Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠭᠡᠭᠡᠨ ᠰᠢᠷᠡᠭᠡᠲᠦ ᠤᠯᠤᠰ ᠤᠨ ᠲᠥᠷᠦ ᠢᠢᠨ ᠲᠡᠷᠢᠭᠦᠨ ᠲᠡᠢ ᠠᠭᠤᠯᠵᠠᠯ᠎ᠠ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠭᠡᠭᠡᠨ ᠰᠢᠷᠡᠭᠡᠲᠦ ᠤᠯᠤᠰ ᠤᠨ ᠲᠥᠷᠦ ᠢᠢᠨ ᠲᠡᠷᠢᠭᠦᠨ ᠫᠠᠫ ᠠᠷᠪᠠᠨ ᠳᠥᠷᠪᠡ᠊ᠳ᠋ᠦᠭᠡᠷ ᠯᠧᠣ᠋ ᠢᠢᠨ ᠤᠷᠢᠯᠭ᠎ᠠ ᠪᠠᠷ ᠲᠤᠰ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠠᠢᠢᠨ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠲᠤᠰ ᠤᠯᠤᠰ ᠤᠨ ᠲᠥᠷᠦ ᠢᠢᠨ ᠲᠡᠷᠢᠭᠦᠨ᠂ ᠫᠠᠫ ᠠᠷᠪᠠᠨ ᠳᠥᠷᠪᠡ᠊ᠳ᠋ᠦᠭᠡᠷ ᠯᠧᠣ᠋ ᠨᠠᠷ ᠠᠯᠪᠠᠨ ᠶᠣᠰᠤᠨ ᠤ ᠠᠭᠤᠯᠵᠠᠯᠲᠠ ᠬᠢᠯ᠎ᠡ᠃

ᠫᠠᠫ ᠠᠷᠪᠠᠨ ᠳᠥᠷᠪᠡ᠊ᠳ᠋ᠦᠭᠡᠷ ᠯᠧᠣ᠋ ᠢᠢ ᠭᠡᠭᠡᠨ ᠰᠢᠷᠡᠭᠡᠲᠦ ᠤᠯᠤᠰ ᠤᠨ ᠲᠥᠷᠦ ᠢᠢᠨ ᠲᠡᠷᠢᠭᠦᠨ᠂ ᠳᠠᠶᠠᠩ ᠳᠡᠯᠡᠬᠡᠶ ᠢᠢᠨ ᠻᠠᠲ᠋ᠣᠯᠢᠭ ᠱᠠᠰᠢᠨ ᠤ ᠲᠡᠷᠢᠭᠦᠨ ᠢᠶᠡᠷ ᠰᠣᠩ᠋ᠭᠤᠭᠳᠠᠭᠰᠠᠨ ᠳᠤ ᠨᠢ ᠶᠡᠷᠦᠩᠬᠡᠢᠢᠯᠡᠭᠴᠢ ᠪᠠᠶᠠᠷ ᠬᠦᠷᠭᠡᠯ᠎ᠡ᠃

ᠬᠣᠶᠠᠷ ᠤᠯᠤᠰ ᠤᠨ ᠲᠥᠷᠦ ᠢᠢᠨ ᠲᠡᠷᠢᠭᠦᠨ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠰᠡᠭᠦᠯ ᠦᠨ ᠵᠢᠯ ᠦᠳ ᠲᠥ ᠢᠳᠡᠪᠬᠢᠲᠡᠢ ᠥᠷᠨᠢᠵᠦ ᠪᠤᠢ ᠳᠤ ᠰᠠᠨᠠᠯ ᠨᠢᠭᠡᠳᠴᠦ᠂ ᠤᠯᠠᠮ ᠪᠦᠷᠢ ᠥᠷᠭᠡᠵᠢᠭᠦᠯᠦᠨ ᠬᠥᠭ᠍ᠵᠢᠭᠦᠯᠬᠦ᠂ ᠲᠡᠦᠬᠡ᠂ ᠰᠣᠶᠤᠯ᠂ ᠬᠦᠮᠦᠨᠯᠢᠭ ᠦᠨ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠬᠦ ᠲᠠᠯ᠎ᠠ ᠪᠠᠷ ᠶᠠᠷᠢᠯᠴᠠᠯ᠎ᠠ᠃

