ᠦᠨᠳᠦᠰᠦᠨ ᠦ ᠮᠡᠳᠡᠭᠡᠯᠡᠯ ᠦᠨ «ᠮᠣᠩ᠊ᠴᠠ᠊ᠮᠡ» ᠠᠭᠧᠨ᠋ᠲ᠋ᠯᠢᠭ᠂ «ᠬᠦᠮᠦᠨ ᠪᠢᠴᠢᠭ᠌» ᠰᠣᠨᠢᠨ ᠠᠴᠠ ᠤᠯᠠᠮᠵᠢᠯᠠᠯ ᠶᠣᠰᠤᠭᠠᠷ ᠵᠣᠬᠢᠶᠠᠨ ᠪᠠᠢᠢᠭᠤᠯᠳᠠᠭ «ᠮᠣᠩ᠋ᠭᠣᠯ ᠤᠨ ᠰᠠᠢᠢᠬᠠᠨ ᠪᠢᠴᠢᠭᠲᠡᠨ-᠒᠐᠒᠕» ᠣᠯᠠᠨ ᠤᠯᠤᠰ ᠤᠨ ᠤᠷᠤᠯᠳᠤᠭᠠᠨ ᠤ ᠰᠢᠯᠢᠳᠡᠭ ᠦᠳ ᠲᠣᠳᠣᠷᠠᠯ᠎ᠠ᠃
ᠤᠷᠠᠨ ᠵᠢᠷᠤᠭ ᠤᠨ ᠭᠠᠯᠧᠷᠧᠢ ᠳᠤ ᠪᠣᠯᠤᠭᠰᠠᠨ ᠱᠠᠩᠨᠠᠯ ᠭᠠᠷᠳᠠᠭᠤᠯᠬᠤ ᠶᠣᠰᠤᠯᠠᠯ᠂ ᠰᠢᠯᠢᠳᠡᠭ ᠪᠦᠲᠦᠭᠡᠯ ᠦᠨ ᠦᠵᠡᠰᠬᠦᠯᠡᠩ ᠦᠨ ᠨᠡᠭᠡᠭᠡᠯᠲᠡ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠷᠤᠯᠴᠠᠵᠤ᠂ ᠤᠷᠤᠯᠳᠤᠭᠠᠨ ᠤ ᠠᠩ᠋ᠭᠢᠯᠠᠯ ᠪᠦᠷᠢ ᠳᠥ ᠲᠡᠷᠢᠭᠦᠨ ᠪᠠᠢᠢᠷᠢ ᠡᠵᠡᠯᠡᠭᠰᠡᠨ ᠡᠷᠬᠢᠮ ᠦᠳ ᠲᠥ ᠱᠠᠩᠨᠠᠯ ᠢ ᠨᠢ ᠭᠠᠷᠳᠠᠭᠤᠯᠤᠨ ᠪᠠᠶᠠᠷ ᠬᠦᠷᠭᠡᠵᠦ᠂ ᠠᠮᠵᠢᠯᠲᠠ ᠬᠦᠰᠡᠨ ᠢᠷᠦᠭᠡᠯ᠎ᠡ᠃
ᠲᠡᠷᠡ ᠪᠡᠷ᠂ ᠮᠣᠩ᠋ᠭᠤᠯ ᠪᠢᠴᠢᠭ᠌ ᠪᠣᠯ ᠮᠣᠩ᠋ᠭᠤᠯ ᠲᠤᠭᠤᠷᠭᠠᠲᠠᠨ ᠤ ᠡᠪ ᠨᠢᠭᠡᠳᠦᠯ ᠦᠨ ᠪᠡᠯᠭᠡᠳᠡᠯ᠂ ᠡᠷᠳᠡᠮ ᠰᠣᠶᠤᠯ ᠤᠨ ᠶᠡᠬᠡ ᠥᠪ ᠰᠠᠩ᠂ ᠲᠤᠰᠠᠭᠠᠷ ᠲᠣᠭᠲᠠᠨᠢᠯ᠂ ᠲᠥᠷᠦᠲᠦ ᠶᠣᠰᠤᠨ ᠤ ᠡᠷᠬᠢᠮ ᠭᠡᠷᠡᠴᠢ᠂ ᠮᠢᠩ᠋ᠭᠠᠨ ᠵᠢᠯ ᠦᠨ ᠲᠡᠦᠬᠡ ᠲᠡᠶ ᠣᠶᠤᠨ ᠤ ᠲᠦᠯᠬᠢᠭᠦᠷ᠂ ᠬᠦᠮᠦᠨ ᠲᠥᠷᠦᠯᠬᠢᠲᠡᠨ ᠦ ᠣᠶᠤᠨ ᠤ ᠰᠣᠶᠤᠯ ᠤᠨ ᠭᠠᠢᠢᠬᠠᠮᠰᠢᠭᠲᠤ ᠥᠪ ᠭᠡᠳᠡᠭ ᠢ ᠲᠣᠳᠤᠳᠬᠠᠯᠠ᠃
