ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠒᠐᠒᠕-᠒᠐᠒᠖ ᠣᠨ ᠤ ᠰᠢᠨ᠎ᠡ ᠵᠢᠯ ᠦᠨ ᠮᠡᠨᠳᠦᠴᠢᠯᠡᠭᠡ ᠢᠢ ᠬᠦᠷᠭᠡᠵᠦ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡᠨ ᠳᠥ:
«ᠮᠠᠨ ᠤ ᠤᠯᠤᠰ ᠤᠨ ᠡᠷᠬᠢᠮ ᠬᠦᠨᠳᠦᠲᠦ ᠠᠷᠠᠳ ᠢᠷᠭᠡᠳ ᠡ᠂
ᠡᠯᠢᠭᠡ ᠨᠢᠭᠡᠲᠦ ᠮᠣᠩ᠋ᠭᠤᠯ ᠠᠬᠠᠨ ᠳᠡᠭᠦᠰ ᠡ᠂
ᠬᠦᠮᠦᠨ ᠲᠥᠷᠦᠯᠬᠢᠲᠡᠨ ᠦ ᠲᠡᠦᠬᠡ ᠢᠢᠨ ᠬᠦᠷᠳᠦ ᠨᠢᠭᠡᠨ ᠣᠨ ᠢ ᠦᠳᠡᠵᠦ ᠪᠤᠢ ᠡᠨᠡ ᠬᠦ ᠲᠣᠷᠭᠠᠨ ᠮᠥᠴᠡ ᠳᠥ ᠬᠠᠯᠠᠭᠤᠨ ᠠᠮᠠ ᠪᠦᠯᠦ᠂ ᠬᠠᠢᠢᠷ᠎ᠠ ᠲᠠᠶ ᠳᠣᠲᠤᠨᠤ ᠢᠢᠨ ᠬᠦᠮᠦᠰ ᠲᠡᠶ ᠪᠡᠨ ᠰᠢᠨ᠎ᠡ ᠣᠨ ᠢᠶᠠᠨ ᠤᠭᠲᠤᠬᠤ ᠪᠠᠷ ᠰᠡᠳᠬᠢᠯ ᠳᠣᠭᠳᠣᠯᠤᠨ ᠬᠦᠯᠢᠶᠡᠵᠦ ᠪᠠᠢᠢᠭ᠎ᠠ ᠲᠠ ᠪᠦᠬᠦᠨ ᠳᠥ ᠪᠡᠨ ᠰᠢᠨ᠎ᠡ ᠣᠨ᠂ ᠰᠢᠨ᠎ᠡ ᠵᠢᠯ ᠦᠨ ᠪᠠᠶᠠᠷ ᠤᠨ ᠮᠡᠨᠳᠦ ᠢᠢ ᠡᠷᠭᠦᠨ ᠳᠡᠪᠰᠢᠭᠦᠯᠦᠶ ᠡ᠃
ᠰᠢᠨ᠎ᠡ ᠪᠦᠬᠦᠨ ᠦ ᠡᠬᠢᠯᠡᠯ ᠰᠢᠨ᠎ᠡ ᠵᠢᠯ ᠦᠨ ᠪᠠᠶᠠᠷ ᠪᠣᠯ ᠭᠡᠷ ᠪᠦᠯᠦ᠂ ᠠᠢᠢᠯ ᠡᠷᠦᠬᠡ᠂ ᠤᠯᠤᠰ ᠦᠨᠳᠦᠰᠦᠲᠡᠨ ᠢᠶᠡᠷ ᠢᠶᠡᠨ ᠠᠵᠢᠯ ᠦᠢᠯᠡᠰ᠂ ᠠᠮᠵᠢᠯᠲᠠ ᠪᠦᠲᠦᠭᠡᠯ ᠢᠶᠡᠨ ᠳ᠋ᠦᠩᠨᠡᠨ ᠴᠡᠩᠨᠡᠵᠦ᠂ ᠰᠢᠨ᠎ᠡ ᠣᠨ ᠳᠤ ᠪᠠᠨ ᠡᠷᠴᠢ ᠬᠦᠴᠦ᠂ ᠢᠲᠡᠭᠡᠯ ᠨᠠᠢᠢᠳᠠᠪᠤᠷᠢ᠂ ᠬᠦᠰᠡᠯ ᠲᠡᠮᠡᠦᠯᠦᠯ ᠢᠶᠡᠷ ᠳᠦᠭᠦᠷᠡᠩ ᠪᠠᠢᠢᠬᠤ ᠢᠢ ᠪᠡᠯᠭᠡᠳᠡᠨ ᠢᠷᠦᠭᠡᠵᠦ᠂ ᠠᠵᠠ ᠵᠢᠷᠭᠠᠯ᠂ ᠪᠠᠶᠠᠷ ᠬᠥᠷ ᠢᠶᠡᠷ ᠳᠦᠭᠦᠷᠡᠩ ᠲᠡᠮᠳᠡᠭᠯᠡᠳᠡᠭ ᠬᠦᠮᠦᠨ ᠲᠥᠷᠦᠯᠬᠢᠲᠡᠨ ᠦ ᠪᠠᠶᠠᠷ ᠪᠢᠯᠡ᠃
ᠰᠡᠭᠦᠯ ᠦᠨ ᠵᠢᠯ ᠦᠳ ᠲᠥ ᠬᠦᠮᠦᠨ ᠲᠥᠷᠦᠯᠬᠢᠲᠡᠨ᠂ ᠳᠡᠯᠡᠬᠡᠢ ᠨᠡᠢᠢᠲᠡ ᠪᠡᠷ ᠢᠶᠡᠨ ᠭᠧᠣᠫᠣᠯᠢᠲ᠋ᠢᠭ᠂ ᠭᠸᠣᠰᠲ᠋ᠷᠠᠲ᠋ᠧᠭᠢ ᠢᠢᠨ ᠡᠭᠡᠳᠡᠷᠡᠭᠡ ᠲᠡᠶ ᠴᠠᠭ ᠦᠶ᠎ᠡ ᠢᠢ ᠲᠤᠭᠤᠯᠵᠤ᠂ ᠵᠥᠷᠢᠴᠡᠯ ᠮᠥᠷᠭᠦᠯᠳᠦᠭᠡᠨ ᠲᠡᠶ ᠳᠡᠯᠡᠬᠡᠢ ᠶᠢᠷᠲᠢᠨᠴᠦ ᠳᠥ ᠠᠮᠢᠳᠤᠷᠠᠵᠤ ᠪᠠᠢᠢᠨ᠎ᠠ᠃
ᠡᠨᠡ ᠬᠦ ᠣᠯᠠᠨ ᠤᠯᠤᠰ ᠤᠨ ᠨᠥᠬᠦᠴᠡᠯ ᠪᠠᠢᠢᠳᠠᠯ ᠮᠠᠨ ᠤ ᠤᠯᠤᠰ ᠤᠨ ᠡᠳ᠋ ᠦᠨ ᠵᠠᠰᠠᠭ᠂ ᠠᠷᠠᠳ ᠲᠦᠮᠡᠨ ᠦ ᠠᠬᠤᠢ ᠠᠮᠢᠳᠤᠷᠠᠯ ᠳᠤ ᠰᠥᠷᠭᠦ ᠪᠡᠷ ᠨᠥᠯᠦᠭᠡᠯᠡᠵᠦ ᠪᠤᠢ ᠬᠡᠳᠦᠢ ᠴᠦ ᠤᠯᠠᠷᠢᠨ ᠣᠳᠴᠤ ᠪᠤᠢ ᠒᠐᠒᠕ ᠣᠨ ᠮᠣᠩ᠋ᠭᠤᠯᠴᠤᠳ ᠪᠢᠳᠡᠨ ᠦ ᠬᠤᠪᠢ ᠳᠤ ᠭᠠᠳᠠᠭᠠᠳᠤ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠪᠠᠨ ᠥᠷᠭᠡᠵᠢᠭᠦᠯᠦᠨ ᠬᠥᠭ᠍ᠵᠢᠭᠦᠯᠵᠦ᠂ ᠬᠥᠳᠡᠭᠡ ᠠᠵᠤ ᠠᠬᠤᠢ᠂ ᠬᠦᠨᠡᠰᠦ ᠦᠢᠯᠡᠳᠪᠦᠷᠢᠯᠡᠯ ᠦᠨ ᠰᠠᠯᠪᠤᠷᠢ ᠳᠤ ᠠᠬᠢᠴᠠ ᠳᠡᠪᠰᠢᠯ ᠭᠠᠷᠭᠠᠵᠤ᠂ ᠲᠡᠦᠬᠡ᠂ ᠰᠣᠶᠤᠯ᠂ ᠥᠪ ᠤᠯᠠᠮᠵᠢᠯᠠᠯ ᠢᠶᠠᠨ ᠳᠡᠯᠡᠬᠡᠢ ᠳ᠋ᠠᠬᠢᠨ ᠳᠤ ᠰᠤᠷᠲᠠᠯᠴᠢᠯᠠᠨ ᠲᠠᠨᠢᠭᠤᠯᠤᠭᠰᠠᠨ ᠲᠡᠦᠬᠡᠨ ᠦᠢᠯᠡ ᠶᠠᠪᠤᠳᠠᠯ ᠢᠶᠠᠷ ᠳᠦᠭᠦᠷᠡᠩ ᠣᠨ ᠪᠠᠢᠢᠯ᠎ᠠ᠃
ᠠᠷᠠᠳ ᠢᠷᠭᠡᠳ᠂ ᠪᠠᠶᠠᠯᠢᠭ ᠪᠦᠲᠦᠭᠡᠭ᠍ᠴᠢᠳ᠂ ᠲᠥᠷᠦ᠂ ᠵᠠᠰᠠᠭ ᠬᠠᠮᠲᠤ ᠳᠤ ᠪᠠᠨ ᠬᠢᠴᠢᠶᠡᠨ ᠵᠢᠳᠬᠦᠭ᠍ᠰᠡᠨ ᠦ ᠦᠷ᠎ᠡ ᠳ᠋ᠦᠩ ᠳᠥ ᠮᠠᠨ ᠤ ᠤᠯᠤᠰ ᠤᠨ ᠡᠳ᠋ ᠦᠨ ᠵᠠᠰᠠᠭ ᠖ ᠬᠤᠪᠢ ᠪᠠᠷ ᠥᠰᠴᠦ᠂ ᠨᠢᠭᠡ ᠬᠦᠮᠦᠨ ᠳᠥ ᠨᠣᠭᠳᠠᠬᠤ ᠳᠣᠲᠤᠭᠠᠳᠤ ᠢᠢᠨ ᠨᠡᠢᠢᠲᠡ ᠪᠦᠲᠦᠭᠡᠭ᠍ᠳᠡᠬᠦᠨ ᠗᠂᠐᠐᠐ ᠠᠮ᠊᠂ ᠳ᠋ᠣᠯᠯᠠᠷ ᠢ ᠳᠠᠪᠠᠵᠤ᠂ ᠬᠤᠳᠠᠯᠳᠤᠭ᠎ᠠ᠂ ᠬᠥᠷᠦᠩ᠋ᠭᠡ ᠣᠷᠤᠭᠤᠯᠤᠯᠲᠠ ᠨᠡᠮᠡᠭᠳᠡᠨ᠂ ᠭᠠᠳᠠᠭᠠᠳᠤ ᠸᠠᠯᠦ᠋ᠲ᠋ᠠ ᠢᠢᠨ ᠨᠥᠭᠡᠴᠡ ᠖ ᠲᠡᠷᠪᠤᠮ ᠠᠮ᠊᠂ ᠳ᠋ᠣᠯᠯᠠᠷ ᠪᠣᠯᠵᠤ᠂ ᠮᠣᠩ᠋ᠭᠣᠯ ᠤᠯᠤᠰ ᠤᠨ ᠵᠢᠭᠡᠯᠡᠵᠢᠬᠦ ᠵᠡᠷᠭᠡᠯᠡᠯ ᠲᠡᠦᠬᠡᠨ ᠳᠡᠭᠡᠳᠦ ᠲᠥᠪᠰᠢᠨ ᠳᠥ ᠬᠦᠷᠦᠯ᠎ᠡ᠃
