Та "Internet explorer"-ийн сүүлийн хувилбар болох "Microsoft edge"-г ашиглана уу

Хэрэв "Microsoft edge"-г татах бол энд дарж татаж авна уу

ᠤᠯᠤᠰ ᠤᠨ ᠬᠣᠶᠠᠳ᠋ᠤᠭᠠᠷ ᠲᠥᠪ ᠡᠮᠨᠡᠯᠭᠡ ᠢᠷᠡᠬᠦ ᠣᠨ ᠠᠴᠠ ᠠᠮᠢᠳᠤ ᠳ᠋ᠣᠨᠤᠷ ᠠᠴᠠ ᠪᠥᠭᠡᠷ᠎ᠡ ᠰᠢᠯᠵᠢᠭᠦᠯᠦᠨ ᠰᠠᠭᠤᠯᠭᠠᠨ᠎ᠠ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠤᠯᠤᠰ ᠤᠨ ᠬᠣᠶᠠᠳ᠋ᠤᠭᠠᠷ ᠲᠥᠪ ᠡᠮᠨᠡᠯᠭᠡ᠂ ᠡᠮᠨᠡᠯᠭᠡ ᠢᠢᠨ ᠡᠷᠬᠡᠲᠡᠨ ᠰᠢᠯᠵᠢᠭᠦᠯᠦᠨ ᠰᠠᠭᠤᠯᠭᠠᠬᠤ ᠲᠥᠪ ᠲᠥ ᠠᠵᠢᠯᠯᠠᠯ᠎ᠠ᠃

ᠶᠡᠷᠦᠩᠬᠡᠢᠢᠯᠡᠭᠴᠢ ᠤ᠂ ᠬᠦᠷᠡᠯᠰᠦ᠋ᠬᠡ ᠪᠣᠳᠤᠯᠭ᠎ᠠ ᠢᠢᠨ ᠳᠡᠮᠵᠢᠯᠭᠡ ᠦᠵᠡᠭᠦᠯᠦᠭᠰᠡᠨ ᠢᠶᠡᠷ ᠲᠤᠰ ᠡᠮᠨᠡᠯᠭᠡ ᠢᠢᠨ ᠡᠷᠬᠡᠲᠡᠨ ᠰᠢᠯᠵᠢᠭᠦᠯᠦᠨ ᠰᠠᠭᠤᠯᠭᠠᠬᠤ ᠰᠢᠨ᠎ᠡ ᠲᠥᠪ ᠠᠰᠢᠭᠯᠠᠯᠲᠠ ᠳᠤ ᠣᠷᠤᠵᠤ᠂ ᠳᠤᠷᠠᠨ ᠤ ᠪᠣᠯᠤᠨ ᠪᠢᠴᠢᠯ ᠮᠡᠰᠡ ᠵᠠᠰᠠᠯ᠂ ᠮᠡᠳᠡᠭᠡᠭᠦᠢᠢᠵᠢᠭᠦᠯᠭᠡ᠂ ᠯᠠᠪᠣᠷᠠᠲ᠋ᠣᠷᠢ ᠢᠢᠨ ᠰᠡᠭᠦᠯ ᠦᠨ ᠦᠶ᠎ᠡ ᠢᠢᠨ ᠪᠠᠭᠠᠵᠢ᠂ ᠲᠣᠨᠤᠭ ᠲᠥᠬᠦᠭᠡᠷᠦᠮᠵᠢ ᠲᠡᠢ ᠪᠣᠯᠤᠭᠰᠠᠨ ᠶᠤᠮ᠃

ᠡᠭᠦᠨ ᠦ ᠳ᠋ᠦᠩ ᠳᠥ ᠡᠮᠴᠢ ᠨᠠᠷ ᠤᠨ ᠪᠠᠭ ᠥᠩ᠋ᠭᠡᠷᠡᠭᠰᠡᠨ ᠭᠤᠷᠪᠠᠳ᠋ᠤᠭᠠᠷ ᠰᠠᠷ᠎ᠠ ᠠᠴᠠ ᠬᠣᠢᠢᠰᠢ ᠔᠓-᠖᠕ ᠨᠠᠰᠤᠨ ᠤ ᠲᠠᠪᠤᠨ ᠬᠦᠮᠦᠨ ᠳᠥ ᠠᠮᠢᠳᠤ ᠳ᠋ᠣᠨᠤᠷ ᠠᠴᠠ ᠳᠤᠷᠠᠨ ᠤ ᠮᠡᠰᠡ ᠵᠠᠰᠠᠯ ᠤᠨ ᠠᠷᠭ᠎ᠠ ᠪᠠᠷ ᠡᠯᠢᠭᠡ ᠰᠢᠯᠵᠢᠭᠦᠯᠦᠨ ᠰᠠᠭᠤᠯᠭᠠᠭᠠᠳ ᠪᠠᠢᠢᠨ᠎ᠠ᠃ ᠮᠥᠨ ᠑᠑ ᠬᠦᠮᠦᠨ ᠳᠥ ᠵᠢᠷᠦᠬᠡᠨ ᠦ ᠲᠢᠲᠢᠮ ᠰᠤᠳᠠᠰᠤᠨ ᠳᠣᠲᠤᠭᠤᠷᠬᠢ ᠬᠡᠲᠡ ᠠᠪᠢᠶᠠᠨ ᠣᠨᠤᠰᠢᠯᠠᠭ᠎ᠠ᠂ ᠡᠮᠴᠢᠯᠡᠭᠡ᠂ ᠨᠠᠢᠮᠠᠨ ᠬᠦᠮᠦᠨ ᠳᠥ ᠬᠠᠪᠤᠳᠠᠷ ᠬᠥᠯᠳᠡᠭᠡᠬᠦ ᠡᠮᠴᠢᠯᠡᠭᠡ ᠬᠢᠵᠡᠶ᠃

ᠡᠳᠡᠭᠡᠷ ᠡᠴᠡ ᠭᠠᠳᠠᠨ᠎ᠠ ᠡᠯᠢᠭᠡ᠂ ᠤᠯᠠᠭᠠᠨ ᠬᠣᠭᠤᠯᠠᠶ᠂ ᠬᠣᠳᠤᠭᠤᠳᠤ᠂ ᠪᠦᠳᠦᠭᠦᠨ ᠭᠡᠳᠡᠰᠦ᠂ ᠠᠭᠤᠰᠬᠢᠨ ᠤ ᠬᠠᠪᠤᠳᠠᠷ ᠢ ᠳᠤᠷᠠᠨ ᠤ ᠠᠷᠭ᠎ᠠ ᠪᠠᠷ ᠲᠠᠭᠠᠷᠢᠵᠤ᠂ ᠵᠠᠯᠭᠠᠬᠤ ᠑᠂᠐᠐᠐ ᠭᠠᠷᠤᠶ ᠮᠡᠰᠡ ᠵᠠᠰᠠᠯ ᠬᠢᠭᠡᠳ ᠪᠠᠢᠢᠨ᠎ᠠ᠃