ᠮᠣᠩ᠋ᠭᠣᠯ ᠪᠢᠴᠢᠭ᠌ ᠰᠣᠶᠤᠯ ᠢ ᠰᠤᠳᠤᠯᠤᠨ᠂ ᠬᠠᠳᠠᠭᠠᠯᠠᠨ ᠬᠠᠮᠠᠭᠠᠯᠠᠬᠤ᠂ ᠥᠪᠯᠡᠭᠦᠯᠦᠨ ᠤᠯᠠᠮᠵᠢᠯᠠᠭᠤᠯᠬᠤ᠂ ᠲᠦᠭᠡᠭᠡᠨ ᠳᠡᠯᠭᠡᠷᠡᠭᠦᠯᠬᠦ ᠦᠢᠯᠡᠰ ᠲᠥ ᠬᠤᠪᠢ ᠨᠡᠮᠡᠷᠢ ᠪᠡᠨ ᠣᠷᠤᠭᠤᠯᠵᠤ ᠪᠠᠢᠢᠭ᠎ᠠ ᠵᠣᠬᠢᠶᠠᠨ ᠪᠠᠢᠢᠭᠤᠯᠤᠭᠴᠢᠳ ᠪᠣᠯᠤᠨ ᠨᠡᠢᠢᠲᠡ ᠣᠷᠤᠯᠴᠠᠭᠴᠢᠳ ᠲᠤ ᠲᠠᠯᠠᠷᠬᠠᠯ ᠢᠯᠡᠷᠬᠡᠢᠢᠯᠡᠯ᠎ᠡ᠃

«ᠮᠣᠩ᠋ᠭᠣᠯ ᠤᠨ ᠰᠠᠢᠢᠬᠠᠨ ᠪᠢᠴᠢᠭᠲᠡᠨ-᠒᠐᠒᠕» ᠣᠯᠠᠨ ᠤᠯᠤᠰ ᠤᠨ ᠤᠷᠤᠯᠳᠤᠭᠠᠨ ᠳᠤ ᠭᠣᠪᠢᠰᠦ᠋ᠮᠪᠦᠷ᠂ ᠪᠠᠶᠠᠨ-ᠥᠯᠦᠬᠡᠢ᠂ ᠥᠪᠦᠷᠬᠠᠩ᠋ᠭᠠᠶ ᠠᠴᠠ ᠪᠤᠰᠤᠳ ᠠᠢᠢᠮᠠᠭ᠂ ᠨᠡᠢᠢᠰᠯᠡᠯ ᠦᠨ ᠳᠡᠭᠦᠷᠭᠡ ᠨᠤᠭᠦᠳ ᠪᠣᠯᠤᠨ ᠠᠮᠧᠷᠢᠻᠠ ᠢᠢᠨ ᠨᠢᠭᠡᠳᠦᠭᠰᠡᠨ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠥᠪᠦᠷ ᠮᠣᠩ᠋ᠭᠤᠯ ᠤᠨ ᠥᠪᠡᠷ ᠲᠥ ᠪᠡᠨ ᠵᠠᠰᠠᠬᠤ ᠣᠷᠤᠨ᠂ ᠣᠷᠤᠰ ᠤᠨ ᠬᠣᠯᠪᠤᠭᠠᠨ ᠤ ᠤᠯᠤᠰ ᠤᠨ ᠪᠦᠭᠦᠳᠡ ᠨᠠᠢᠢᠷᠠᠮᠳᠠᠬᠤ ᠪᠤᠷᠢᠶᠠᠳ ᠤᠯᠤᠰ ᠠᠴᠠ ᠨᠡᠢᠢᠲᠡ ᠑᠂᠑᠐᠐ ᠭᠠᠷᠤᠢ ᠣᠷᠤᠯᠴᠠᠭᠴᠢ ᠪᠦᠲᠦᠭᠡᠯ ᠢᠶᠡᠨ ᠢᠷᠡᠭᠦᠯᠦᠭᠰᠡᠨ ᠪᠠᠢᠢᠨ᠎ᠠ᠃