ᠤᠯᠤᠰ ᠣᠷᠤᠨ ᠤ ᠠᠶᠤᠯ ᠦᠭᠡᠢ ᠪᠠᠢᠢᠳᠠᠯ ᠤᠨ ᠪᠠᠲᠤᠯᠠᠭ᠎ᠠ ᠪᠣᠯᠤᠭᠰᠠᠨ ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ ᠢ ᠬᠠᠩ᠋ᠭᠠᠬᠤ ᠵᠣᠷᠢᠯᠭ᠎ᠠ ᠪᠠᠷ ᠤᠯᠤᠰ ᠣᠷᠤᠨ ᠳᠠᠶᠠᠭᠠᠷ ᠬᠡᠷᠡᠭᠵᠢᠵᠦ ᠪᠤᠢ «ᠬᠦᠨᠡᠰᠦᠨ ᠦ ᠬᠤᠪᠢᠰᠬᠠᠯ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠕᠓ ᠬᠦᠨᠡᠰᠦᠨ ᠦ ᠦᠢᠯᠡᠳᠪᠦᠷᠢ ᠰᠢᠨ᠎ᠡ ᠪᠡᠷ ᠠᠰᠢᠭᠯᠠᠯᠲᠠ ᠳᠤ ᠣᠷᠤᠵᠤ᠂ ᠑᠂᠐᠐᠐ ᠭᠠᠷᠤᠢ ᠨᠡᠷ᠎ᠡ ᠲᠥᠷᠦᠯ ᠦᠨ ᠬᠦᠨᠡᠰᠦᠨ ᠦ ᠪᠦᠲᠦᠭᠡᠭ᠍ᠳᠡᠬᠦᠨ ᠢ ᠵᠠᠬ᠎ᠠ ᠵᠡᠭᠡᠯᠢ ᠳᠥ ᠰᠢᠨ᠎ᠡ ᠪᠡᠷ ᠨᠡᠢᠢᠯᠡᠭᠦᠯᠦᠯᠡ᠃
ᠮᠥᠨ ᠪᠤᠶᠠᠨᠲᠤ ᠮᠠᠯ ᠰᠦᠷᠦᠭ ᠦᠨ ᠢᠶᠡᠨ ᠲᠡᠭᠦᠬᠡᠢ ᠡᠳ᠋ ᠢ ᠪᠣᠯᠪᠠᠰᠤᠷᠠᠭᠤᠯᠵᠤ᠂ ᠡᠳ᠋ ᠦᠨ ᠵᠠᠰᠠᠭ ᠤᠨ ᠡᠷᠭᠢᠯᠲᠡ ᠳᠥ ᠣᠷᠤᠭᠤᠯᠬᠤ ᠵᠣᠷᠢᠯᠭ᠎ᠠ ᠲᠠᠶ «ᠴᠠᠭᠠᠨ ᠠᠯᠲᠠ» ᠬᠥᠲᠦᠯᠪᠦᠷᠢ ᠠᠮᠵᠢᠯᠲᠠ ᠲᠠᠶ ᠬᠡᠷᠡᠭᠵᠢᠵᠦ᠂ ᠪᠣᠳᠠᠲᠤ ᠦᠷ᠎ᠡ ᠳ᠋ᠦᠩ ᠭᠠᠷᠴᠤ ᠡᠬᠢᠯᠡᠯ᠎ᠡ᠃