ᠮᠥᠨ ᠣᠯᠠᠨ ᠤᠯᠤᠰ ᠤᠨ ᠬᠠᠷᠢᠯᠴᠠᠭᠠᠨ ᠤ ᠵᠠᠷᠢᠮ ᠠᠰᠠᠭᠤᠳᠠᠯ ᠢᠶᠠᠷ ᠰᠠᠨᠠᠯ ᠰᠣᠯᠢᠯᠴᠠᠵᠤ᠂ ᠳᠠᠶᠠᠩ ᠳᠡᠯᠡᠬᠡᠶ ᠢᠢᠨ ᠡᠩᠬᠡ ᠲᠠᠢᠢᠪᠤᠩ᠂ ᠲᠣᠭᠲᠠᠪᠤᠷᠢᠲᠠᠢ ᠪᠠᠢᠢᠳᠠᠯ ᠤᠨ ᠲᠥᠯᠦᠭᠡᠬᠢ ᠣᠯᠠᠨ ᠤᠯᠤᠰ ᠤᠨ ᠬᠠᠮᠲᠤ ᠢᠢᠨ ᠨᠡᠢᠢᠭᠡᠮᠯᠢᠭ᠌ ᠦᠨ ᠬᠦᠴᠦ ᠴᠢᠷᠮᠠᠢᠢᠯᠲᠠ ᠳᠤ ᠬᠤᠪᠢ ᠨᠡᠮᠡᠷᠢ ᠪᠡᠨ ᠣᠷᠤᠭᠤᠯᠵᠤ᠂ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ᠂ ᠬᠥᠷᠦᠰᠦᠨ ᠦ ᠳᠣᠷᠤᠢᠢᠲᠠᠯ᠂ ᠶᠠᠳᠠᠭᠤᠷᠠᠯ ᠵᠡᠷᠭᠡ ᠢᠢᠨ ᠡᠰᠡᠷᠭᠦ ᠬᠠᠮᠲᠤᠷᠠᠨ ᠠᠵᠢᠯᠯᠠᠬᠤ ᠪᠠᠨ ᠨᠤᠲᠠᠯᠠᠯ᠎ᠠ᠃