ᠤᠷᠤᠯᠳᠤᠭᠠᠨ ᠳᠤ ᠬᠥᠪᠰᠦᠭᠦᠯ᠂ ᠤᠪᠰᠤ᠂ ᠪᠠᠶᠠᠩᠬᠣᠩ᠋ᠭᠤᠷ ᠠᠢᠢᠮᠠᠭ ᠠᠴᠠ ᠬᠠᠮᠤᠭ ᠤᠨ ᠣᠯᠠᠨ ᠬᠦᠮᠦᠨ ᠣᠷᠤᠯᠴᠠᠭᠰᠠᠨ ᠪᠥᠭᠡᠳ ᠠᠮᠧᠷᠢᠻᠠ ᠢᠢᠨ ᠨᠢᠭᠡᠳᠦᠭᠰᠡᠨ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠷᠢᠴᠠᠷᠳ᠋ ᠪᠦ᠊ᠠᠨ᠋᠊ᠭᠠᠨ ᠪᠢᠴᠢᠪᠦᠷᠢ ᠪᠡᠨ ᠢᠷᠡᠭᠦᠯᠵᠡᠶ᠃
ᠣᠷᠤᠯᠴᠠᠭᠴᠢᠳ ᠤᠨ ᠬᠠᠮᠤᠭ ᠤᠨ ᠠᠬᠠᠮᠠᠳ ᠨᠢ ᠰᠦᠬᠡᠪᠠᠭᠠᠲᠤᠷ ᠳᠡᠭᠦᠷᠭᠡ ᠢᠢᠨ ᠑᠑ ᠊ᠳ᠋ᠦᠭᠡᠷ ᠬᠣᠷᠢᠶᠠᠨ ᠤ ᠢᠷᠭᠡᠨ᠂ ᠗᠔ ᠨᠠᠰᠤ ᠲᠠᠶ ᠲ᠋᠊᠂ ᠳᠠᠨᠠᠠᠵᠠᠪ᠂ ᠬᠥᠪᠰᠦᠭᠦᠯ ᠠᠢᠢᠮᠠᠭ ᠤᠨ ᠬᠠᠳᠬᠠᠯ ᠲᠣᠰᠬᠤᠨ ᠤ ᠢᠷᠭᠡᠨ ᠪ᠊᠂ ᠨᠢᠮᠠᠸᠴᠢᠷ ᠪᠣᠯ ᠬᠠᠮᠤᠭ ᠤᠨ ᠪᠢᠴᠢᠬᠠᠨ ᠨᠢ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠨᠤᠲᠤᠭ ᠤᠨ ᠠᠪᠤᠷᠭᠤ ᠨᠤᠭᠤᠳ» ᠰᠤᠷᠭᠠᠭᠤᠯᠢ ᠢᠢᠨ ᠑ ᠢᠢᠨ «ᠠ᠊» ᠠᠩ᠋ᠭᠢ ᠢᠢᠨ ᠰᠤᠷᠤᠭᠴᠢ᠂ ᠖ ᠨᠠᠰᠤ ᠲᠠᠶ ᠳᠠ᠊᠂ ᠠᠮᠢᠨ᠎ᠠ ᠪᠠᠢᠢᠯ᠎ᠠ᠃
ᠮᠣᠩ᠋ᠭᠣᠯ ᠤᠨ ᠤᠷᠠᠨ ᠵᠢᠷᠤᠭ ᠤᠨ ᠭᠠᠯᠧᠷᠧᠢ «ᠮᠣᠩ᠋ᠭᠣᠯ ᠤᠨ ᠰᠠᠢᠢᠬᠠᠨ ᠪᠢᠴᠢᠭᠲᠡᠨ-᠒᠐᠒᠕» ᠣᠯᠠᠨ ᠤᠯᠤᠰ ᠤᠨ ᠤᠷᠤᠯᠳᠤᠭᠠᠨ ᠳᠤ ᠢᠷᠡᠭᠦᠯᠦᠭᠰᠡᠨ ᠪᠦᠲᠦᠭᠡᠯ ᠦᠳ ᠢ ᠒᠐᠒᠖ ᠣᠨ ᠤ ᠐᠑ ᠊ᠳ᠋ᠦᠭᠡᠷ ᠰᠠᠷ᠎ᠠ ᠢᠢᠨ ᠑᠘ ᠢ ᠳᠠᠭᠤᠰᠲᠠᠯ᠎ᠠ ᠨᠡᠢᠢᠲᠡ ᠳᠥ ᠲᠣᠯᠢᠯᠠᠭᠤᠯᠤᠨ᠎ᠠ᠃

«ᠮᠣᠩ᠋ᠭᠣᠯ ᠤᠨ ᠰᠠᠢᠢᠬᠠᠨ ᠪᠢᠴᠢᠭᠲᠡᠨ-᠒᠐᠒᠕» ᠣᠯᠠᠨ ᠤᠯᠤᠰ ᠤᠨ ᠤᠷᠤᠯᠳᠤᠭᠠᠨ ᠤ ᠳ᠋ᠦᠩ
ᠨᠠᠰᠤᠨ ᠳᠤ ᠬᠦᠷᠡᠭᠴᠢᠳ ᠦᠨ ᠠᠩ᠋ᠭᠢᠯᠠᠯ:
᠑᠃ ᠡ᠊᠂ ᠪᠢᠮᠪᠠᠰᠦ᠋ᠷᠦᠩ «ᠪᠣᠯᠤᠷᠰᠣᠹᠲ᠋» ᠻᠣᠮᠫᠠᠨᠢ ᠢᠢᠨ ᠠᠵᠢᠯᠲᠠᠨ᠂ ᠳ᠋ᠠᠲ᠋ᠠ ᠪᠡᠯᠡᠳᠬᠡᠭ᠍ᠴᠢ᠂
᠒᠃ ᠨ᠊᠂ ᠣᠳᠬᠠᠨᠰᠦ᠋ᠷᠦᠩ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠬᠦᠮᠦᠨᠯᠢᠭ ᠦᠨ ᠤᠬᠠᠭᠠᠨ ᠤ ᠰᠠᠯᠪᠤᠷᠢ ᠢᠢᠨ ᠔ ᠊ᠳ᠋ᠦᠭᠡᠷ ᠲᠥᠪᠰᠢᠨ ᠦ ᠣᠶᠤᠲᠠᠨ᠂
᠓᠃ ᠵ᠊᠂ ᠠᠷᠢᠭᠤᠨᠵᠤᠯᠠ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠰᠡᠳᠬᠢᠯ ᠰᠤᠳᠤᠯᠤᠯ ᠤᠨ ᠑ ᠊ᠳ᠋ᠦᠭᠡᠷ ᠲᠥᠪᠰᠢᠨ ᠦ ᠣᠶᠤᠲᠠᠨ᠂
᠔᠃ ᠪ᠊᠂ ᠪᠢᠯᠢᠭᠦᠨᠰᠠᠷᠠᠨ ᠠᠷᠤᠬᠠᠩ᠋ᠭᠠᠶ ᠠᠢᠢᠮᠠᠭ ᠤᠨ ᠮᠣᠩ᠋ᠭᠤᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠢᠢᠨ ᠮᠣᠩ᠋ᠭᠣᠯ ᠬᠡᠯᠡ ᠪᠢᠴᠢᠭ᠌᠂ ᠤᠷᠠᠨ ᠵᠣᠬᠢᠶᠠᠯ ᠪᠠᠭᠰᠢ ᠢᠢᠨ ᠓ ᠳ᠋ᠤᠭᠠᠷ ᠲᠥᠪᠰᠢᠨ ᠦ ᠣᠶᠤᠲᠠᠨ᠂