ᠡᠬᠡ ᠣᠷᠤᠨ ᠤ ᠪᠠᠨ ᠬᠥᠭ᠍ᠵᠢᠯ ᠳᠡᠪᠰᠢᠯ ᠦᠨ ᠲᠥᠯᠦᠭᠡ ᠢᠳᠡᠪᠬᠢ ᠰᠠᠨᠠᠭᠠᠴᠢᠯᠠᠭ᠎ᠠ ᠲᠠᠶ ᠠᠵᠢᠯᠯᠠᠵᠤ᠂ ᠠᠷᠠᠳ ᠢᠷᠭᠡᠳ ᠢ ᠠᠵᠢᠯ ᠤᠨ ᠪᠠᠢᠢᠷᠢ ᠪᠠᠷ ᠬᠠᠩ᠋ᠭᠠᠨ᠂ ᠲᠥᠷᠦ᠂ ᠵᠠᠰᠠᠭ ᠤᠨ ᠢᠶᠠᠨ ᠪᠣᠳᠤᠯᠭ᠎ᠠ᠂ ᠰᠢᠢᠳᠪᠦᠷᠢ ᠢᠢ ᠳᠡᠮᠵᠢᠨ ᠠᠴᠢᠶᠠᠨ ᠤ ᠬᠦᠨᠳᠦ ᠢᠢ ᠡᠭᠦᠷᠴᠦ᠂ ᠤᠯᠤᠰ ᠣᠷᠤᠨ ᠤ ᠪᠠᠨ ᠡᠳ᠋ ᠦᠨ ᠵᠠᠰᠠᠭ ᠢ ᠬᠥᠭ᠍ᠵᠢᠭᠦᠯᠬᠦ ᠳᠥ ᠦᠨ᠎ᠡ ᠲᠡᠶ ᠬᠤᠪᠢ ᠨᠡᠮᠡᠷᠢ ᠣᠷᠤᠭᠤᠯᠵᠤ ᠪᠤᠢ ᠪᠢᠽᠢᠨᠧᠰ ᠡᠷᠬᠢᠯᠡᠭᠴᠢ᠂ ᠪᠠᠶᠠᠯᠢᠭ ᠪᠦᠲᠦᠭᠡᠭ᠍ᠴᠢᠳ᠂ ᠨᠡᠢᠢᠲᠡ ᠠᠷᠠᠳ ᠲᠦᠮᠡᠨ ᠳᠥ ᠪᠡᠨ ᠮᠣᠩ᠋ᠭᠣᠯ ᠲᠥᠷᠦ ᠢᠢᠨ ᠨᠡᠷ᠎ᠡ ᠢᠢᠨ ᠡᠮᠦᠨ᠎ᠡ ᠡᠴᠡ ᠭᠦᠨ ᠲᠠᠯᠠᠷᠬᠠᠯ ᠢᠯᠡᠷᠬᠡᠢᠢᠯᠡᠶ ᠡ᠃
ᠤᠯᠠᠷᠢᠨ ᠣᠳᠴᠤ ᠪᠤᠢ ᠒᠐᠒᠕ ᠣᠨ ᠳᠤ ᠮᠠᠨ ᠤ ᠤᠯᠤᠰ ᠤᠨ ᠭᠠᠳᠠᠭᠠᠳᠤ ᠪᠣᠳᠤᠯᠭ᠎ᠠ᠂ ᠭᠠᠳᠠᠭᠠᠳᠤ ᠬᠠᠷᠢᠯᠴᠠᠭ᠎ᠠ ᠤᠯᠠᠮ ᠥᠷᠭᠡᠵᠢᠨ ᠪᠡᠬᠢᠵᠢᠵᠦ᠂ ᠲᠡᠦᠬᠡᠨ ᠳᠥ ᠲᠣᠳᠤ ᠪᠠᠷ ᠪᠢᠴᠢᠭᠳᠡᠨ ᠦᠯᠡᠳᠡᠬᠦ ᠲᠥᠷᠦ ᠢᠢᠨ ᠠᠢᠢᠯᠴᠢᠯᠠᠯ ᠤᠳ ᠠᠮᠵᠢᠯᠲᠠ ᠲᠠᠶ ᠪᠣᠯᠵᠤ᠂ ᠮᠣᠩ᠋ᠭᠣᠯ ᠤᠯᠤᠰ ᠤᠨ ᠨᠡᠷ᠎ᠡ ᠬᠦᠨᠳᠦ ᠣᠯᠠᠨ ᠤᠯᠤᠰ ᠤᠨ ᠲᠠᠪᠴᠠᠩ ᠳᠤ ᠥᠰᠦᠨ ᠪᠡᠬᠢᠵᠢᠵᠦ᠂ ᠮᠣᠩ᠋ᠭᠤᠯᠴᠤᠳ ᠪᠢᠳᠡᠨ ᠦ ᠪᠠᠶᠠᠯᠢᠭ ᠲᠡᠦᠬᠡ᠂ ᠪᠠᠬᠠᠳᠤᠮ᠎ᠠ ᠰᠣᠶᠤᠯ᠂ ᠰᠤᠤ ᠠᠯᠳᠠᠷ ᠢ ᠳᠡᠯᠡᠬᠡᠢ ᠳ᠋ᠠᠬᠢᠨ ᠳᠤ ᠰᠤᠷᠲᠠᠯᠴᠢᠯᠠᠨ ᠲᠠᠨᠢᠭᠤᠯᠤᠭᠰᠠᠨ ᠲᠡᠦᠬᠡᠨ ᠣᠨᠴᠤᠭᠤᠢ ᠵᠢᠯ ᠪᠠᠢᠢᠯ᠎ᠠ᠃
