ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ «ᠲᠡᠮᠡᠭᠡᠨ ᠳᠡᠭᠡᠷ᠎ᠡ ᠡᠴᠡ ᠨᠠᠷᠠᠨ ᠣᠢᠢᠷᠠᠬᠠᠨ» ᠡᠪᠦᠯ ᠦᠨ ᠶᠡᠬᠡ ᠨᠠᠭᠠᠳᠤᠮ᠂ ᠲᠡᠮᠡᠭᠡᠴᠢᠳ ᠦᠨ V ᠵᠥᠪᠯᠡᠭᠡᠨ ᠢ ᠒᠐᠒᠖ ᠣᠨ ᠤ ᠨᠢᠭᠡ᠊ᠳ᠋ᠦᠭᠡᠷ ᠰᠠᠷ᠎ᠠ ᠢᠢᠨ ᠒᠔-᠒᠕ ᠳᠤ ᠳᠤᠮᠳᠠᠭᠣᠪᠢ ᠠᠢᠢᠮᠠᠭ ᠤᠨ ᠮᠠᠨᠳᠠᠯᠭᠣᠪᠢ ᠬᠣᠲᠠᠨ᠎ᠠ ᠵᠣᠬᠢᠶᠠᠨ ᠪᠠᠢᠢᠭᠤᠯᠬᠤ ᠭᠡᠵᠦ ᠪᠠᠢᠢᠨ᠎ᠠ᠃
ᠡᠨᠡ ᠨᠢ ᠮᠣᠩ᠋ᠭᠤᠯ ᠲᠡᠮᠡᠭᠡ ᠢᠢ ᠰᠤᠷᠲᠠᠯᠴᠢᠯᠠᠬᠤ᠂ ᠠᠰᠢᠭ ᠰᠢᠮ᠎ᠡ ᠢᠢ ᠨᠢ ᠡᠳ᠋ ᠦᠨ ᠵᠠᠰᠠᠭ ᠤᠨ ᠡᠷᠭᠢᠯᠲᠡ ᠳᠥ ᠣᠷᠤᠭᠤᠯᠬᠤ᠂ ᠠᠶᠠᠯᠠᠯ ᠵᠢᠭᠤᠯᠴᠢᠯᠠᠯ ᠢ ᠲᠡᠮᠡᠭᠡᠨ ᠦ ᠰᠫᠣᠷᠲ ᠲᠠᠶ ᠤᠶᠠᠯᠳᠤᠭᠤᠯᠤᠨ ᠬᠥᠭ᠍ᠵᠢᠭᠦᠯᠬᠦ᠂ ᠲᠡᠮᠡᠭᠡᠨ ᠦ ᠰᠣᠶᠤᠯ ᠢ ᠲᠦᠭᠡᠭᠡᠨ ᠳᠡᠯᠭᠡᠷᠡᠭᠦᠯᠬᠦ ᠵᠣᠷᠢᠯᠭ᠎ᠠ ᠲᠠᠶ ᠶᠤᠮ᠃
ᠨᠠᠭᠠᠳᠤᠮ ᠤᠨ ᠦᠶ᠎ᠡ ᠪᠡᠷ ᠳᠥᠷᠪᠡᠨ ᠨᠠᠰᠤᠨ ᠤ ᠬᠤᠷᠳᠤᠨ ᠲᠡᠮᠡᠭᠡᠨ ᠦ ᠤᠷᠤᠯᠳᠤᠭᠠᠨ᠂ ᠬᠠᠷᠪᠤᠭ᠎ᠠ᠂ ᠫᠣᠯᠤ᠋᠂ ᠲᠡᠮᠡᠭᠡᠨ ᠤ ᠳᠡᠭᠡᠷ᠎ᠡ ᠡᠴᠡ ᠱᠠᠭ᠎ᠠ ᠰᠢᠭᠦᠷᠡᠬᠦ ᠪᠣᠯᠤᠨ ᠪᠤᠢᠢᠯᠠ ᠵᠣᠷᠬᠤ᠂ ᠪᠤᠷᠠᠨᠲᠠᠭ ᠲᠣᠮᠤᠬᠤ᠂ ᠡᠮᠨᠢᠭ ᠲᠡᠮᠡᠭᠡᠨ ᠦ ᠲᠤᠢᠢᠯᠠᠭᠠ ᠵᠡᠷᠭᠡ ᠪᠤᠤᠬᠢᠶ᠎ᠠ ᠲᠡᠮᠡᠴᠡᠭᠡᠨ ᠵᠣᠬᠢᠶᠠᠵᠤ᠂ ᠰᠠᠢᠢᠬᠠᠨ ᠲᠡᠮᠡᠭᠡ ᠲᠡᠶ ᠭᠠᠩ᠋ᠭᠠᠩ ᠬᠣᠣᠰ᠂ ᠰᠢᠯᠢᠮᠡᠯ ᠪᠤᠤᠷ᠎ᠠ᠂ ᠢᠩ᠋ᠭᠡ ᠰᠢᠯᠭᠠᠷᠠᠭᠤᠯᠤᠨ᠎ᠠ᠃
ᠮᠥᠨ ᠲᠡᠮᠡᠭᠡᠨ ᠦ ᠰᠦᠨ᠂ ᠴᠠᠭᠠᠨ ᠢᠳᠡᠭᠡ᠂ ᠨᠣᠣᠰᠤ᠂ ᠠᠷᠠᠰᠤ ᠪᠠᠷ ᠬᠢᠭ᠍ᠰᠡᠨ ᠪᠦᠲᠦᠭᠡᠭ᠍ᠳᠡᠬᠦᠨ ᠦ ᠦᠵᠡᠰᠬᠦᠯᠡᠩ ᠬᠤᠳᠠᠯᠳᠤᠭ᠎ᠠ᠂ ᠥᠪᠯᠡᠨ ᠤᠯᠠᠮᠵᠢᠯᠠᠭᠴᠢᠳ ᠤᠨ ᠲᠤᠰᠬᠠᠢ ᠦᠵᠡᠰᠬᠦᠯᠡᠩ ᠭᠠᠷᠭᠠᠬᠤ ᠶᠤᠮ᠃
