Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ ᠤᠨ ᠶᠡᠷᠦᠩᠬᠡᠢᠢᠯᠡᠭᠴᠢ ᠸᠠᠲ᠋ᠢᠻᠠᠨ ᠤ ᠠᠫᠣᠰᠲ᠋ᠣᠯ ᠤᠨ ᠠᠷᠬᠢᠸ᠂ ᠨᠣᠮ ᠤᠨ ᠰᠠᠩ ᠳᠤ ᠵᠣᠴᠢᠯᠠᠯ᠎ᠠ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠭᠡᠭᠡᠨ ᠰᠢᠷᠡᠭᠡᠲᠦ ᠤᠯᠤᠰ ᠤᠨ ᠲᠥᠷᠦ ᠢᠢᠨ ᠲᠡᠷᠢᠭᠦᠨ ᠫᠠᠫ ᠠᠷᠪᠠᠨ ᠳᠥᠷᠪᠡ᠊ᠳ᠋ᠦᠭᠡᠷ ᠯᠧᠣ᠋ ᠢᠢᠨ ᠤᠷᠢᠯᠭ᠎ᠠ ᠪᠠᠷ ᠲᠤᠰ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠤᠨ ᠦᠶ᠎ᠡ ᠪᠡᠷ ᠸᠠᠲ᠋ᠢᠻᠠᠨ ᠤ ᠠᠫᠣᠰᠲ᠋ᠣᠯ ᠤᠨ ᠠᠷᠬᠢᠸ᠂ ᠨᠣᠮ ᠤᠨ ᠰᠠᠩ ᠳᠤ ᠵᠣᠴᠢᠯᠠᠯ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠸᠠᠲ᠋ᠢᠻᠠᠨ ᠤ ᠠᠫᠣᠰᠲ᠋ᠣᠯ ᠤᠨ ᠠᠷᠬᠢᠸ ᠳᠤ ᠬᠠᠳᠠᠭᠠᠯᠠᠭᠳᠠᠵᠤ ᠪᠤᠢ ᠮᠣᠩ᠋ᠭᠤᠯ ᠤᠨ ᠡᠵᠡᠨᠲᠦ ᠭᠦᠷᠦᠨ ᠦ ᠶᠡᠬᠡ ᠬᠠᠭᠠᠨ ᠭᠦᠶᠦᠭ ᠡᠴᠡ ᠑᠒᠔᠖ ᠣᠨ ᠳᠤ ᠫᠠᠫ ᠳᠥᠷᠪᠡ᠊ᠳ᠋ᠦᠭᠡᠷ ᠢᠨ᠋᠊ᠨᠣᠰᠧᠨ᠋ᠲ᠋ ᠳᠥ ᠢᠯᠡᠭᠡᠭ᠍ᠰᠡᠨ ᠵᠠᠬᠢᠳᠠᠯ ᠪᠣᠯᠤᠨ ᠮᠣᠩ᠋ᠭᠤᠯ ᠡᠵᠡᠨᠲᠦ ᠭᠦᠷᠦᠨ ᠦ ᠦᠶ᠎ᠡ ᠳᠥ ᠬᠠᠷᠢᠯᠴᠠᠵᠤ ᠪᠠᠢᠢᠭᠰᠠᠨ ᠵᠠᠬᠢᠳᠠᠯ ᠤᠳ ᠤᠨ ᠡᠬᠢ ᠢᠢ ᠦᠵᠡᠵᠦ ᠰᠣᠨᠢᠷᠬᠠᠯ᠎ᠠ᠃

ᠸᠠᠲ᠋ᠢᠻᠠᠨ ᠤ ᠠᠫᠣᠰᠲ᠋ᠣᠯ ᠤᠨ ᠨᠣᠮ ᠤᠨ ᠰᠠᠩ ᠪᠣᠯᠤᠨ ᠠᠷᠬᠢᠸ ᠳᠤ ᠳᠡᠯᠡᠬᠡᠶ ᠳ᠋ᠠᠬᠢᠨ ᠤ ᠲᠡᠦᠬᠡ ᠢᠢ ᠭᠡᠷᠡᠴᠢᠯᠠᠭ᠍ᠰᠡᠨ ᠣᠯᠠᠨ ᠭᠠᠷ ᠪᠢᠴᠢᠮᠡᠯ᠂ ᠪᠦᠲᠦᠭᠡᠯ᠂ VIII ᠵᠠᠭᠤᠨ ᠠᠴᠠ ᠬᠣᠢᠢᠰᠢᠬᠢ ᠤᠯᠤᠰ ᠣᠷᠤᠨ ᠨᠤᠭᠤᠳ ᠤᠨ ᠬᠣᠭᠤᠷᠤᠨᠳᠤ ᠪᠠᠨ ᠬᠠᠷᠢᠯᠴᠠᠵᠤ ᠪᠠᠢᠢᠭᠰᠠᠨ ᠵᠠᠬᠢᠳᠠᠯ ᠤᠳ ᠪᠠᠢᠢᠳᠠᠭ᠃