ᠫᠠᠫ ᠠᠷᠪᠠᠨ ᠳᠥᠷᠪᠡ᠊ᠳ᠋ᠦᠭᠡᠷ ᠯᠧᠣ᠋ ᠒᠐᠒᠕ ᠣᠨ ᠳᠤ ᠒᠖᠗ ᠳ᠋ᠠᠬᠢ ᠫᠠᠫ ᠢᠢᠠᠷ ᠰᠣᠩ᠋ᠭᠤᠭᠳᠠᠭᠰᠠᠨ᠃

ᠭᠡᠭᠡᠨ ᠠᠸᠭᠦ᠋ᠰᠲ᠋ᠢᠨ ᠦ ᠱᠠᠰᠢᠨ ᠤ ᠰᠤᠷᠭᠠᠭᠤᠯᠢ᠂ ᠠ᠊᠂ ᠨᠢ᠊᠂ ᠤᠯᠤᠰ ᠤᠨ ᠸᠢᠯᠯᠠᠨᠣᠸᠠ ᠢᠢᠨ ᠶᠡᠬᠡ ᠰᠤᠷᠭᠠᠭᠤᠯᠢ ᠢᠢ ᠲᠣᠭ᠎ᠠ᠂ ᠹᠢᠯᠣᠰᠣᠹᠢ ᠢᠢᠨ ᠴᠢᠭᠯᠡᠯ ᠢᠶᠡᠷ᠂ ᠴᠢᠻᠠᠭᠣ᠋ ᠬᠣᠲᠠ ᠢᠢᠨ ᠻᠠᠲ᠋ᠣᠯᠢᠭ ᠲᠧᠣᠯᠣᠭᠢ ᠢᠢᠨ ᠬᠣᠯᠪᠤᠭᠠᠨ ᠳᠤ ᠱᠠᠰᠢᠨ ᠤ ᠴᠢᠭᠯᠡᠯ ᠢᠶᠡᠷ ᠰᠤᠷᠤᠯᠴᠠᠵᠤ ᠲᠡᠭᠦᠰᠦᠭᠰᠡᠨ᠃ ᠷᠣᠮᠡ ᠬᠣᠲᠠ ᠢᠢᠨ ᠭᠡᠭᠡᠨ ᠲᠣᠮᠠᠰ ᠠᠻᠸᠢᠨᠠᠰ ᠤᠨ ᠨᠡᠷᠡᠮᠵᠢᠲᠦ ᠫᠠᠫ ᠤᠨ ᠬᠠᠷᠢᠶᠠᠨ ᠤ ᠶᠡᠬᠡ ᠰᠤᠷᠭᠠᠭᠤᠯᠢ ᠳᠤ ᠳ᠋ᠣᠻᠲ᠋ᠤᠷ ᠤᠨ ᠵᠡᠷᠭᠡ ᠬᠠᠮᠠᠭᠠᠯᠠᠵᠠᠶ᠃

ᠭᠡᠭᠡᠨ ᠰᠢᠷᠡᠭᠡᠲᠦ ᠤᠯᠤᠰ ᠨᠢ ᠢᠲ᠋ᠠᠯᠢ ᠢᠢᠨ ᠷᠣᠮᠡ ᠬᠣᠲᠠ ᠢᠢᠨ ᠳᠣᠲᠤᠷ᠎ᠠ ᠐.᠔᠔ ᠻᠮ᠒ ᠨᠤᠲᠤᠭ ᠳᠡᠪᠢᠰᠬᠡᠷ ᠲᠡᠢ ᠬᠣᠲᠠ ᠤᠯᠤᠰ ᠶᠤᠮ᠃ ᠙᠐᠐ ᠣᠷᠴᠢᠮ ᠬᠦᠮᠦᠨ ᠠᠮᠠ ᠲᠠᠢ ᠪᠥᠭᠡᠳ ᠶᠡᠬᠡᠩᠬᠢ ᠨᠢ ᠢᠲ᠋ᠠᠯᠢ᠂ ᠰᠸᠢᠼᠧᠷᠯᠠᠨ᠋ᠳ᠋ ᠭᠠᠷᠤᠯ ᠲᠠᠢ᠃

ᠤᠯᠤᠰ ᠤᠨ ᠬᠢ ᠨᠢ ᠲᠥᠰᠦᠪ ᠘᠙᠐ ᠭᠠᠷᠤᠶ ᠰᠠᠶ᠎ᠠ ᠧᠦ᠋ᠷᠣ᠋᠃ ᠠᠷᠠᠯᠵᠢᠶᠠᠨ ᠤ ᠪᠤᠰᠤ ᠥᠪᠡᠷᠮᠢᠴᠡ ᠡᠳ᠋ ᠦᠨ ᠵᠠᠰᠠᠭ᠂ ᠬᠥᠷᠦᠩ᠋ᠭᠡ ᠣᠷᠤᠭᠤᠯᠤᠯᠲᠠ᠂ ᠦᠯᠦ ᠬᠥᠳᠡᠯᠬᠦ ᠬᠥᠷᠦᠩ᠋ᠭᠡ ᠢᠢᠨ ᠣᠷᠤᠯᠭ᠎ᠠ᠂ ᠻᠠᠲ᠋ᠣᠯᠢᠭ ᠱᠠᠰᠢᠨᠲᠠᠨ ᠨᠤᠭᠤᠳ ᠤᠨ ᠬᠠᠨᠳᠢᠪ᠂ ᠡᠷᠭᠦᠯ᠂ ᠱᠠᠰᠢᠨ ᠤ ᠨᠣᠮ᠂ ᠪᠢᠴᠢᠭ᠌ ᠪᠠᠷᠢᠮᠲᠠ ᠬᠡᠪᠯᠡᠬᠦ᠂ ᠮᠦᠽᠧᠶ᠂ ᠳᠤᠷᠠᠰᠬᠠᠯ ᠤᠨ ᠵᠣᠭᠤᠰ᠂ ᠮᠧᠳᠠᠯᠢ ᠢᠢᠨ ᠣᠷᠤᠯᠭ᠎ᠠ ᠠᠴᠠ ᠰᠠᠩᠬᠦᠵᠢᠳᠡᠭ᠃

