ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠡᠷᠭᠡᠳᠡᠬᠢ ᠶᠣᠰᠤ ᠵᠦᠢ ᠢᠢᠨ ᠳᠡᠳ᠋ ᠬᠣᠷᠢᠶᠠᠨ ᠠᠴᠠ ᠲᠤᠰ ᠭᠠᠵᠠᠷ ᠤᠨ ᠠᠯᠪᠠᠨ ᠬᠠᠭᠠᠭᠴᠢᠳ ᠤᠨ ᠳᠤᠮᠳᠠ «ᠶᠣᠰᠤ ᠵᠦᠢ ᠢᠢᠨ ᠶᠡᠷᠦᠩᠬᠡᠶ ᠣᠢᠢᠯᠠᠭᠠᠯᠲᠠ» ᠰᠡᠳᠦᠪ ᠲᠥ ᠰᠤᠷᠭᠠᠯᠲᠠ ᠢᠢ ᠵᠣᠬᠢᠶᠠᠨ ᠪᠠᠢᠢᠭᠤᠯᠤᠯ᠎ᠠ᠃
ᠰᠤᠷᠭᠠᠯᠲᠠ ᠢᠢᠨ ᠦᠶ᠎ᠡ ᠪᠡᠷ «ᠶᠣᠰᠤ ᠵᠦᠢ ᠢᠢᠨ ᠲᠤᠬᠠᠶ ᠣᠢᠢᠯᠠᠭᠠᠯᠲᠠ᠂ ᠦᠵᠡᠯ ᠪᠠᠷᠢᠮᠲᠠᠯᠠᠯ» ᠰᠡᠳᠦᠪ ᠢᠶᠡᠷ ᠤᠳᠤᠷᠢᠳᠤᠯᠭ᠎ᠠ ᠢᠢᠨ ᠠᠻᠠᠳᠧᠮᠢ ᠢᠢᠨ ᠪᠠᠭᠰᠢ᠂ ᠮᠣᠩ᠋ᠭᠤᠯ ᠤᠯᠤᠰ ᠤᠨ ᠶᠣᠰᠤ ᠵᠦᠢ ᠢᠢᠨ ᠬᠣᠷᠢᠶᠠᠨ ᠤ ᠭᠡᠰᠢᠭᠦᠨ᠂ ᠳ᠋ᠣᠻᠲ᠋ᠤᠷ ᠴ᠊᠂ ᠡᠷᠳᠡᠨᠢᠴᠢᠮᠡᠭ᠌᠂ «ᠲᠥᠷᠦ ᠢᠢᠨ ᠠᠯᠪᠠᠨ ᠬᠠᠭᠠᠭᠴᠢ ᠢᠢᠨ ᠶᠣᠰᠤ ᠵᠦᠢ» ᠰᠡᠳᠦᠪ ᠢᠶᠡᠷ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠪᠠᠭᠰᠢ᠂ ᠳ᠋ᠣᠻᠲ᠋ᠤᠷ ᠰ᠊᠂ ᠴᠡᠳᠡᠨᠳᠠᠮᠪᠠ ᠨᠠᠷ ᠲᠤᠰ ᠲᠤᠰ ᠢᠯᠡᠳᠬᠡᠯ ᠲᠠᠯᠪᠢᠵᠤ᠂ ᠬᠡᠯᠡᠯᠴᠡᠭᠦᠯᠭᠡ ᠥᠷᠨᠢᠭᠦᠯᠪᠡ᠃
ᠲᠤᠬᠠᠢᠢᠯᠠᠪᠠᠯ᠂ ᠲᠥᠷᠦ ᠢᠢᠨ ᠠᠯᠪᠠᠨ ᠬᠠᠭᠠᠭᠴᠢ ᠢᠢᠨ ᠶᠣᠰᠤ ᠵᠦᠢ ᠢᠢᠨ ᠵᠠᠷᠴᠢᠮ᠂ ᠨᠡᠢᠢᠭᠡᠮ ᠳ᠋ᠡᠬᠢ ᠶᠣᠰᠤ ᠰᠤᠷᠲᠠᠬᠤᠨ ᠤ ᠮᠠᠩᠯᠠᠢᠢᠯᠠᠯ᠂ ᠮᠡᠷᠭᠡᠵᠢᠯ ᠦᠨ ᠰᠲ᠋ᠠᠨ᠋ᠳᠠᠷᠲ᠂ ᠰᠠᠭᠤᠷᠢ ᠬᠡᠮ ᠬᠡᠮᠵᠢᠶ᠎ᠡ᠂ ᠦᠨᠡᠲᠦ ᠵᠦᠢᠯᠡᠰ᠂ ᠶᠣᠰᠤ ᠵᠦᠢ ᠢᠢ ᠳᠡᠭᠡᠳᠦᠯᠡᠭᠰᠡᠨ ᠰᠣᠶᠤᠯ ᠢ ᠪᠦᠷᠢᠳᠦᠭᠦᠯᠬᠦ ᠳᠥ ᠲᠥᠷᠦ ᠢᠢᠨ ᠠᠯᠪᠠᠨ ᠬᠠᠭᠠᠭᠴᠢ ᠢᠢᠨ ᠣᠷᠤᠭᠤᠯᠬᠤ ᠬᠤᠪᠢ ᠨᠡᠮᠡᠷᠢ ᠵᠡᠷᠭᠡ ᠠᠭᠤᠯᠭ᠎ᠠ ᠢᠢ ᠪᠠᠲᠤᠳᠬᠠᠨ ᠬᠡᠯᠡᠯᠴᠡᠯ᠎ᠡ᠃
ᠮᠥᠨ ᠬᠠᠷᠢᠯᠴᠠᠨ ᠬᠦᠨᠳᠦᠳᠬᠡᠯ᠂ ᠢᠲᠡᠭᠡᠯᠴᠡᠯ ᠳᠥ ᠰᠠᠭᠤᠷᠢᠯᠠᠭᠰᠠᠨ ᠠᠵᠢᠯ ᠤᠨ ᠣᠷᠴᠢᠨ ᠢ ᠬᠡᠷᠬᠢᠨ ᠪᠦᠷᠢᠳᠦᠭᠦᠯᠬᠦ᠂ ᠶᠣᠰᠤ ᠵᠦᠢ ᠢᠢ ᠳᠡᠭᠡᠳᠦᠯᠡᠭᠰᠡᠨ ᠪᠠᠢᠢᠭᠤᠯᠤᠯᠭ᠎ᠠ ᠢᠢᠨ ᠰᠣᠶᠤᠯ ᠢ ᠬᠡᠷᠬᠢᠨ ᠲᠥᠯᠦᠪᠰᠢᠭᠦᠯᠬᠦ ᠲᠠᠯ᠎ᠠ ᠪᠠᠷ ᠮᠡᠳᠡᠭᠡᠯᠡᠯ ᠰᠣᠨᠤᠰᠴᠤ᠂ ᠰᠠᠨᠠᠯ ᠪᠣᠳᠤᠯ ᠢᠶᠠᠨ ᠰᠣᠯᠢᠯᠴᠠᠪᠠ᠃
ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠡᠷᠭᠡᠳᠡᠬᠢ ᠶᠣᠰᠤ ᠵᠦᠢ ᠢᠢᠨ ᠳᠡᠳ᠋ ᠬᠣᠷᠢᠶᠠᠨ ᠤ ᠳᠠᠷᠤᠭ᠎ᠠ ᠪᠠᠷ ᠪᠠᠷᠢᠮᠲᠠ ᠪᠢᠴᠢᠭ᠌᠂ ᠬᠢᠨᠠᠯᠲᠠ ᠰᠢᠨᠵᠢᠯᠡᠭᠡᠨ ᠦ ᠭᠠᠵᠠᠷ ᠤᠨ ᠳᠠᠷᠤᠭ᠎ᠠ ᠰ᠊᠂ ᠶᠠᠩᠵᠢᠨᠰᠦ᠋ᠷᠦᠩ ᠠᠵᠢᠯᠯᠠᠵᠤ ᠪᠠᠢᠢᠭ᠎ᠠ ᠪᠥᠭᠡᠳ ᠳᠡᠳ᠋ ᠬᠣᠷᠢᠶ᠎ᠠ ᠨᠢ ᠲᠥᠷᠦ ᠢᠢᠨ ᠠᠯᠪᠠᠨ ᠬᠠᠭᠠᠭᠴᠢ ᠢᠢᠨ ᠶᠣᠰᠤ ᠵᠦᠢ ᠢᠢᠨ ᠲᠤᠬᠠᠶ ᠬᠠᠤᠯᠢ ᠪᠣᠯᠤᠨ ᠲᠠᠮᠠᠭ᠎ᠠ ᠢᠢᠨ ᠭᠠᠵᠠᠷ ᠤᠨ ᠳᠦᠷᠢᠮ᠂ ᠬᠥᠳᠡᠯᠮᠦᠷᠢ ᠢᠢᠨ ᠳᠣᠲᠤᠭᠠᠳᠤ ᠵᠢᠷᠤᠮ ᠤᠨ ᠬᠡᠷᠡᠭᠵᠢᠯᠲᠡ ᠢᠢ ᠬᠠᠩ᠋ᠭᠠᠬᠤ ᠴᠢᠭ᠌ ᠡᠭᠦᠷᠭᠡ ᠲᠡᠢ᠃