ᠲᠥᠪ ᠠᠰᠢᠭᠯᠠᠯᠲᠠ ᠳᠤ ᠣᠷᠤᠭᠰᠠᠨ ᠢᠶᠠᠷ ᠡᠷᠬᠡᠲᠡᠨ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠬᠥᠭ᠍ᠵᠢᠬᠦ᠂ ᠬᠠᠮᠤᠭ ᠤᠨ ᠰᠡᠭᠦᠯ ᠦᠨ ᠦᠶ᠎ᠡ ᠢᠢᠨ ᠳᠡᠪᠰᠢᠯᠲᠡᠲᠦ ᠲᠧᠭᠨᠢᠭ᠂ ᠲᠧᠭᠨᠣᠯᠤᠭᠢ ᠨᠤᠲᠤᠭᠰᠢᠬᠤ᠂ ᠬᠦᠮᠦᠰ ᠢᠶᠡᠨ ᠰᠤᠷᠭᠠᠵᠤ ᠪᠡᠯᠡᠳᠬᠡᠬᠦ᠂ ᠪᠤᠰᠤᠳ ᠡᠮᠨᠡᠯᠭᠡ ᠢᠢᠨ ᠠᠴᠢᠶᠠᠯᠠᠯ ᠢ ᠬᠤᠪᠢᠶᠠᠯᠴᠠᠬᠤ ᠳᠤ ᠲᠣᠮᠣᠬᠠᠨ ᠳᠡᠮᠵᠢᠯᠭᠡ ᠪᠣᠯᠤᠭᠰᠠᠨ ᠢ ᠡᠮᠨᠡᠯᠭᠡ᠂ ᠲᠥᠪ ᠦᠨ ᠡᠮᠴᠢ ᠨᠠᠷ ᠶᠠᠷᠢᠯ᠎ᠠ᠃

ᠮᠠᠨ ᠤ ᠢᠷᠭᠡᠳ ᠭᠠᠳᠠᠭᠠᠳᠤ ᠢᠢᠨ ᠤᠯᠤᠰ ᠣᠷᠤᠨ ᠨᠤᠭᠤᠳ ᠲᠤ᠂ ᠲᠤᠬᠠᠢᠢᠯᠠᠪᠠᠯ ᠶᠠᠫᠣᠨ᠂ ᠰᠣᠯᠤᠩ᠋ᠭᠤᠰ ᠲᠤ ᠔᠐᠐-᠕᠐᠐ ᠰᠠᠶ᠎ᠠ᠂ ᠡᠨᠡᠳᠬᠡᠭ᠌᠂ ᠲᠦᠷᠻ ᠤᠯᠤᠰ ᠲᠤ ᠑᠕᠐-᠓᠕᠐ ᠰᠠᠶ᠎ᠠ ᠲᠥᠭᠦᠷᠢᠭ᠌ ᠢᠶᠡᠷ ᠡᠯᠢᠭᠡ ᠰᠢᠯᠵᠢᠭᠦᠯᠦᠨ ᠰᠠᠭᠤᠯᠭᠠᠭᠤᠯᠳᠠᠭ᠃

ᠰᠢᠨ᠎ᠡ ᠲᠥᠪ ᠢ ᠪᠣᠭᠤᠨᠢ ᠬᠤᠭᠤᠴᠠᠭᠠᠨ ᠳᠤ ᠠᠰᠢᠭᠯᠠᠯᠲᠠ ᠳᠤ ᠣᠷᠤᠭᠤᠯᠵᠤ᠂ ᠭᠠᠳᠠᠭᠠᠳᠤ ᠳᠤ ᠡᠮᠴᠢᠯᠠᠭᠦᠯᠬᠦ ᠭᠡᠵᠦ ᠶᠡᠬᠡ ᠬᠡᠮᠵᠢᠶᠡᠨ ᠦ ᠮᠥᠩ᠋ᠭᠦ ᠵᠠᠷᠤᠯ ᠦᠭᠡᠶ᠂ ᠡᠬᠡ ᠣᠷᠤᠨ ᠳᠤ ᠪᠠᠨ ᠳᠡᠯᠡᠬᠡᠶ ᠢᠢᠨ ᠴᠢᠨᠠᠷᠲᠠᠶ ᠲᠤᠰᠠᠯᠠᠮᠵᠢ᠂ ᠦᠢᠯᠡᠴᠢᠯᠡᠭᠡ ᠠᠪᠬᠤ ᠪᠣᠯᠤᠮᠵᠢ ᠤᠯᠠᠮ ᠪᠦᠷᠢᠳᠦᠭᠰᠡᠭᠡᠷ ᠪᠠᠢᠢᠭᠠᠳ ᠡᠮᠴᠢ ᠨᠠᠷ ᠪᠣᠯᠤᠨ ᠡᠯᠢᠭᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠬᠢᠯᠭᠡᠭ᠍ᠰᠡᠨ ᠢᠷᠭᠡᠳ᠂ ᠲᠡᠳᠡᠨ ᠦ ᠳ᠋ᠣᠨᠤᠷ ᠤᠳ ᠶᠡᠷᠦᠩᠬᠡᠢᠢᠯᠡᠭᠴᠢ ᠳᠥ ᠲᠠᠯᠠᠷᠬᠠᠯ ᠢᠯᠡᠷᠬᠡᠢᠢᠯᠡᠯ᠎ᠡ᠃

