ᠮᠣᠩ᠋ᠭᠤᠯ ᠤᠯᠤᠰ ᠤᠨ ᠵᠠᠰᠠᠭ ᠤᠨ ᠭᠠᠵᠠᠷ ᠠᠴᠠ ᠡᠷᠭᠦᠨ ᠮᠡᠳᠡᠭᠦᠯᠦᠭᠰᠡᠨ ᠦ ᠳᠠᠭᠠᠭᠤ ᠲᠥᠷᠦ ᠢᠢᠨ ᠠᠯᠪᠠᠨ ᠤ ᠤᠳᠤᠷᠢᠳᠬᠤ ᠠᠯᠪᠠᠨ ᠲᠤᠰᠢᠶᠠᠯ ᠬᠠᠰᠢᠵᠤ ᠪᠠᠢᠢᠭ᠎ᠠ ᠨᠡᠷ᠎ᠡ ᠪᠦᠬᠦᠢ ᠒᠑ ᠡᠷᠬᠢᠮ ᠳ᠋ᠥ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠲᠡᠷᠢᠭᠦᠨ ᠲᠦᠰᠢᠮᠡᠯ ᠦᠨ ᠵᠡᠷᠭᠡ ᠳᠡᠪ ᠢ ᠰᠢᠨ᠎ᠡ ᠪᠡᠷ ᠪᠣᠯᠤᠨ ᠠᠬᠢᠭᠤᠯᠤᠨ ᠣᠯᠭᠤᠯ᠎ᠠ᠃
ᠬᠠᠤᠯᠢ ᠳᠤ ᠵᠢᠭᠠᠭᠰᠠᠨ ᠪᠣᠯᠵᠤᠯ᠂ ᠱᠠᠭᠠᠷᠳᠠᠯᠭ᠎ᠠ ᠢᠢ ᠬᠠᠩ᠋ᠭᠠᠭᠰᠠᠨ ᠤᠴᠢᠷ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠠ᠊᠂ ᠦᠢᠯᠡᠰᠲᠡᠭᠦᠯᠳᠡᠷ ᠪᠠᠲᠤᠯᠠᠮᠵᠢ ᠢᠢ ᠨᠢ ᠭᠠᠷᠳᠠᠭᠤᠯᠵᠤ᠂ ᠠᠵᠢᠯ ᠤᠨ ᠠᠮᠵᠢᠯᠲᠠ ᠬᠦᠰᠡᠨ ᠢᠷᠦᠭᠡᠯ᠎ᠡ᠃
ᠲᠡᠷᠡ ᠪᠡᠷ᠂ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠲᠥᠷᠦ ᠢᠢᠨ ᠠᠯᠪᠠᠨ ᠤ ᠦᠨ᠎ᠡ ᠴᠡᠨ᠎ᠡ᠂ ᠡᠭᠦᠷᠭᠡ᠂ ᠣᠷᠤᠯᠴᠠᠭ᠎ᠠ ᠢᠢ ᠪᠡᠬᠢᠵᠢᠭᠦᠯᠵᠦ᠂ ᠬᠠᠤᠯᠢ ᠳᠡᠭᠡᠳᠦᠯᠡᠳᠡᠭ᠂ ᠢᠷᠭᠡᠳ ᠲᠥ ᠪᠡᠨ ᠦᠢᠯᠡᠴᠢᠯᠡᠳᠡᠭ᠂ ᠮᠡᠳᠡᠯᠭᠡ᠂ ᠴᠢᠳᠠᠪᠤᠷᠢ᠂ ᠶᠣᠰᠤ ᠵᠦᠢ ᠲᠡᠢ ᠲᠥᠷᠦ ᠢᠢᠨ ᠠᠯᠪᠠ ᠢᠢ ᠲᠥᠯᠦᠪᠰᠢᠭᠦᠯᠬᠦ ᠢᠢᠨ ᠲᠤᠯᠠᠳᠠ ᠲᠥᠷᠦ ᠢᠢᠨ ᠠᠯᠪᠠ᠂ ᠲᠥᠷᠦ ᠢᠢᠨ ᠠᠯᠪᠠᠨ ᠬᠠᠭᠠᠭᠴᠢᠳ ᠢ ᠪᠦᠬᠦ ᠲᠠᠯ᠎ᠠ ᠪᠠᠷ ᠳᠡᠮᠵᠢᠨ᠎ᠡ ᠭᠡᠳᠡᠭ ᠢ ᠬᠡᠯᠡᠯ᠎ᠡ᠃
ᠲᠥᠷᠦ ᠢᠢᠨ ᠠᠯᠪᠠᠨ ᠤ ᠲᠤᠬᠠᠶ ᠬᠠᠤᠯᠢ ᠢᠢᠨ ᠒᠑ ᠊ᠳ᠋ᠦᠭᠡᠷ ᠵᠦᠢᠯ ᠳᠥ «ᠲᠡᠷᠢᠭᠦᠨ ᠲᠦᠰᠢᠮᠡᠯ ᠦᠨ ᠠᠯᠪᠠᠨ ᠲᠤᠰᠢᠶᠠᠯ ᠤᠨ ᠵᠡᠷᠭᠡ ᠳᠡᠪ ᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠣᠯᠭᠤᠨ᠎ᠠ» ᠬᠡᠮᠡᠨ ᠵᠢᠭᠠᠭᠰᠠᠨ ᠪᠠᠢᠢᠳᠠᠭ ᠶᠤᠮ᠃