ᠮᠠᠨ ᠤ ᠡᠷᠳᠡᠮᠲᠡᠨ ᠮᠡᠷᠭᠡᠳ᠂ ᠬᠡᠦᠬᠡᠳ᠂ ᠵᠠᠯᠠᠭᠤᠰ᠂ ᠤᠷᠠᠯᠢᠭ᠂ ᠰᠫᠣᠷᠲ ᠤᠨ ᠰᠠᠯᠪᠤᠷᠢ ᠢᠢᠨ ᠬᠢᠨ ᠣᠯᠠᠨ ᠤᠯᠤᠰ ᠤᠨ ᠲᠠᠪᠴᠠᠩ ᠳᠤ ᠡᠬᠡ ᠣᠷᠤᠨ ᠤ ᠪᠠᠨ ᠨᠡᠷ᠎ᠡ ᠬᠦᠨᠳᠦ᠂ ᠮᠣᠩ᠋ᠭᠤᠯ ᠬᠦᠮᠦᠨ ᠦ ᠦᠨ᠎ᠡ ᠴᠡᠨ᠎ᠡ ᠢᠢ ᠥᠨᠳᠦᠷ ᠲᠥ ᠡᠷᠭᠦᠵᠦ᠂ ᠣᠶᠤᠨ ᠤᠬᠠᠭᠠᠨ᠂ ᠲᠡᠰᠪᠦᠷᠢ ᠲᠡᠪᠴᠢᠶᠡᠷᠢ᠂ ᠡᠷ᠎ᠡ ᠵᠣᠷᠢᠭ᠂ ᠠᠪᠢᠶᠠᠰ ᠴᠢᠳᠠᠪᠤᠷᠢ ᠪᠠᠷ ᠢᠶᠠᠨ ᠳᠡᠯᠡᠬᠡᠢ ᠨᠡᠢᠢᠲᠡ ᠳᠥ ᠭᠠᠢᠢᠬᠠᠭᠳᠠᠨ ᠮᠣᠩ᠋ᠭᠤᠯ ᠲᠦᠮᠡᠨ ᠢᠶᠡᠨ ᠪᠠᠶᠠᠷᠯᠠᠭᠤᠯᠤᠭᠰᠠᠨ ᠪᠠᠬᠠᠳᠤᠮ᠎ᠠ ᠰᠠᠢᠢᠬᠠᠨ ᠵᠢᠯ ᠪᠣᠯᠤᠯ᠎ᠠ᠃
ᠡᠷᠬᠢᠮ ᠬᠦᠨᠳᠦᠲᠦ ᠠᠷᠠᠳ ᠢᠷᠭᠡᠳ ᠡ᠂
ᠢᠷᠡᠵᠦ ᠪᠤᠢ ᠰᠢᠨ᠎ᠡ ᠣᠨ ᠳᠤ ᠪᠠᠨ ᠲᠥᠷᠦ᠂ ᠵᠠᠰᠠᠭ᠂ ᠲᠦᠮᠡᠨ ᠣᠯᠠᠨ ᠢᠶᠠᠷ ᠢᠶᠠᠨ ᠣᠯᠤᠯᠲᠠ᠂ ᠠᠮᠵᠢᠯᠲᠠ ᠪᠠᠨ ᠤᠯᠠᠮ ᠪᠠᠲᠤᠳᠬᠠᠵᠤ᠂ ᠠᠯᠳᠠᠭ᠎ᠠ ᠣᠨᠤᠭ᠎ᠠ ᠪᠠᠨ ᠳ᠋ᠦᠩᠨᠡᠨ ᠴᠡᠩᠨᠡᠵᠦ᠂ ᠡᠪ ᠢ ᠡᠷᠬᠢᠮᠯᠡᠵᠦ᠂ ᠵᠥᠪ ᠢ ᠲᠡᠳᠬᠦᠵᠦ᠂ ᠶᠣᠰᠤ ᠢᠢ ᠰᠠᠬᠢᠵᠤ᠂ ᠤᠯᠤᠰ ᠮᠣᠩ᠋ᠭᠣᠯ ᠢᠶᠠᠨ ᠬᠥᠭ᠍ᠵᠢᠭᠦᠯᠬᠦ ᠢᠢᠨ ᠲᠥᠯᠦᠭᠡ ᠤᠯᠤᠰ ᠦᠨᠳᠦᠰᠦᠲᠡᠨ ᠢᠶᠡᠷ ᠢᠶᠡᠨ ᠬᠠᠮᠲᠤ ᠳᠤ ᠪᠠᠨ ᠬᠢᠴᠢᠶᠡᠨ ᠵᠢᠳᠬᠦᠵᠡᠭᠡᠶ ᠡ᠃