ᠳᠡᠯᠡᠬᠡᠶ ᠢᠢᠨ ᠑᠘᠓ ᠤᠯᠤᠰ ᠪᠣᠯᠤᠨ ᠧᠦ᠋ᠷᠣᠫᠠ ᠢᠢᠨ ᠬᠣᠯᠪᠤᠭ᠎ᠠ ᠲᠠᠢ ᠳ᠋ᠢᠫᠯᠣᠮᠠᠲ ᠬᠠᠷᠢᠯᠴᠠᠭ᠎ᠠ ᠲᠠᠢ᠃ ᠣᠯᠠᠨ ᠤᠯᠤᠰ ᠤᠨ ᠓᠔ ᠪᠠᠢᠢᠭᠤᠯᠤᠯᠭ᠎ᠠ ᠳᠤ ᠪᠦᠷᠢᠨ ᠡᠷᠬᠡᠲᠦ ᠭᠡᠰᠢᠭᠦᠨ ᠪᠣᠯᠤᠨ ᠪᠠᠢᠢᠩ᠋ᠭᠤ ᠢᠢᠨ ᠠᠵᠢᠭᠯᠠᠭᠴᠢ ᠢᠢᠨ ᠰᠲ᠋ᠠᠲ᠋ᠦ᠋ᠰ ᠲᠠᠢ᠃

ᠭᠡᠭᠡᠨ ᠰᠢᠷᠡᠭᠡᠲᠦ ᠤᠯᠤᠰ ᠨᠢ ᠱᠠᠰᠢᠨ ᠤ ᠪᠣᠯᠤᠨ ᠳ᠋ᠢᠫᠯᠣᠮᠠᠲ ᠶᠣᠰᠤᠯᠠᠯ ᠤᠨ ᠨᠠᠷᠢᠨ ᠳᠢᠭ᠌ ᠪᠠᠷᠢᠮᠲᠠᠯᠠᠳᠠᠭ ᠶᠤᠮ ᠪᠠᠢᠢᠨ᠎ᠠ᠃

ᠮᠠᠨ ᠤ ᠬᠣᠶᠠᠷ ᠤᠯᠤᠰ ᠑᠙᠙᠒ ᠣᠨ ᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ᠃ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠲᠠᠢ᠃ ᠮᠣᠩ᠋ᠭᠤᠯ ᠳ᠋ᠠᠬᠢ ᠷᠣᠮᠡ ᠢᠢᠨ ᠻᠠᠲ᠋ᠣᠯᠢᠭ ᠱᠠᠰᠢᠨ ᠤ ᠲᠡᠷᠢᠭᠦᠨ ᠵ᠊᠂ ᠮᠠᠷᠧᠩᠭ᠋ᠣ᠋ ᠒᠐᠒᠒ ᠣᠨ ᠳᠤ ᠣᠷᠴᠢᠨ ᠦᠶ᠎ᠡ ᠢᠢᠨ ᠲᠡᠦᠬᠡᠨ ᠳ᠋ᠡᠬᠢ ᠬᠠᠮᠤᠭ ᠤᠨ ᠵᠠᠯᠠᠭᠤ ᠻᠠᠷᠳᠢᠨᠠᠯ ᠢᠢᠠᠷ ᠰᠣᠩ᠋ᠭᠤᠭᠳᠠᠭᠰᠠᠨ᠃