ᠶᠡᠷᠦᠩᠬᠡᠢᠢᠯᠡᠭᠴᠢ ᠤ᠂ ᠬᠦᠷᠡᠯᠰᠦ᠋ᠬᠡ ᠡᠮᠨᠡᠯᠭᠡ ᠢᠢᠨ ᠡᠮᠴᠢ᠂ ᠰᠤᠪᠢᠯᠠᠭᠴᠢ᠂ ᠠᠵᠢᠯᠲᠠᠨ ᠨᠤᠭᠤᠳ ᠲᠠᠢ ᠠᠭᠤᠯᠵᠠᠬᠤ ᠳᠤ ᠪᠠᠨ᠂ ᠠᠷᠠᠳ ᠢᠷᠭᠡᠳ ᠦᠨ ᠢᠶᠡᠨ ᠠᠮᠢ ᠨᠠᠰᠤ᠂ ᠡᠷᠡᠭᠦᠯ ᠮᠡᠨᠳᠦ ᠢᠢᠨ ᠲᠥᠯᠦᠭᠡ ᠡᠷᠭᠦᠭ᠍ᠰᠡᠨ ᠲᠠᠩ᠋ᠭᠠᠷᠢᠭ ᠲᠤ ᠪᠠᠨ ᠦᠨᠡᠨᠴᠢ ᠪᠡᠷ ᠵᠢᠳᠬᠦᠵᠦ ᠪᠠᠢᠢᠭᠠᠳ ᠨᠢ ᠲᠠᠯᠠᠷᠬᠠᠵᠤ᠂ ᠠᠵᠢᠯ ᠤᠨ ᠠᠮᠵᠢᠯᠲᠠ ᠬᠦᠰᠡᠨ ᠢᠷᠦᠭᠡᠯ᠎ᠡ᠃ ᠴᠢᠨᠠᠭᠰᠢᠳᠠ ᠪᠤᠰᠤᠳ ᠡᠷᠬᠡᠲᠡᠨ ᠢ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠨᠡᠪᠲᠡᠷᠡᠭᠦᠯᠬᠦ ᠰᠠᠨᠠᠯ᠂ ᠰᠠᠨᠠᠭᠠᠴᠢᠯᠠᠭ᠎ᠠ ᠢᠢ ᠪᠦᠬᠦ ᠲᠠᠯ᠎ᠠ ᠪᠠᠷ ᠳᠡᠮᠵᠢᠨ᠎ᠡ ᠭᠡᠳᠡᠭ ᠢᠶᠡᠨ ᠬᠡᠯᠡᠯ᠎ᠡ᠃

ᠤᠯᠤᠰ ᠤᠨ ᠬᠣᠶᠠᠳ᠋ᠤᠭᠠᠷ ᠲᠥᠪ ᠡᠮᠨᠡᠯᠭᠡ ᠢᠢᠨ ᠡᠷᠬᠡᠲᠡᠨ ᠰᠢᠯᠵᠢᠭᠦᠯᠦᠨ ᠰᠠᠭᠤᠯᠭᠠᠬᠤ ᠲᠥᠪ ᠢᠷᠡᠬᠦ ᠣᠨ ᠠᠴᠠ ᠡᠯᠢᠭᠡᠨ ᠡᠴᠡ ᠭᠠᠳᠠᠨ᠎ᠠ ᠪᠥᠭᠡᠷ᠎ᠡ᠂ ᠠᠭᠤᠰᠬᠢ᠂ ᠨᠣᠢᠢᠷ ᠪᠤᠯᠴᠢᠷᠬᠠᠶ᠂ ᠭᠡᠳᠡᠰᠦ ᠰᠢᠯᠵᠢᠭᠦᠯᠦᠨ ᠰᠠᠭᠤᠯᠭᠠᠵᠤ ᠡᠬᠢᠯᠡᠨ᠎ᠡ᠃ ᠤᠯᠠᠮ ᠢᠶᠠᠷ ᠷᠣᠪᠤᠲ ᠮᠡᠰᠡ ᠵᠠᠰᠠᠯ ᠨᠡᠪᠲᠡᠷᠡᠭᠦᠯᠵᠦ᠂ ᠠᠮᠢ ᠦᠭᠡᠢ ᠳ᠋ᠣᠨᠤᠷ ᠠᠴᠠ ᠡᠯᠢᠭᠡ ᠰᠢᠯᠵᠢᠭᠦᠯᠦᠨ ᠰᠠᠭᠤᠯᠭᠠᠬᠤ ᠪᠠᠷ ᠲᠥᠯᠦᠪᠯᠡᠵᠡᠶ᠃

ᠮᠠᠨ ᠤ ᠤᠯᠤᠰ ᠲᠤ ᠡᠯᠢᠭᠡᠨ ᠦ ᠬᠠᠪᠤᠳᠠᠷ ᠤᠨ ᠡᠪᠡᠳᠴᠢᠯᠡᠯ ᠵᠢᠯ ᠪᠦᠷᠢ ᠨᠡᠮᠡᠭᠳᠡᠵᠦ᠂ ᠬᠠᠪᠤᠳᠠᠷ ᠢᠶᠠᠷ ᠵᠢᠯ ᠳᠥ ᠑᠂᠗᠔᠕ ᠬᠦᠮᠦᠨ᠂ ᠡᠯᠢᠭᠡᠨ ᠦ ᠬᠠᠲᠠᠭᠤᠷᠠᠯ ᠢᠶᠠᠷ ᠖᠔᠓ ᠬᠦᠮᠦᠨ ᠨᠠᠰᠤ ᠪᠠᠷᠠᠵᠤ ᠪᠠᠢᠢᠭ᠎ᠠ ᠨᠢ ᠳᠡᠯᠡᠬᠡᠶ ᠳᠥ ᠥᠨᠳᠦᠷ ᠦᠵᠡᠭᠦᠯᠦᠯᠲᠡ ᠶᠤᠮ᠃ ᠡᠯᠢᠭᠡᠨ ᠦ ᠬᠣᠣᠷᠲᠤ ᠬᠠᠪᠤᠳᠠᠷ ᠤᠨ ᠡᠪᠡᠳᠴᠢᠯᠡᠯ ᠳᠡᠯᠡᠬᠡᠶ ᠢᠢᠨ ᠳᠤᠮᠳᠠᠵᠢ ᠠᠴᠠ ᠗-᠘ ᠳᠠᠬᠢᠨ ᠥᠨᠳᠦᠷ ᠪᠠᠢᠢᠨ᠎ᠠ᠃ ᠤᠯᠤᠰ ᠤᠨ ᠬᠡᠮᠵᠢᠶᠡᠨ ᠳᠥ ᠡᠯᠢᠭᠡᠨ ᠦ ᠳ᠋ᠣᠨᠤᠷ ᠬᠦᠯᠢᠶᠡᠵᠦ ᠪᠠᠢᠢᠭ᠎ᠠ ᠓᠒᠕ ᠬᠦᠮᠦᠨ ᠪᠠᠢᠢᠳᠠᠭ ᠤᠨ ᠒᠕ ᠨᠢ ᠤᠯᠤᠰ ᠤᠨ ᠬᠣᠶᠠᠳ᠋ᠤᠭᠠᠷ ᠡᠮᠨᠡᠯᠭᠡ ᠳᠥ ᠪᠠᠢᠢᠭ᠎ᠠ ᠶᠤᠮ᠃