢᠮ ᠷᠣᠮᠡ ᠬᠣᠲᠠᠨ᠎ᠠ ᠠᠩᠬ᠎ᠠ ᠤᠳᠠᠭ᠎ᠠ «ᠮᠣᠩ᠋ᠭᠤᠯ ᠤᠨ ᠰᠠᠢᠢᠬᠠᠨ ᠣᠷᠤᠨ» ᠲᠣᠭᠯᠠᠯᠲᠠ ᠪᠠᠨ ᠲᠣᠯᠢᠯᠠᠭᠤᠯᠤᠯ᠎ᠠ᠃
ᠲᠣᠭᠯᠠᠯᠲᠠ ᠢᠢ ᠬᠣᠶᠠᠷ ᠤᠯᠤᠰ ᠤᠨ ᠲᠥᠷᠦ᠂ ᠵᠠᠰᠠᠭ ᠤᠨ ᠲᠥᠯᠦᠭᠡᠯᠡᠯ᠂ ᠨᠡᠢᠢᠭᠡᠮ᠂ ᠰᠣᠶᠤᠯ ᠤᠨ ᠵᠢᠳᠬᠦᠯᠲᠡᠨ ᠨᠤᠭᠦᠳ ᠪᠣᠯᠤᠨ ᠲᠤᠰ ᠤᠯᠤᠰ ᠤᠨ ᠢᠷᠭᠡᠳ᠂ ᠢᠲ᠋ᠠᠯᠢ᠂ ᠧᠦ᠋ᠷᠣᠫᠠ ᠢᠢᠨ ᠬᠣᠯᠪᠤᠭᠠᠨ ᠤ ᠤᠯᠤᠰ ᠤᠳ ᠲᠤ ᠠᠮᠢᠳᠤᠷᠠᠨ ᠰᠠᠭᠤᠭ᠎ᠠ ᠮᠣᠩ᠋ᠭᠤᠯᠴᠤᠳ ᠦᠵᠡᠵᠦ ᠰᠣᠨᠢᠷᠬᠠᠯ᠎ᠠ᠃


ᠮᠣᠷᠢᠨ ᠬᠤᠭᠤᠷ ᠤᠨ ᠨᠠᠢᠢᠷᠠᠯ ᠬᠥᠭ᠍ᠵᠢᠮ ᠦᠨ ᠤᠷᠠᠨ ᠪᠦᠲᠦᠭᠡᠯᠴᠢᠳ ᠦᠨᠳᠦᠰᠦᠨ ᠦ ᠰᠣᠶᠤᠯ᠂ ᠤᠷᠠᠯᠢᠭ ᠤᠨ ᠰᠣᠷ ᠪᠣᠯᠤᠭᠰᠠᠨ ᠪᠦᠲᠦᠭᠡᠯ ᠦᠳ ᠢ ᠲᠣᠯᠢᠯᠠᠭᠤᠯᠤᠯ᠎ᠠ᠃
ᠮᠣᠷᠢᠨ ᠬᠤᠭᠤᠷ ᠤᠨ ᠴᠢᠭᠤᠯᠭ᠎ᠠ ᠑᠙᠙᠒ ᠣᠨ ᠳᠤ ᠪᠠᠢᠢᠭᠤᠯᠤᠭᠳᠠᠭᠰᠠᠨ ᠴᠠᠭ ᠠᠴᠠ ᠪᠠᠨ ᠬᠣᠢᠢᠰᠢ ᠡᠬᠡ ᠣᠷᠤᠨ ᠳᠤ ᠪᠠᠨ ᠓᠂᠐᠐᠐ ᠭᠠᠷᠤᠶ᠂ ᠳᠡᠯᠡᠬᠡᠶ ᠢᠢᠨ ᠒᠐ ᠭᠠᠷᠤᠶ ᠤᠯᠤᠰ ᠲᠤ ᠖᠐᠐ ᠭᠠᠷᠤᠶ ᠤᠳᠠᠭ᠎ᠠ ᠲᠣᠭᠯᠠᠭᠰᠠᠨ᠃