᠕᠃ ᠵ᠊᠂ ᠡᠩᠬᠡᠵᠢᠷᠭᠠᠯ «UB ᠯᠠᠪᠣᠷᠠᠲ᠋ᠣᠷᠢ» ᠡᠮᠨᠡᠯᠭᠡ ᠢᠢᠨ ᠠᠵᠢᠯᠲᠠᠨ᠂
ᠮᠡᠷᠭᠡᠵᠢᠯ ᠦᠨ ᠪᠠᠭᠰᠢ ᠨᠠᠷ ᠤᠨ ᠠᠩ᠋ᠭᠢᠯᠠᠯ:
᠑᠃ ᠪ᠊᠂ ᠴᠡᠷᠢᠩᠳᠡᠵᠢᠳ ᠠᠷᠤᠬᠠᠩ᠋ᠭᠠᠶ ᠠᠢᠢᠮᠠᠭ ᠤᠨ ᠡᠷᠳᠡᠨᠢᠪᠤᠯᠠᠭᠠᠨ ᠰᠤᠮᠤ ᠢᠢᠨ ᠔ ᠊ᠳ᠋ᠦᠭᠡᠷ ᠰᠤᠷᠭᠠᠭᠤᠯᠢ ᠢᠢᠨ ᠪᠠᠭᠰᠢ᠂
᠒᠃ ᠨ᠊᠂ ᠴᠣᠯᠮᠤᠨ ᠳᠠᠷᠬᠠᠨ-ᠠᠭᠤᠯᠠ ᠠᠢᠢᠮᠠᠭ ᠤᠨ ᠑᠖ ᠳ᠋ᠤᠭᠠᠷ ᠰᠤᠷᠭᠠᠭᠤᠯᠢ ᠢᠢᠨ ᠪᠠᠭᠰᠢ᠂
᠓᠃ ᠡ᠊᠂ ᠭᠠᠩᠴᠡᠴᠡᠭ᠌ ᠡᠮᠦᠨᠡᠭᠣᠪᠢ ᠠᠢᠢᠮᠠᠭ ᠤᠨ ᠳᠠᠯᠠᠨᠵᠠᠳᠠᠭᠠᠳ ᠰᠤᠮᠤ ᠢᠢᠨ ᠕ ᠳ᠋ᠤᠭᠠᠷ ᠰᠤᠷᠭᠠᠭᠤᠯᠢ ᠢᠢᠨ ᠪᠠᠭᠰᠢ᠂
᠔᠃ ᠪ᠊᠂ ᠳᠣᠯᠭᠠᠷᠮᠠ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠳᠡᠯᠭᠡᠷᠮᠥ᠋ᠷᠡᠨ» ᠰᠤᠷᠭᠠᠭᠤᠯᠢ ᠢᠢᠨ ᠪᠠᠭᠰᠢ᠂
᠕᠃ ᠪ᠊᠂ ᠤᠷᠠᠨᠪᠢᠯᠢᠭ᠌ ᠰᠡᠯᠡᠩᠬᠡ ᠠᠢᠢᠮᠠᠭ ᠤᠨ ᠰᠦᠬᠡᠪᠠᠭᠠᠲᠤᠷ ᠰᠤᠮᠤ ᠢᠢᠨ ᠑ ᠊ᠳ᠋ᠦᠭᠡᠷ ᠰᠤᠷᠭᠠᠭᠤᠯᠢ ᠢᠢᠨ ᠪᠠᠭᠰᠢ᠂
«ᠮᠣᠩ᠋ᠭᠣᠯ ᠲᠤᠭᠤᠷᠭᠠᠲᠠᠨ ᠤ ᠪᠣᠯᠤᠨ ᠪᠤᠰᠤᠳ ᠭᠠᠳᠠᠭᠠᠳᠤ ᠤᠯᠤᠰ ᠤᠨ ᠢᠷᠭᠡᠳ᠂ ᠮᠣᠩ᠋ᠭᠤᠯ ᠪᠢᠴᠢᠭᠲᠡᠨ ᠨᠤᠭᠦᠳ» ᠠᠩ᠋ᠭᠢᠯᠠᠯ:
᠑᠃ ᠠᠯᠲᠠᠨᠰᠠᠩ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠥᠪᠦᠷ ᠮᠣᠩ᠋ᠭᠤᠯ ᠤᠨ ᠥᠪᠡᠷ ᠲᠥ ᠪᠡᠨ ᠵᠠᠰᠠᠬᠤ ᠣᠷᠤᠨ ᠤ ᠬᠣᠷᠴᠢᠨ ᠨᠤᠲᠤᠭ ᠤᠨ ᠰᠢᠷ᠎ᠠ ᠮᠥᠷᠡᠨ ᠦ ᠤᠷᠠᠨ ᠪᠢᠴᠢᠭᠡᠴᠢ᠂
᠒᠃ ᠪᠦᠯᠭᠦ᠋ᠲ᠋ᠣᠸᠠ ᠠᠷᠶᠦ᠋ᠨᠠ ᠣᠷᠤᠰ ᠤᠨ ᠬᠣᠯᠪᠤᠭᠠᠨ ᠤ ᠤᠯᠤᠰ ᠤᠨ ᠪᠦᠭᠦᠳᠡ ᠨᠠᠢᠢᠷᠠᠮᠳᠠᠬᠤ ᠪᠤᠷᠢᠶᠠᠳ ᠤᠯᠤᠰ ᠤᠨ ᠤᠯᠠᠭᠠᠨ-ᠡᠭᠦᠳᠡ ᠬᠣᠲᠠ ᠢᠢᠨ ᠢᠷᠭᠡᠨ᠂ ᠤᠷᠠᠨ ᠪᠢᠴᠢᠭᠡᠴᠢ᠂
᠓᠃ ᠠ᠊᠂ ᠮᠡᠷᠭᠡᠨᠪᠠᠲᠤ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠥᠪᠦᠷ ᠮᠣᠩ᠋ᠭᠤᠯ ᠤᠨ ᠥᠪᠡᠷ ᠲᠥ ᠪᠡᠨ ᠵᠠᠰᠠᠬᠤ ᠣᠷᠤᠨ ᠤ ᠪᠠᠶᠠᠨᠨᠠᠭᠤᠷ ᠬᠣᠲᠠ ᠢᠢᠨ ᠤᠷᠠᠳ ᠤᠨ ᠡᠮᠦᠨᠡᠳᠦ ᠬᠣᠰᠢᠭᠤᠨ ᠤ ᠤᠷᠠᠨ ᠪᠢᠴᠢᠭᠡᠴᠢ᠂
᠔᠃ ᠪ᠊᠂ ᠬᠠᠰᠴᠢᠮᠡᠭ᠌ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠥᠪᠦᠷ ᠮᠣᠩ᠋ᠭᠤᠯ ᠤᠨ ᠥᠪᠡᠷ ᠲᠥ ᠪᠡᠨ ᠵᠠᠰᠠᠬᠤ ᠣᠷᠤᠨ ᠤ ᠤᠯᠠᠭᠠᠨᠬᠠᠳᠠ ᠬᠣᠲᠠ ᠢᠢᠨ ᠪᠠᠭᠠᠷᠢᠨ ᠪᠠᠷᠠᠭᠤᠨ ᠬᠣᠰᠢᠭᠤᠨ ᠤ ᠤᠷᠠᠨ ᠪᠢᠴᠢᠭᠡᠴᠢ᠂
᠕᠃ ᠴ᠊᠂ ᠣᠶᠤᠨᠪᠢᠯᠢᠭ᠌ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠥᠪᠦᠷ ᠮᠣᠩ᠋ᠭᠤᠯ ᠤᠨ ᠥᠪᠡᠷ ᠲᠥ ᠪᠡᠨ ᠵᠠᠰᠠᠬᠤ ᠣᠷᠤᠨ ᠤ ᠠᠯᠠᠱᠠ ᠠᠢᠢᠮᠠᠭ ᠤᠨ ᠠᠯᠠᠱᠠ ᠵᠡᠭᠦᠨ ᠬᠣᠰᠢᠭᠤᠨ ᠤ ᠤᠷᠠᠨ ᠪᠢᠴᠢᠭᠡᠴᠢ᠂
