ᠡᠷᠳᠡᠮ ᠰᠢᠨᠵᠢᠯᠡᠭᠡ᠂ ᠰᠤᠳᠤᠯᠭᠠᠨ ᠤ ᠪᠦᠲᠦᠭᠡᠯ ᠢᠶᠡᠷ ᠢᠶᠡᠨ ᠳᠡᠯᠡᠬᠡᠶ ᠢᠢᠨ ᠪᠣᠯᠤᠨ ᠡᠬᠡ ᠣᠷᠤᠨ ᠤ ᠪᠠᠨ ᠰᠢᠨᠵᠢᠯᠡᠬᠦ ᠤᠬᠠᠭᠠᠨ ᠤ ᠬᠥᠭ᠍ᠵᠢᠯ ᠳᠥ ᠪᠣᠳᠠᠲᠤ ᠬᠤᠪᠢ ᠨᠡᠮᠡᠷᠢ ᠣᠷᠤᠭᠤᠯᠤᠭᠰᠠᠨ ᠡᠷᠳᠡᠮᠲᠡᠨ ᠰᠤᠳᠤᠯᠤᠭᠠᠴᠢᠳ᠂ ᠠᠷᠠᠳ ᠢᠷᠭᠡᠳ ᠦᠨ ᠡᠷᠡᠭᠦᠯ ᠮᠡᠨᠳᠦ ᠢᠢ ᠬᠠᠮᠠᠭᠠᠯᠠᠬᠤ᠂ ᠡᠮᠨᠡᠯᠭᠡ ᠢᠢᠨ ᠲᠤᠰᠠᠯᠠᠮᠵᠢ᠂ ᠦᠢᠯᠡᠴᠢᠯᠡᠭᠡ ᠦᠵᠡᠭᠦᠯᠬᠦ ᠡᠭᠦᠷᠭᠡ ᠳᠥ ᠪᠡᠨ ᠣᠨᠴᠤᠭᠤᠶ ᠠᠮᠵᠢᠯᠲᠠ ᠭᠠᠷᠭᠠᠵᠤ᠂ ᠮᠡᠷᠭᠡᠵᠢᠯ ᠦᠨ ᠤᠷ᠎ᠠ ᠴᠢᠳᠠᠪᠤᠷᠢ ᠪᠠᠷ ᠢᠶᠠᠨ ᠲᠡᠷᠢᠭᠦᠯᠡᠭᠰᠡᠨ ᠡᠮᠴᠢ ᠨᠠᠷ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠒᠐᠒᠕ ᠣᠨ ᠤ «ᠰᠢᠯᠢᠳᠡᠭ ᠵᠠᠯᠠᠭᠤ ᠡᠷᠳᠡᠮᠲᠡᠨ»᠂ «ᠰᠢᠯᠢᠳᠡᠭ ᠵᠠᠯᠠᠭᠤ ᠡᠮᠴᠢ» ᠱᠠᠩᠨᠠᠯ ᠬᠦᠷᠲᠡᠯ᠎ᠡ᠃
ᠰᠢᠯᠢᠳᠡᠭ ᠵᠠᠯᠠᠭᠤ ᠡᠷᠳᠡᠮᠲᠡᠨ ᠢᠶᠡᠷ:
- ᠰᠢᠨᠵᠢᠯᠡᠬᠦ ᠤᠬᠠᠭᠠᠨ ᠤ ᠠᠻᠠᠳᠧᠮᠢ ᠢᠢᠨ ᠬᠢᠮᠢ᠂ ᠬᠢᠮᠢ ᠢᠢᠨ ᠲᠧᠭᠨᠣᠯᠤᠭᠢ ᠢᠢᠨ ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠵᠢᠯᠲᠠᠨ ᠸᠴᠢᠷᠬᠤᠶᠠᠭ ᠤᠨ ᠠᠯᠲᠠᠨᠲᠤᠶᠠᠭ᠎ᠠ᠂
- ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠢᠨ᠋ᠵᠧᠨᠧᠷ᠂ ᠲᠧᠭᠨᠣᠯᠤᠭᠢ ᠢᠢᠨ ᠰᠤᠷᠭᠠᠭᠤᠯᠢ ᠢᠢᠨ ᠨᠣᠭᠤᠭᠠᠨ ᠡᠷᠴᠢᠮ ᠬᠦᠴᠦ᠂ ᠢᠨ᠋ᠵᠧᠨᠧᠷᠴᠢᠯᠡᠯ ᠦᠨ ᠲᠢᠩᠬᠢᠮ ᠦᠨ ᠪᠠᠭᠰᠢ ᠪᠠᠲᠤ-ᠣᠷᠭᠢᠯ ᠤᠨ ᠲᠥᠷᠦᠮᠠᠨᠳᠤᠬᠤ᠂
- ᠠᠨᠠᠭᠠᠬᠤ ᠢᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ ᠢᠢᠨ ᠠᠨᠠᠭᠠᠬᠤ ᠤᠬᠠᠭᠠᠨ ᠤ ᠰᠤᠷᠭᠠᠭᠤᠯᠢ ᠢᠢᠨ ᠬᠣᠭᠤᠯᠠ ᠪᠣᠯᠪᠠᠰᠤᠷᠠᠭᠤᠯᠬᠤ ᠡᠷᠬᠡᠲᠡᠨ ᠰᠤᠳᠤᠯᠤᠯ ᠤᠨ ᠲᠢᠩᠬᠢᠮ ᠦᠨ ᠪᠠᠭᠰᠢ ᠬᠦᠷᠡᠯᠪᠠᠭᠠᠲᠤᠷ ᠤᠨ ᠴᠡᠪᠡᠯᠨᠣᠷᠪᠤ᠂