ᠲᠡᠭᠦᠨ ᠦ ᠳᠣᠲᠤᠷ᠎ᠠ ᠮᠣᠩ᠋ᠭᠤᠯ ᠤᠨ ᠡᠵᠡᠨᠲᠦ ᠭᠦᠷᠦᠨ ᠪᠣᠯᠤᠨ ᠢᠯᠡ ᠬᠠᠭᠠᠳ ᠠᠴᠠ ᠲᠤᠬᠠᠶ ᠢᠢᠨ ᠦᠶ᠎ᠡ ᠢᠢᠨ ᠫᠠᠫ ᠨᠠᠷ ᠲᠤ ᠢᠯᠡᠭᠡᠭ᠍ᠰᠡᠨ ᠵᠠᠬᠢᠳᠠᠯ ᠡᠬᠢ ᠬᠤᠪᠢ ᠪᠠᠷ ᠢᠶᠠᠨ᠂ ᠫᠠᠫ ᠨᠠᠷ ᠠᠴᠠ ᠮᠣᠩ᠋ᠭᠤᠯ ᠤᠨ ᠬᠠᠭᠠᠳ ᠲᠤ ᠢᠯᠡᠭᠡᠭ᠍ᠰᠡᠨ ᠵᠠᠬᠢᠳᠠᠯ ᠤᠳ ᠨᠢ ᠠᠷᠬᠢᠸ ᠤᠨ ᠵᠣᠷᠢᠭᠤᠯᠤᠯᠲᠠ ᠪᠠᠷ ᠵᠠᠬᠢᠳᠠᠯ ᠤᠨ ᠪᠢᠴᠢᠪᠦᠷᠢ᠂ ᠣᠨ ᠰᠠᠷ᠎ᠠ᠂ ᠬᠦᠯᠢᠶᠡᠨ ᠠᠪᠤᠭᠴᠢ ᠢᠢᠨ ᠮᠡᠳᠡᠭᠡᠯᠡᠯ ᠦᠨ ᠰᠠᠩ ᠪᠠᠢᠢᠳᠠᠯ ᠢᠶᠠᠷ ᠬᠠᠳᠠᠭᠠᠯᠠᠭᠳᠠᠳᠠᠭ ᠶᠤᠮ᠃

XII-XX ᠵᠠᠭᠤᠨ ᠢ ᠬᠠᠮᠤᠷᠤᠭᠰᠠᠨ ᠕᠐ ᠰᠠᠶ᠎ᠠ ᠭᠠᠷᠤᠶ ᠪᠠᠷᠢᠮᠲᠠ ᠪᠦᠬᠦᠢ ᠡᠨᠡ ᠠᠷᠬᠢᠸ ᠵᠥᠪᠬᠡᠨ ᠱᠠᠰᠢᠨ ᠤ ᠪᠠᠷᠢᠮᠲᠠ ᠪᠢᠴᠢᠭ᠌ ᠦᠨ ᠰᠠᠩ ᠪᠢᠰᠢ᠂ ᠳᠡᠯᠡᠬᠡᠶ ᠢᠢᠨ ᠰᠣᠶᠤᠯ᠂ ᠤᠯᠤᠰ ᠲᠥᠷᠦ᠂ ᠰᠢᠨᠵᠢᠯᠡᠬᠦ ᠤᠬᠠᠭᠠᠨ ᠤ ᠲᠡᠦᠬᠡ ᠢᠢ ᠭᠡᠷᠡᠴᠢᠯᠠᠬᠦ᠂ ᠬᠦᠮᠦᠨ ᠲᠥᠷᠦᠯᠬᠢᠲᠡᠨ ᠦ ᠣᠶᠤᠨ ᠤ ᠥᠪ ᠢ ᠬᠠᠳᠠᠭᠠᠯᠠᠭᠰᠠᠨ ᠦᠨᠡᠲᠦ ᠡᠷᠳᠡᠨᠢ ᠭᠡᠵᠦ ᠦᠵᠡᠳᠡᠭ᠃