ᠮᠣᠩ᠋ᠭᠣᠯ ᠬᠦᠮᠦᠨ ᠪᠦᠷᠢ ᠢᠢᠨ ᠵᠢᠷᠦᠬᠡ ᠰᠡᠳᠬᠢᠯ ᠨᠢᠭᠡᠨ ᠬᠡᠮᠨᠡᠯ ᠳᠥ ᠴᠣᠬᠢᠯᠠᠬᠤ ᠪᠠᠶᠠᠷ ᠤᠨ ᠡᠨᠡ ᠦᠳᠡᠰᠢ ᠰᠢᠨ᠎ᠡ ᠣᠨ ᠢᠶᠠᠨ ᠤᠭᠲᠤᠬᠤ ᠪᠠᠷ ᠰᠡᠳᠬᠢᠯ ᠳᠣᠭᠳᠣᠯᠤᠨ ᠬᠦᠯᠢᠶᠡᠵᠦ ᠪᠤᠢ ᠮᠣᠩ᠋ᠭᠤᠯ ᠲᠦᠮᠡᠨ ᠳᠥ ᠪᠡᠨ ᠬᠠᠢᠢᠷ᠎ᠠ ᠬᠦᠨᠳᠦᠯᠡᠯ᠂ ᠠᠮᠵᠢᠯᠲᠠ ᠪᠦᠲᠦᠭᠡᠯ᠂ ᠤᠷᠮ᠎ᠠ ᠵᠣᠷᠢᠭ ᠢᠶᠠᠷ ᠪᠢᠯᠬᠠᠵᠤ ᠪᠠᠢᠢᠬᠤ ᠢᠢᠨ ᠥᠯᠵᠡᠢ ᠲᠡᠶ ᠰᠠᠢᠢᠬᠠᠨ ᠢᠷᠦᠭᠡᠯ ᠢ ᠡᠷᠭᠦᠨ ᠳᠡᠪᠰᠢᠭᠦᠯᠦᠶ ᠡ᠃
ᠣᠨ ᠰᠣᠯᠢᠭᠳᠠᠬᠤ ᠡᠨᠡ ᠬᠦ ᠲᠣᠷᠭᠠᠨ ᠮᠥᠴᠡ ᠳᠥ ᠳᠠᠷᠬᠠᠨ ᠬᠢᠯᠢ ᠪᠡᠨ ᠮᠠᠨᠠᠵᠤ ᠪᠠᠢᠢᠭ᠎ᠠ ᠡᠷ᠎ᠡ ᠵᠣᠷᠢᠭ ᠲᠤ ᠬᠢᠯᠢᠴᠢᠨ ᠳᠠᠢᠢᠴᠢᠳ᠂ ᠳᠠᠶᠠᠩ ᠳᠡᠯᠡᠬᠡᠢ ᠢᠢᠨ ᠡᠩᠬᠡ ᠲᠠᠢᠢᠪᠤᠩ ᠤᠨ ᠲᠥᠯᠦᠭᠡ ᠡᠬᠡ ᠣᠷᠤᠨ ᠢᠶᠠᠨ ᠲᠥᠯᠦᠭᠡᠯᠡᠨ ᠬᠦᠴᠦᠨ ᠵᠢᠳᠬᠦᠵᠦ ᠪᠤᠢ ᠡᠩᠬᠡ ᠢᠢ ᠰᠠᠬᠢᠭᠤᠯᠤᠭᠴᠢᠳ᠂ ᠬᠦᠮᠦᠨ ᠠᠷᠠᠳ ᠤᠨ ᠢᠶᠠᠨ ᠡᠷᠡᠭᠦᠯ ᠮᠡᠨᠳᠦ ᠢᠢᠨ ᠮᠠᠨᠠᠭᠠᠨ ᠳᠤ ᠵᠣᠭᠰᠤᠵᠤ ᠪᠠᠢᠢᠭ᠎ᠠ ᠡᠮᠴᠢ᠂ ᠰᠤᠪᠢᠯᠠᠭᠴᠢ᠂ ᠡᠮᠨᠡᠯᠭᠡ ᠢᠢᠨ ᠠᠵᠢᠯᠲᠠᠨ ᠨᠤᠭᠤᠳ᠂ ᠡᠬᠡ ᠣᠷᠤᠨ᠂ ᠠᠷᠠᠳ ᠢᠷᠭᠡᠳ ᠦᠨ ᠢᠶᠡᠨ ᠠᠶᠤᠯ ᠦᠭᠡᠢ ᠪᠠᠢᠢᠳᠠᠯ ᠢ ᠬᠠᠩ᠋ᠭᠠᠬᠤ ᠬᠠᠷᠢᠭᠤᠴᠠᠯᠭ᠎ᠠ ᠲᠠᠶ ᠡᠭᠦᠷᠭᠡ ᠪᠡᠨ ᠨᠡᠷ᠎ᠡ ᠲᠥᠷᠦ ᠲᠡᠶ ᠭᠦᠢᠴᠡᠳᠬᠡᠵᠦ ᠪᠤᠢ ᠲᠥᠷᠦ ᠢᠢᠨ ᠠᠯᠪᠠᠨ ᠬᠠᠭᠠᠭᠴᠢᠳ᠂ ᠴᠡᠷᠢᠭ᠂ ᠴᠠᠭᠳᠠᠭ᠎ᠠ᠂ ᠣᠨᠴᠤᠭᠤᠢ ᠪᠠᠢᠢᠳᠠᠯ ᠤᠨ ᠬᠢᠨ ᠳᠤ ᠪᠠᠨ ᠲᠥᠷᠦ ᠢᠢᠨ ᠲᠡᠷᠢᠭᠦᠨ ᠲᠤᠰᠬᠠᠢᠢᠯᠠᠨ ᠪᠠᠶᠠᠷ ᠬᠦᠷᠭᠡᠵᠦ᠂ ᠠᠷᠠᠳ ᠲᠦᠮᠡᠨ ᠦ ᠪᠡᠨ ᠨᠡᠷ᠎ᠡ ᠢᠢᠨ ᠡᠮᠦᠨ᠎ᠡ ᠡᠴᠡ ᠭᠦᠨ ᠲᠠᠯᠠᠷᠬᠠᠯ ᠢᠯᠡᠷᠬᠡᠢᠢᠯᠡᠶ ᠡ᠃
ᠠᠢᠢᠯᠴᠢᠯᠠᠨ ᠢᠷᠡᠵᠦ ᠪᠤᠢ ᠒᠐᠒᠖ ᠣᠨ ᠳᠤ ᠢᠷᠭᠡᠨ ᠪᠦᠷᠢ ᠡᠩᠬᠡ ᠲᠤᠩᠬ᠎ᠠ᠂ ᠠᠢᠢᠯ ᠡᠷᠦᠬᠡ ᠪᠦᠷᠢ ᠠᠵᠠ ᠵᠢᠷᠭᠠᠯ᠂ ᠠᠮᠵᠢᠯᠲᠠ ᠪᠦᠲᠦᠭᠡᠯ ᠢᠶᠡᠷ ᠪᠢᠯᠬᠠᠵᠤ᠂ ᠤᠯᠤᠰ ᠮᠣᠩ᠋ᠭᠣᠯ ᠤᠨ ᠮᠢᠨᠢ ᠴᠣᠭ ᠬᠡᠢᠢᠮᠣᠷᠢ ᠪᠠᠳᠠᠷᠠᠵᠤ᠂ ᠳᠠᠶᠠᠩ ᠳᠡᠯᠡᠬᠡᠢ ᠠᠮᠤᠷ ᠠᠮᠤᠭᠤᠯᠠᠩ ᠪᠠᠢᠢᠬᠤ ᠪᠣᠯᠲᠤᠭᠠᠶ᠃
ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠶ᠃
ᠰᠢᠨ᠎ᠡ ᠣᠨ᠂ ᠰᠢᠨ᠎ᠡ ᠵᠢᠯ ᠦᠨ ᠪᠠᠶᠠᠷ ᠤᠨ ᠮᠡᠨᠳᠦ ᠬᠦᠷᠭᠡᠶ ᠡ» ᠭᠡᠵᠡᠶ᠃