ᠰᠢᠯᠢᠳᠡᠭ ᠵᠠᠯᠠᠭᠤ ᠡᠮᠴᠢ ᠪᠡᠷ:
- ᠤᠯᠤᠰ ᠤᠨ ᠨᠢᠭᠡ᠊ᠳ᠋ᠦᠭᠡᠷ ᠲᠥᠪ ᠡᠮᠨᠡᠯᠭᠡ ᠢᠢᠨ «ᠡᠷᠬᠡᠲᠡᠨ ᠰᠢᠯᠵᠢᠭᠦᠯᠦᠨ ᠰᠠᠭᠤᠯᠭᠠᠬᠤ ᠲᠥᠪ» ᠤᠨ ᠡᠯᠢᠭᠡ᠂ ᠰᠥᠰᠦ᠂ ᠨᠣᠢᠢᠷ ᠪᠤᠯᠴᠢᠷᠬᠠᠶ ᠪᠣᠯᠤᠨ ᠡᠯᠢᠭᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠤᠨ ᠶᠡᠬᠡ ᠡᠮᠴᠢ ᠪᠠᠵᠠᠷᠰᠠᠳ ᠤᠨ ᠴᠡᠷᠢᠩᠪᠠᠲᠤ᠂
- ᠫ᠂ ᠨ᠂ ᠱᠠᠰᠲ᠋ᠢᠨ ᠤ ᠨᠡᠷᠡᠮᠵᠢᠲᠦ ᠤᠯᠤᠰ ᠤᠨ ᠭᠤᠷᠪᠠᠳ᠋ᠤᠭᠠᠷ ᠲᠥᠪ ᠡᠮᠨᠡᠯᠭᠡ ᠢᠢᠨ ᠵᠢᠷᠦᠬᠡᠨ ᠦ ᠰᠢᠭᠢᠳᠦᠭᠡᠰᠦ ᠢᠢᠨ ᠲᠠᠰᠤᠭ ᠤᠨ ᠵᠢᠷᠦᠬᠡ᠂ ᠰᠤᠳᠠᠰᠤ᠂ ᠰᠤᠳᠠᠰᠤᠨ ᠳᠣᠲᠤᠭᠤᠷᠬᠢ ᠮᠡᠰᠡ ᠵᠠᠰᠠᠯ ᠤᠨ ᠶᠡᠬᠡ ᠡᠮᠴᠢ ᡀᠠᠭᠪᠠᠰᠦ᠋ᠷᠦᠩ ᠦᠨ ᠪᠢᠮᠪᠠᠴᠣᠭᠲᠤ᠂
- ᠬᠠᠪᠤᠳᠠᠷ ᠰᠤᠳᠤᠯᠤᠯ ᠤᠨ ᠦᠨᠳᠦᠰᠦᠨ ᠦ ᠲᠥᠪ ᠦᠨ ᠲᠤᠶᠠᠭ᠎ᠠ ᠡᠮᠴᠢᠯᠡᠭᠡᠨ ᠦ ᠲᠠᠰᠤᠭ ᠤᠨ ᠶᠡᠬᠡ ᠡᠮᠴᠢ ᠪᠠᠲᠤᠰᠠᠭᠤᠷᠢ ᠢᠢᠨ ᠪᠢᠯᠢᠭ᠍ᠰᠠᠢᠢᠬᠠᠨ ᠨᠠᠷ ᠲᠣᠳᠣᠷᠠᠯ᠎ᠠ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠰᠢᠯᠢᠳᠡᠭ ᠵᠠᠯᠠᠭᠤ ᠡᠷᠳᠡᠮᠲᠡᠳ ᠪᠣᠯᠤᠨ ᠡᠮᠴᠢ ᠨᠠᠷ᠂ ᠲᠡᠳᠡᠨ ᠦ ᠭᠡᠷ ᠪᠦᠯᠦ᠂ ᠬᠠᠮᠲᠤ ᠣᠯᠠᠨ ᠳᠤ ᠠᠮᠵᠢᠯᠲᠠ ᠬᠦᠰᠡᠯ᠎ᠡ᠃
ᠮᠥᠨ ᠤᠳᠠᠬᠤ ᠦᠭᠡᠢ ᠲᠣᠬᠢᠶᠠᠬᠤ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ ᠣᠢ ᠢᠢᠨ ᠪᠠᠶᠠᠷ ᠤᠨ ᠮᠡᠨᠳᠦ ᠢᠢ ᠬᠦᠷᠭᠡᠵᠦ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠯ᠎ᠡ᠃