ᠭᠡᠭᠡᠨ ᠰᠢᠷᠡᠭᠡᠲᠦ ᠤᠯᠤᠰ ᠑᠙᠙᠓ ᠣᠨ ᠳᠤ ᠬᠦᠮᠦᠨᠯᠢᠭ ᠦᠨ ᠲᠤᠰᠠᠯᠠᠮᠵᠢ ᠪᠠᠷ ᠑᠂᠐᠐᠐ ᠻᠢᠯᠣᠭ᠍ᠷᠠᠮᠮ ᠡᠮ᠂ ᠡᠮᠨᠡᠯᠭᠡ ᠢᠢᠨ ᠮᠠᠲ᠋ᠧᠷᠢᠶᠠᠯ᠂ ᠑᠙᠙᠖ ᠣᠨ ᠤ ᠬᠠᠪᠤᠷ ᠭᠠᠷᠤᠭᠰᠠᠨ ᠣᠢ᠂ ᠬᠡᠭᠡᠷ᠎ᠡ ᠢᠢᠨ ᠲᠦᠢᠮᠡᠷ ᠦᠨ ᠬᠣᠬᠢᠷᠠᠯ ᠢ ᠠᠷᠢᠯᠭᠠᠬᠤ ᠳᠤ ᠓᠑ ᠮᠢᠩ᠋ᠭᠠᠨ ᠠᠮ᠊᠂ ᠳ᠋ᠣᠯᠯᠠᠷ ᠬᠠᠨᠳᠢᠪᠯᠠᠵᠤ ᠪᠠᠢᠢᠭᠰᠠᠨ᠃

ᠮᠥᠨ ᠒᠐᠐᠐ ᠣᠨ ᠤ ᠵᠤᠳ ᠤᠨ ᠬᠣᠬᠢᠷᠠᠯ ᠢ ᠠᠷᠢᠯᠭᠠᠬᠤ ᠳᠤ ᠵᠣᠷᠢᠭᠤᠯᠵᠤ ᠷᠣᠮᠡ ᠢᠢᠨ ᠫᠠᠫ ᠭᠡᠭᠡᠨ ᠬᠤᠲᠤᠭᠲᠤ II ᠢᠣᠨ ᠫᠠᠸᠧᠯ ᠬᠤᠪᠢ ᠠᠴᠠ ᠪᠠᠨ ᠕᠐ ᠮᠢᠩ᠋ᠭᠠᠨ ᠠᠮ᠊᠂ ᠳ᠋ᠣᠯᠯᠠᠷ᠂ ᠸᠠᠲ᠋ᠢᠻᠠᠨ ᠤ ᠬᠦᠮᠦᠨᠯᠢᠭ ᠦᠨ ᠲᠤᠰᠠᠯᠠᠮᠵᠢ ᠢᠢᠨ «ᠻᠣᠷ ᠦᠨᠦ᠋ᠮ» ᠪᠠᠢᠢᠭᠤᠯᠤᠯᠭ᠎ᠠ ᠓᠐ ᠮᠢᠩ᠋ᠭᠠᠨ ᠠᠮ᠊᠂ ᠳ᠋ᠣᠯᠯᠠᠷ ᠬᠠᠨᠳᠢᠪᠯᠠᠵᠤ ᠪᠠᠢᠢᠯ᠎ᠠ᠃ ᠲᠤᠰ ᠤᠯᠤᠰ ᠤᠨ ᠲᠡᠳᠬᠦᠯᠭᠡ ᠪᠡᠷ ᠑᠙᠙᠒ ᠣᠨ ᠠᠴᠠ ᠬᠣᠢᠢᠰᠢ ᠹᠢᠯᠢᠫᠫᠢᠨ ᠳᠥ ᠮᠠᠨ ᠤ ᠤᠯᠤᠰ ᠤᠨ ᠶᠢᠰᠦ᠂ ᠢᠲ᠋ᠠᠯᠢ ᠳᠤ ᠬᠣᠶᠠᠷ ᠣᠶᠤᠲᠠᠨ ᠰᠤᠷᠤᠯᠴᠠᠵᠠᠶ᠃