ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠮᠣᠩᠭ᠋ᠣᠯ ᠤᠯᠤᠰ ᠤᠨ ᠦᠨᠳᠦᠰᠦᠨ ᠦ ᠨᠣᠮ ᠤᠨ ᠰᠠᠩ ᠪᠤᠶᠤ ᠪᠢᠳᠡᠨ ᠦ ᠬᠡᠯᠡᠵᠦ ᠵᠠᠩᠰᠢᠭᠰᠠᠨ ᠢᠶᠠᠷ ᠲᠥᠪ ᠨᠣᠮ ᠤᠨ ᠰᠠᠩ ᠤᠨ ᠦᠢᠯᠡ ᠠᠵᠢᠯᠯᠠᠭ᠎ᠠ ᠲᠠᠢ ᠲᠠᠨᠢᠯᠴᠠᠯ᠎ᠠ᠃
ᠠᠩᠬᠠᠯᠠᠨ 500 ᠮᠢᠩᠭ᠋ᠠᠨ ᠨᠣᠮ ᠲᠠᠢ ᠪᠠᠢᠢᠬᠤ ᠪᠠᠷ ᠲᠥᠯᠥᠪᠯᠡᠭᠳᠡᠭᠰᠡᠨ ᠨᠣᠮ ᠤᠨ ᠰᠠᠩ ᠤᠨ ᠪᠠᠢᠢᠷᠢᠨ ᠳᠤ ᠡᠳᠦᠭᠡ 3.6 ᠰᠠᠶ᠎ᠠ ᠭᠠᠷᠤᠢ ᠨᠣᠮ ᠰᠤᠳᠤᠷ᠂ ᠲᠡᠷᠡ ᠳᠤᠮᠳᠠ ᠪᠠᠨ ᠮᠣᠩᠭ᠋ᠣᠯ ᠤᠨ ᠠᠷᠠᠳ ᠲᠦᠮᠡᠨ ᠦ ᠪᠢᠴᠢᠭ᠌ ᠰᠣᠶᠣᠯ ᠤᠨ ᠮᠥᠩᠬᠡ ᠢᠢᠨ ᠳᠤᠷᠠᠰᠬᠠᠯ ᠪᠥᠭᠡᠳ ᠲᠥᠪ ᠠᠽᠢᠶ᠎ᠠ ᠢᠢᠨ ᠨᠡᠭᠦᠳᠡᠯᠴᠢᠳ ᠦᠨ ᠰᠣᠶᠣᠯ ᠢᠷᠭᠡᠨᠰᠢᠯ ᠦᠨ ᠦᠨᠡᠲᠦ ᠬᠡᠷᠡᠭᠯᠡᠭᠳᠡᠬᠦᠨ ᠪᠣᠯᠤᠭᠰᠠᠨ 1.5 ᠰᠠᠶ᠎ᠠ ᠭᠠᠷᠤᠢ ᠰᠢᠷᠬᠡᠭ᠌ ᠬᠠᠭᠤᠴᠢᠨ ᠤ ᠬᠣᠪᠣᠷ᠂ ᠨᠠᠨᠳᠢᠨ ᠨᠣᠮ ᠰᠤᠳᠤᠷ ᠬᠠᠳᠠᠭᠠᠯᠠᠭᠳᠠᠵᠤ ᠪᠠᠢᠢᠭ᠎ᠠ ᠶᠤᠮ ᠪᠠᠢᠢᠨ᠎ᠠ᠃
ᠭᠡᠪᠡᠴᠦ᠂ ᠦᠨᠳᠦᠰᠦᠨ ᠦ ᠨᠣᠮ ᠤᠨ ᠰᠠᠩ ᠤᠨ ᠵᠠᠬᠢᠷᠤᠯ ᠪ ∙ ᠢᠴᠢᠨᠬᠣᠷᠯᠸ᠎ᠠ ᠢᠢᠨ ᠲᠠᠨᠢᠯᠴᠠᠭᠤᠯᠤᠭᠰᠠᠨ ᠢᠶᠠᠷ 《…ᠪᠢᠳᠡᠨ ᠦ ᠡᠪᠦᠭᠡ ᠳᠡᠭᠡᠳᠦᠰ ᠦᠨ ᠦᠯᠡᠳᠡᠭᠡᠭᠰᠡᠨ ᠣᠶᠤᠨ ᠰᠠᠨᠠᠭᠠᠨ ᠤ ᠲᠤᠰᠠᠭᠠᠷ ᠲᠣᠭᠲᠠᠨᠢᠯ ᠤᠰᠤᠨ ᠳᠤ ᠨᠣᠷᠴᠤ ᠤᠰᠠᠳᠬᠤ ᠳᠤ ᠣᠢᠢᠷᠠᠬᠠᠨ ᠪᠣᠯᠤᠭᠰᠠᠨ》 ᠪᠥᠭᠡᠳ ᠨᠣᠮ ᠤᠨ ᠰᠠᠩ ᠤᠨ ᠳᠠᠭᠠᠭᠠᠴᠠ ᠳᠣᠯᠣᠭ᠎ᠠ ᠳᠠᠬᠢᠨ ᠬᠡᠲᠦᠷᠡᠵᠦ᠂ ᠬᠤᠷ᠎ᠠ ᠪᠣᠷᠣᠭ᠎ᠠ ᠶᠡᠬᠡ ᠲᠡᠢ ᠪᠠᠢᠢᠭᠰᠠᠨ ᠥᠨᠥ ᠵᠢᠯ ᠨᠣᠮ ᠤᠨ ᠰᠠᠩ ᠤᠨ ᠪᠠᠷᠢᠯᠭ᠎ᠠ ᠤᠷᠢᠳᠤ ᠵᠢᠯ ᠦᠳ ᠡᠴᠡ ᠢᠯᠡᠭᠦᠦ ᠲᠡᠢ ᠪᠡᠷ ᠣᠯᠠᠨ ᠲᠠᠯ᠎ᠠ ᠠᠴᠠ ᠪᠠᠨ ᠤᠰᠤᠨ ᠳᠤ ᠨᠡᠪᠴᠢᠬᠦ ᠪᠣᠯᠵᠠᠢ᠃
ᠵᠢᠱᠢᠶ᠎ᠡ ᠨᠢ᠂ ᠵᠥᠪᠬᠡᠨ ᠲᠥᠪᠡᠳ ᠨᠣᠮ ᠤᠨ ᠹᠣᠨ᠋ᠳ᠋ ᠬᠡᠰᠡᠭ ᠲᠥ 1591 ᠣᠨ ᠳᠤ ᠪᠦᠲᠦᠭᠡᠭ᠍ᠳᠡᠭᠰᠡᠨ ᠵᠠᠮᠪᠠᠯᠼᠠᠨᠵᠢᠳ ᠭᠡᠬᠦ ᠴᠣᠷ ᠭᠠᠭᠴᠠ ᠮᠣᠳᠣᠨ ᠪᠠᠷ ᠤᠨ ᠨᠤᠭᠤᠯᠪᠤᠷᠢ ᠰᠤᠳᠤᠷ᠂ ᠳᠡᠯᠡᠬᠡᠢ ᠢᠢᠨ ᠪᠠᠷᠢᠮᠲᠠᠲᠤ ᠥᠪ ᠢᠶᠡᠷ ᠪᠦᠷᠢᠳᠬᠡᠭ᠍ᠳᠡᠭᠰᠡᠨ 《ᠮᠣᠩᠭ᠋ᠣᠯ ᠰᠢᠩᠬᠤᠨ ᠳᠠᠨᠵᠤᠤᠷ》᠂ ᠪᠣᠭᠳᠠ ᠬᠠᠭᠠᠨ ᠤ ᠵᠠᠷᠯᠢᠭ ᠤᠨ ᠡᠬᠢ ᠬᠤᠪᠢ ᠨᠤᠭᠤᠳ ᠵᠡᠷᠭᠡ ᠣᠯᠠᠨ ᠮᠢᠩᠭ᠋ᠠᠨ ᠬᠣᠪᠣᠷ ᠨᠠᠨᠳᠢᠨ ᠨᠣᠮ᠂ ᠰᠤᠳᠤᠷ ᠤᠳ᠂ ᠲᠡᠦᠬᠡᠨ ᠡᠬᠡ ᠰᠤᠷᠪᠤᠯᠵᠢ ᠨᠤᠭᠤᠳ ᠬᠠᠳᠠᠭᠠᠯᠠᠭᠳᠠᠳᠠᠭ᠃ ᠭᠡᠪᠡᠴᠦ᠂ ᠭᠠᠯ᠂ ᠤᠰᠤᠨ ᠤ ᠥᠨᠳᠥᠷ ᠡᠷᠦᠰᠳᠡᠯ ᠲᠡᠢ᠂ ᠬᠠᠭᠤᠴᠢᠷᠠᠵᠤ ᠮᠠᠭᠤᠳᠠᠭᠰᠠᠨ ᠪᠠᠢᠢᠷᠢ ᠢᠢ ᠥᠨᠥ ᠬᠢᠷᠢ ᠨᠢ ᠵᠠᠰᠠᠵᠤ ᠰᠡᠯᠪᠢᠬᠦ ᠦᠭᠡᠢ ᠪᠠᠢᠢᠭ᠎ᠠ ᠳᠤ ᠰᠡᠳᠬᠢᠯ ᠵᠣᠪᠠᠨᠢᠵᠤ ᠪᠠᠢᠢᠭ᠎ᠠ ᠲᠠᠯ᠎ᠠ ᠪᠠᠷ ᠨᠣᠮ ᠤᠨ ᠰᠠᠩ ᠤᠨ ᠤᠳᠤᠷᠢᠳᠤᠯᠭ᠎ᠠ ᠨᠤᠭᠤᠳ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠲᠠᠨᠢᠯᠴᠠᠭᠤᠯᠤᠭᠰᠠᠨ ᠶᠤᠮ᠃
ᠮᠥᠨ ᠦᠨᠳᠦᠰᠦᠨ ᠦ ᠨᠣᠮ ᠤᠨ ᠰᠠᠩ ᠤᠨ ᠪᠠᠷᠢᠯᠭ᠎ᠠ ᠢᠢ ᠰᠢᠨ᠎ᠡ ᠪᠡᠷ ᠪᠠᠷᠢᠬᠤ ᠰᠢᠢᠳᠪᠦᠷᠢ ᠭᠠᠷᠤᠭᠰᠠᠨ ᠴᠤ ᠲᠥᠰᠥᠪ᠂ ᠮᠥᠩᠭᠥᠨ ᠦ ᠬᠦᠷᠦᠯᠴᠡᠭᠡ ᠦᠭᠡᠢ ᠪᠠᠢᠢᠳᠠᠯ ᠠᠴᠠ ᠪᠣᠯᠵᠤ ᠪᠠᠷᠢᠯᠭ᠎ᠠ ᠢᠢᠨ ᠠᠵᠢᠯ ᠤᠨ ᠶᠠᠪᠤᠴᠠ ᠤᠳᠠᠭᠠᠰᠢᠷᠠᠬᠤ ᠪᠣᠯᠵᠠᠢ᠃ ᠤᠯᠠᠮ ᠢᠶᠠᠷ ᠦᠨᠳᠦᠰᠦᠨ ᠦ ᠨᠣᠮ ᠤᠨ ᠰᠠᠩ ᠤᠨ ᠤᠳᠤᠷᠢᠳᠤᠯᠭ᠎ᠠ ᠨᠤᠭᠤᠳ 2013 ᠣᠨ ᠳᠤ ᠪᠠᠷᠢᠯᠭ᠎ᠠ ᠢᠢᠨ ᠥᠷᠭᠡᠳᠬᠡᠯ ᠦᠨ ᠵᠢᠷᠤᠭ ᠲᠥᠰᠥᠯ ᠬᠢᠯᠭᠡᠵᠦ᠂ ᠡᠨᠡᠬᠦ ᠠᠵᠢᠯ ᠳᠤ ᠨᠢ 4.7 ᠲᠡᠷᠪᠤᠮ ᠲᠥᠭᠥᠷᠢᠭ᠌ ᠱᠠᠭᠠᠷᠳᠠᠯᠭ᠎ᠠ ᠲᠠᠢ ᠭᠡᠵᠦ ᠲᠣᠭᠠᠴᠠᠭᠠᠯᠠᠭᠰᠠᠨ ᠪᠠᠢᠢᠨ᠎ᠠ᠃ ᠦᠨᠳᠦᠰᠦᠨ ᠦ ᠨᠣᠮ ᠤᠨ ᠰᠠᠩ ᠤᠨ ᠵᠠᠬᠢᠷᠤᠯ ᠪ ∙ ᠢᠴᠢᠨᠬᠣᠷᠯᠸ᠎ᠠ ᠢᠢᠨ ᠬᠡᠯᠡᠭᠰᠡᠨ ᠢᠶᠡᠷ 4.7 ᠲᠡᠷᠪᠤᠮ ᠲᠥᠭᠥᠷᠢᠭ᠌ ᠨᠢ ᠰᠢᠨ᠎ᠡ ᠪᠠᠷᠢᠯᠭ᠎ᠠ ᠢᠢᠨ ᠲᠥᠰᠥᠪ ᠲᠡᠢ ᠬᠠᠷᠢᠴᠠᠭᠤᠯᠬᠤ ᠳᠤ ᠮᠠᠰᠢ ᠪᠠᠭ᠎ᠠ ᠥᠷᠲᠡᠭ ᠲᠡᠢ ᠲᠤᠯᠠ ᠡᠬᠢᠨ ᠦ ᠡᠭᠡᠯᠵᠢ ᠳᠥ ᠶᠠᠭᠠᠷᠠᠯᠲᠠᠢ ᠥᠷᠭᠡᠳᠬᠡᠯ ᠦᠨ ᠠᠵᠢᠯ ᠢ ᠡᠬᠢᠯᠡᠭᠦᠯᠵᠦ᠂ ᠦᠨᠡᠲᠦ᠂ ᠬᠣᠣᠰ ᠦᠭᠡᠢ ᠨᠣᠮ ᠰᠤᠳᠤᠷ ᠤᠳ ᠢᠶᠠᠨ ᠬᠠᠳᠠᠭᠠᠯᠠᠬᠤ ᠶᠣᠰᠣᠲᠠᠢ ᠭᠡᠵᠦ ᠦᠵᠡᠵᠦ ᠪᠠᠢᠢᠭ᠎ᠠ ᠶᠤᠮ᠃ ᠬᠡᠳᠦᠢ ᠪᠡᠷ ᠨᠣᠮ ᠤᠨ ᠰᠠᠩ ᠤᠨ ᠤᠳᠤᠷᠢᠳᠤᠯᠭ᠎ᠠ ᠨᠤᠭᠤᠳ ᠵᠢᠯ ᠪᠦᠷᠢ ᠤᠷᠤᠰᠬᠠᠯ ᠵᠠᠰᠠᠪᠤᠷᠢ ᠬᠢᠵᠦ ᠪᠠᠢᠢᠭ᠎ᠠ ᠴᠤ ᠵᠠᠰᠠᠪᠤᠷᠢ ᠠᠪᠬᠤ ᠦᠭᠡᠢ᠂ ᠤᠰᠤᠨ ᠤ ᠨᠡᠪᠴᠢᠯᠲᠡ ᠢᠢ ᠵᠣᠭᠰᠣᠭᠠᠬᠤ ᠪᠣᠯᠤᠮᠵᠢ ᠦᠭᠡᠢ ᠲᠤᠯᠠ ᠵᠠᠰᠠᠭ ᠤᠨ ᠭᠠᠵᠠᠷ ᠢ ᠦᠨᠳᠦᠰᠦᠨ ᠦ ᠨᠣᠮ ᠤᠨ ᠰᠠᠩ ᠤᠨ ᠥᠷᠭᠡᠳᠬᠡᠯ ᠦᠨ ᠠᠰᠠᠭᠤᠳᠠᠯ ᠳᠤ ᠠᠩᠬᠠᠷᠴᠤ ᠥᠭ᠍ᠬᠦ ᠢᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠠᠷ ᠳᠠᠮᠵᠢᠭᠤᠯᠤᠨ ᠬᠦᠰᠡᠯ᠎ᠡ᠃