ᠲᠡᠮᠡᠭᠡᠴᠢᠳ ᠦᠨ V ᠵᠥᠪᠯᠡᠭᠡᠨ ᠢᠶᠡᠷ «ᠲᠡᠮᠡᠭᠡᠨ ᠦ ᠰᠣᠶᠤᠯ ᠢ ᠬᠠᠳᠠᠭᠠᠯᠠᠬᠤ᠂ ᠬᠠᠮᠠᠭᠠᠯᠠᠬᠤ ᠪᠣᠳᠤᠯᠭ᠎ᠠ᠂ ᠦᠢᠯᠡ ᠠᠵᠢᠯᠯᠠᠭ᠎ᠠ»᠂ «ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ ᠢᠢᠨ ᠨᠥᠯᠦᠭᠡ᠂ ᠪᠣᠳᠤᠯᠭ᠎ᠠ᠂ ᠠᠷᠭ᠎ᠠ ᠬᠡᠮᠵᠢᠶ᠎ᠡ» ᠪᠣᠯᠤᠨ ᠠᠶᠠᠯᠠᠯ ᠵᠢᠭᠤᠯᠴᠢᠯᠠᠯ ᠢ ᠲᠡᠮᠡᠭᠡᠨ ᠦ ᠰᠣᠶᠤᠯ ᠲᠠᠶ ᠤᠶᠠᠯᠳᠤᠭᠤᠯᠤᠨ ᠬᠥᠭ᠍ᠵᠢᠭᠦᠯᠬᠦ ᠵᠡᠷᠭᠡ ᠰᠡᠳᠦᠪ ᠢᠶᠡᠷ ᠢᠯᠡᠳᠬᠡᠯ ᠬᠡᠯᠡᠯᠴᠡᠨ ᠵᠥᠪᠯᠡᠮᠵᠢ ᠭᠠᠷᠭᠠᠨ᠎ᠠ᠃
ᠡᠪᠦᠯ ᠦᠨ ᠶᠡᠬᠡ ᠨᠠᠭᠠᠳᠤᠮ᠂ ᠲᠡᠮᠡᠭᠡᠴᠢᠳ ᠦᠨ ᠵᠥᠪᠯᠡᠭᠡᠨ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠳᠤᠮᠳᠠᠭᠣᠪᠢ ᠠᠢᠢᠮᠠᠭ ᠤᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ᠂ ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠶᠠᠮᠤᠨ᠂ ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠶᠠᠮᠤᠨ᠂ ᠮᠣᠩ᠋ᠭᠣᠯ ᠤᠨ ᠲᠡᠮᠡᠭᠡᠨ ᠦ ᠰᠣᠶᠤᠯ᠂ ᠤᠷᠤᠯᠳᠤᠭᠠᠨ ᠤ ᠬᠣᠯᠪᠤᠭ᠎ᠠ᠂ ᠮᠣᠩ᠋ᠭᠣᠯ ᠤᠨ ᠲᠡᠮᠡᠭᠡᠨ ᠦ ᠫᠣᠯᠤ ᠰᠫᠣᠷᠲ ᠤᠷᠤᠯᠳᠤᠭᠠᠨ᠂ ᠠᠶᠠᠯᠠᠯ ᠤᠨ ᠬᠣᠯᠪᠤᠭ᠎ᠠ ᠬᠠᠮᠲᠤᠷᠠᠨ ᠵᠣᠬᠢᠶᠠᠨ ᠪᠠᠢᠢᠭᠤᠯᠤᠨ᠎ᠠ᠃
ᠥᠩ᠋ᠭᠡᠷᠡᠭᠰᠡᠨ ᠵᠢᠯ ᠦᠨ ᠲᠡᠮᠡᠭᠡᠴᠢᠳ ᠦᠨ ᠪᠠᠶᠠᠷ ᠳᠣᠷᠤᠨᠠᠭᠣᠪᠢ ᠠᠢᠢᠮᠠᠭ ᠲᠤ «ᠶᠡᠬᠡ ᠭᠣᠪᠢ ᠢᠢᠨ ᠲᠡᠮᠡᠭᠡ-᠒᠐᠒᠕» ᠨᠡᠷ᠎ᠡ ᠲᠡᠶ ᠪᠡᠷ ᠪᠣᠯᠵᠤ ᠪᠠᠢᠢᠵᠠᠶ᠃ ᠒᠐᠒᠔ ᠣᠨ ᠳᠤ ᠤᠯᠤᠰ ᠤᠨ ᠬᠡᠮᠵᠢᠶᠡᠨ ᠳᠥ ᠔᠘᠐ ᠮᠢᠩ᠋ᠭᠠᠨ ᠲᠡᠮᠡᠭᠡ ᠲᠣᠭᠠᠯᠠᠭᠤᠯᠤᠭᠰᠠᠨ ᠪᠣᠯ ᠒᠐᠒᠕ ᠣᠨ ᠤ ᠪᠠᠢᠢᠳᠠᠯ ᠢᠶᠠᠷ ᠕᠐᠑ ᠮᠢᠩ᠋ᠭ᠎ᠠ ᠪᠣᠯᠵᠤ ᠥᠰᠦᠭᠰᠡᠨ ᠪᠠᠢᠢᠨ᠎ᠠ᠃