ᠠᠢᠢᠯᠴᠢᠯᠠᠯ ᠤᠨ ᠬᠦᠷᠢᠶᠡᠨ ᠳᠥ ᠮᠣᠩ᠋ᠭᠤᠯ ᠤᠯᠤᠰ ᠤᠨ «ᠴᠢᠩᠬᠢᠰ ᠬᠠᠭᠠᠨ» ᠦᠨᠳᠦᠰᠦᠨ ᠦ ᠮᠦᠽᠧᠶ ᠪᠣᠯᠤᠨ ᠸᠠᠲ᠋ᠢᠻᠠᠨ ᠤ ᠠᠫᠣᠰᠲ᠋ᠣᠯ ᠤᠨ ᠠᠷᠬᠢᠸ ᠬᠣᠭᠤᠷᠤᠨᠳᠤ ᠬᠠᠮᠲᠤ ᠢᠢᠨ ᠠᠵᠢᠯᠯᠠᠭᠠᠨ ᠤ ᠰᠠᠨᠠᠮᠵᠢ ᠪᠢᠴᠢᠭ᠌ ᠲᠥ ᠭᠠᠷ ᠤᠨ ᠦᠰᠦᠭ ᠵᠢᠷᠤᠯ᠎ᠠ᠃

ᠨᠣᠮ ᠤᠨ ᠰᠠᠩ ᠑᠔᠗᠕ ᠣᠨ ᠳᠤ ᠫᠠᠫ ᠳᠥᠷᠪᠡ᠊ᠳ᠋ᠦᠭᠡᠷ ᠰᠢᠻᠰᠲ᠋ ᠦᠨ ᠵᠠᠷᠯᠢᠭ ᠢᠶᠠᠷ ᠪᠠᠢᠢᠭᠤᠯᠤᠭᠰᠠᠨ ᠲᠡᠦᠬᠡ ᠲᠡᠢ᠃ ᠗᠕ ᠮᠢᠩ᠋ᠭᠠᠨ ᠭᠠᠷ ᠪᠢᠴᠢᠮᠡᠯ᠂ ᠑᠂᠑ ᠰᠠᠶ᠎ᠠ ᠬᠡᠪᠯᠡᠮᠡᠯ ᠨᠣᠮ᠂ XV ᠵᠠᠭᠤᠨ ᠤ ᠦᠶ᠎ᠡ ᠢᠢᠨ ᠘᠂᠐᠐᠐ ᠨᠣᠮ᠂ ᠓᠐᠐ ᠮᠢᠩ᠋ᠭᠠᠨ ᠵᠣᠭᠤᠰ᠂ ᠮᠧᠳᠠᠯᠢ᠂ ᠑᠕᠐ ᠮᠢᠩ᠋ᠭᠠᠨ ᠵᠢᠷᠤᠭ᠂ ᠭᠠᠵᠠᠷ ᠤᠨ ᠵᠢᠷᠤᠭ ᠵᠡᠷᠭᠡ ᠬᠣᠪᠤᠷ ᠴᠤᠭᠯᠠᠭᠤᠯᠭ᠎ᠠ ᠲᠠᠢ᠃

ᠫᠯᠠᠨᠣ᠋ ᠻᠠᠷᠫᠢᠨ ᠤ ᠮᠠᠨ ᠤ ᠤᠯᠤᠰ ᠲᠤ ᠬᠢᠭ᠍ᠰᠡᠨ ᠠᠶᠠᠯᠠᠯ ᠤᠨ ᠲᠡᠮᠳᠡᠭᠯᠡᠯ᠂ ᠮᠣᠩ᠋ᠭᠤᠯ ᠤᠨ ᠡᠵᠡᠨᠲᠦ ᠭᠦᠷᠦᠨ ᠦ ᠲᠠᠯᠠᠭᠠᠷᠬᠢ ᠧᠦ᠋ᠷᠣᠫᠠ ᠢᠢᠨ ᠠᠩᠬᠠᠨ ᠤ ᠪᠠᠷᠢᠮᠲᠠ ᠨᠤᠭᠤᠳ ᠡᠨᠳᠡ ᠪᠠᠢᠢᠳᠠᠭ ᠶᠤᠮ᠃