ᠮᠥᠨ ᠡᠨᠡ ᠦᠶ᠎ᠡ ᠪᠡᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠦᠨᠡᠲᠦ᠂ ᠬᠣᠣᠰ ᠦᠭᠡᠢ ᠨᠣᠮ ᠰᠤᠳᠤᠷ ᠤᠳ ᠢ ᠬᠠᠳᠠᠭᠠᠯᠠᠬᠤ᠂ ᠬᠠᠮᠠᠭᠠᠯᠠᠬᠤ ᠠᠰᠠᠭᠤᠳᠠᠯ ᠲᠤᠯᠭᠠᠮᠳᠠᠵᠤ ᠪᠠᠢᠢᠭ᠎ᠠ ᠤᠴᠢᠷ ᠠᠴᠠ ᠭᠠᠵᠠᠷ ᠳᠡᠭᠡᠷ᠎ᠡ ᠨᠢ ᠢᠷᠡᠵᠦ ᠦᠵᠡᠶ᠎ᠡ ᠭᠡᠵᠦ ᠪᠣᠳᠣᠭᠰᠠᠨ ᠶᠤᠮ᠃ ᠰᠢᠨ᠎ᠡ ᠪᠠᠷᠢᠯᠭ᠎ᠠ ᠢᠢᠨ ᠶᠠᠪᠤᠴᠠ ᠤᠳᠠᠭᠠᠰᠢᠷᠠᠯ ᠲᠠᠢ ᠪᠠᠢᠢᠭ᠎ᠠ ᠲᠤᠯᠠ 4 ᠲᠡᠷᠪᠤᠮ ᠭᠠᠷᠤᠢ ᠲᠥᠭᠥᠷᠢᠭ᠌ ᠢᠶᠡᠷ ᠣᠳᠣ ᠢᠢᠨ ᠨᠣᠮ ᠤᠨ ᠰᠠᠩ ᠢᠢᠠᠨ ᠦᠷᠭᠡᠳᠭᠡᠬᠦ ᠪᠣᠯᠤᠮᠵᠢ ᠡᠷᠢᠯᠬᠢᠯᠡᠵᠦ ᠪᠠᠢᠢᠭ᠎ᠠ ᠶᠤᠮ ᠪᠠᠢᠢᠨ᠎ᠠ᠃ ᠡᠨᠡ ᠪᠣᠯ ᠠᠷᠭ᠎ᠠ ᠶᠠᠳᠠᠭᠰᠠᠨ ᠯᠠ ᠵᠦᠢᠯ ᠰᠢᠦ ᠳ᠋ᠡ᠃ 2012 ᠣᠨ ᠠᠴᠠ ᠬᠣᠢᠢᠰᠢ ᠰᠢᠨ᠎ᠡ ᠪᠠᠷᠢᠯᠭ᠎ᠠ ᠪᠠᠷᠢᠬᠤ ᠲᠥᠰᠦᠪ ᠦᠨ ᠠᠰᠠᠭᠤᠳᠠᠯ ᠤᠳᠠᠭᠠᠰᠢᠷᠠᠯ ᠲᠠᠢ ᠶᠠᠪᠤᠵᠤ ᠢᠷᠡᠭᠰᠡᠨ ᠪᠠᠢᠢᠨ᠎ᠠ᠃ ᠥᠷᠭᠡᠳᠬᠡᠯ ᠦᠨ ᠬᠤᠪᠢ ᠳᠤ ᠢᠯᠭᠠᠭ᠎ᠠ ᠦᠭᠡᠢ᠃ ᠲᠡᠢᠢᠮᠦ ᠡᠴᠡ ᠡᠨᠡ ᠠᠰᠠᠭᠤᠳᠠᠯ ᠳᠤ ᠣᠯᠠᠨ ᠤ ᠠᠩᠬᠠᠷᠤᠯ ᠢ ᠬᠠᠨᠳᠤᠭᠤᠯᠬᠤ ᠪᠣᠯᠤᠭᠠᠳ ᠬᠥᠷᠥᠩᠭᠡ᠂ ᠮᠥᠩᠭᠥ ᠪᠣᠰᠬᠠᠬᠤ ᠲᠠᠯ᠎ᠠ ᠳᠡᠭᠡᠷ᠎ᠡ ᠠᠩᠬᠠᠷᠴᠤ ᠠᠵᠢᠯᠯᠠᠬᠤ ᠪᠣᠳᠣᠯ ᠲᠠᠢ ᠪᠠᠢᠢᠨ᠎ᠠ》 ᠭᠡᠰᠡᠨ ᠶᠤᠮ᠃