ᠦᠨᠳᠦᠰᠦᠨ ᠦ ᠪᠡᠨ ᠤᠷᠠᠯᠢᠭ ᠢ ᠰᠤᠷᠲᠠᠯᠴᠢᠯᠠᠨ ᠲᠠᠨᠢᠭᠤᠯᠬᠤ ᠳᠤ ᠣᠷᠤᠭᠤᠯᠤᠭᠰᠠᠨ ᠬᠤᠪᠢ ᠨᠡᠮᠡᠷᠢ᠂ ᠭᠠᠪᠢᠶ᠎ᠠ ᠢᠢ ᠨᠢ ᠲᠥᠷᠦ ᠦᠨᠡᠯᠡᠵᠦ᠂ «ᠴᠢᠩᠬᠢᠰ ᠬᠠᠭᠠᠨ» ᠲᠡᠷᠢᠭᠦᠨ ᠵᠡᠷᠭᠡ ᠢᠢᠨ ᠣᠳᠣᠨ ᠬᠦᠷᠲᠡᠭᠡᠨ᠂ ᠪᠦᠷᠢᠯᠳᠦᠬᠦᠨ ᠢ ᠨᠢ ᠦᠷᠭᠡᠳᠬᠡᠵᠦ ᠮᠣᠷᠢᠨ ᠬᠤᠭᠤᠷ ᠨᠠᠢᠢᠷᠠᠯ ᠬᠥᠭ᠍ᠵᠢᠮ ᠪᠣᠯᠭᠠᠭᠰᠠᠨ ᠶᠤᠮ᠃
ᠨᠠᠢᠢᠷᠠᠯ ᠬᠥᠭ᠍ᠵᠢᠮ ᠦᠨ ᠬᠠᠮᠲᠤ ᠣᠯᠠᠨ ᠶᠠᠫᠣᠨ ᠤ «NHK» ᠲᠧᠯᠧᠸᠢᠽ ᠦᠨ ᠻᠣᠨ᠋ᠼᠧᠷᠲ ᠤᠨ ᠶᠡᠬᠡ ᠲᠠᠩᠬᠢᠮ᠂ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠲᠥᠪ ᠪᠠᠢᠢᠷᠢ᠂ ᠰᠢᠳ᠋ᠨᠧᠶ ᠢᠢᠨ ᠳᠠᠭᠤᠷᠢ ᠢᠢᠨ ᠲᠢᠶᠠᠲ᠋ᠷ᠂ ᠫᠠᠷᠢᠰ ᠬᠣᠲᠠ ᠢᠢᠨ ᠸᠧᠷᠰᠠᠯ ᠤᠨ ᠣᠷᠳᠤᠨ ᠤ ᠬᠠᠭᠠᠨ ᠤ ᠳᠠᠭᠤᠷᠢ ᠢᠢᠨ ᠲᠢᠶᠠᠲ᠋ᠷ᠂ ᠨᠠᠨ᠋ᠲ᠋ ᠬᠣᠲᠠ ᠢᠢᠨ ᠻᠣᠨ᠋ᠰᠧᠷᠸᠠᠲ᠋ᠣᠷ ᠤᠨ ᠳ᠋ᠧᠪᠶᠦ᠋ᠰᠰᠢ ᠲᠠᠩᠬᠢᠮ᠂ ᠱᠠᠩᠬᠠᠶ ᠬᠣᠲᠠ ᠢᠢᠨ ᠶᠠᠭᠦ᠋ᠸᠠᠷ ᠰᠢᠮᠹᠣᠨᠢ ᠣᠷᠻᠧᠰᠲ᠋ᠷ ᠤᠨ ᠶᠡᠬᠡ ᠲᠠᠩᠬᠢᠮ ᠵᠡᠷᠭᠡ ᠳᠥ «ᠮᠣᠩ᠋ᠭᠤᠯ ᠤᠨ ᠰᠠᠢᠢᠬᠠᠨ ᠣᠷᠤᠨ» ᠤᠷᠠᠨ ᠪᠦᠲᠦᠭᠡᠯ ᠢᠶᠡᠨ ᠲᠣᠯᠢᠯᠠᠭᠤᠯᠵᠤ ᠪᠠᠢᠢᠭᠰᠠᠨ ᠲᠡᠦᠬᠡ ᠲᠡᠢ᠃