ᠤᠷᠠᠨ ᠪᠢᠴᠢᠯᠭᠡ ᠢᠢᠨ ᠠᠩ᠋ᠭᠢᠯᠠᠯ:
᠑᠃ ᠳ᠊᠂ ᠣᠶᠤᠨ-ᠡᠷᠳᠡᠨᠢ ᠨᠡᠢᠢᠰᠯᠡᠯ ᠦᠨ ᠪᠠᠶᠠᠨᠵᠢᠷᠦᠬᠡ ᠳᠡᠭᠦᠷᠭᠡ ᠢᠢᠨ ᠑᠔ ᠊ᠳ᠋ᠦᠭᠡᠷ ᠰᠤᠷᠭᠠᠭᠤᠯᠢ ᠢᠢᠨ ᠪᠠᠭᠰᠢ᠂
᠒᠃ ᠯ᠊᠂ ᠶᠢᠰᠢᠳᠣᠷᠵᠢ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠰᠣᠳᠤ-ᠡᠷᠳᠡᠮ» ᠰᠤᠷᠭᠠᠭᠤᠯᠢ ᠢᠢᠨ ᠪᠠᠭᠰᠢ᠂
᠓᠃ ᠠ᠊᠂ ᠣᠴᠢ ᠪᠠᠶᠠᠩᠭ᠋ᠣᠣᠯ ᠳᠡᠭᠦᠷᠭᠡ ᠢᠢᠨ ᠓᠘ ᠳᠤᠭᠠᠷ ᠰᠤᠷᠭᠠᠭᠤᠯᠢ ᠢᠢᠨ ᠗ ᠢᠢᠨ «᠒» ᠠᠩ᠋ᠭᠢ ᠢᠢᠨ ᠰᠤᠷᠤᠭᠴᠢ᠂
᠔᠃ ᠫ᠊᠂ ᠰᠠᠷᠠᠨᠪᠢᠯᠢᠭ᠌ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠮᠣᠩ᠋ᠭᠣᠯ ᠬᠡᠯᠡ᠂ ᠬᠡᠯᠡ ᠰᠢᠨᠵᠢᠯᠡᠯ ᠦᠨ ᠮᠠᠭᠢᠰᠲ᠋ᠷᠠᠨ᠋ᠲ᠂
᠕᠃ ᠭ᠂ ᠭᠠᠩᠵᠣᠷᠢᠭ ᠡᠮᠦᠨᠡᠭᠣᠪᠢ ᠠᠢᠢᠮᠠᠭ ᠳ᠋ᠠᠬᠢ ᠤᠷᠠᠴᠤᠳ ᠤᠨ ᠡᠪᠯᠡᠯ ᠦᠨ ᠰᠠᠯᠪᠤᠷᠢ ᠢᠢᠨ ᠭᠡᠰᠢᠭᠦᠨ᠂ ᠤᠷᠠᠨ ᠪᠢᠴᠢᠭᠡᠴᠢ᠂
ᠰᠠᠢᠢᠬᠠᠨ ᠪᠢᠴᠢᠭᠲᠡᠨ ᠠᠩ᠋ᠭᠢ:
᠑᠃ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠭᠤᠷᠪᠠᠨ-ᠡᠷᠳᠡᠨᠢ» ᠰᠤᠷᠭᠠᠭᠤᠯᠢ ᠢᠢᠨ ᠪᠠᠭᠰᠢ ᠳ᠊᠂ ᠵᠢᠷᠭᠠᠯᠮ ᠠ ᠢᠢᠨ ᠪᠡᠯᠡᠳᠬᠡᠭ᠍ᠰᠡᠨ ᠙ ᠢᠢᠨ «ᠪ᠊» ᠠᠩ᠋ᠭᠢ᠂
᠒᠃ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠡᠷᠳᠡᠮ ᠦᠨ ᠳᠠᠯᠠᠢ» ᠰᠤᠷᠭᠠᠭᠤᠯᠢ ᠢᠢᠨ ᠪᠠᠭᠰᠢ ᠪ᠊᠂ ᠠᠩᠬᠠᠪᠠᠶᠠᠷ ᠤᠨ ᠪᠡᠯᠡᠳᠬᠡᠭ᠍ᠰᠡᠨ ᠙ ᠢᠢᠨ «ᠸ᠊» ᠠᠩ᠋ᠭᠢ᠂
᠓᠃ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠡᠷᠳᠡᠮ ᠦᠨ ᠳᠠᠯᠠᠢ» ᠰᠤᠷᠭᠠᠭᠤᠯᠢ ᠢᠢᠨ ᠪᠠᠭᠰᠢ ᠨ᠊᠂ ᠪᠠᠲᠤᠴᠡᠴᠡᠭ᠌ ᠦᠨ ᠪᠡᠯᠡᠳᠬᠡᠭ᠍ᠰᠡᠨ ᠙ ᠢᠢᠨ «ᠭ» ᠠᠩ᠋ᠭᠢ᠂
᠔᠃ ᠬᠥᠪᠰᠦᠭᠦᠯ ᠠᠢᠢᠮᠠᠭ ᠤᠨ ᠬᠠᠳᠬᠠᠯ ᠲᠣᠰᠬᠤᠨ ᠤ ᠰᠤᠷᠭᠠᠭᠤᠯᠢ ᠢᠢᠨ ᠪᠠᠭᠰᠢ ᠪ᠊᠂ ᠮᠠᠨᠯᠠᠰᠦ᠋ᠷᠦᠩ ᠦᠨ ᠪᠡᠯᠡᠳᠬᠡᠭ᠍ᠰᠡᠨ ᠑᠐ ᠢᠢᠨ «ᠠ᠊» ᠠᠩ᠋ᠭᠢ᠂
᠕᠃ ᠬᠥᠪᠰᠦᠭᠦᠯ ᠠᠢᠢᠮᠠᠭ ᠤᠨ «ᠰᠣᠳᠤ-ᠡᠷᠳᠡᠮ» ᠰᠤᠷᠭᠠᠭᠤᠯᠢ ᠢᠢᠨ ᠪᠠᠭᠰᠢ ᠳᠠᠸᠠᠳᠤᠯᠮ᠎ᠠ ᠢᠢᠨ ᠪᠡᠯᠡᠳᠬᠡᠭ᠍ᠰᠡᠨ ᠑᠒ ᠤᠨ «ᠠ᠊» ᠠᠩ᠋ᠭᠢ᠂
ᠪᠢᠴᠢᠪᠦᠷᠢ ᠢᠢᠨ ᠪᠤᠰᠤ ᠪᠦᠲᠦᠭᠡᠯ ᠦᠨ ᠠᠩ᠋ᠭᠢᠯᠠᠯ:
᠑᠃ ᠵ᠊᠂ ᠭᠡᠷᠡᠯᠮ᠎ᠠ ᠰᠡᠯᠡᠩᠬᠡ ᠠᠢᠢᠮᠠᠭ ᠤᠨ ᠰᠠᠢᠢᠬᠠᠨ ᠰᠤᠮᠤ ᠢᠢᠨ ᠑ ᠊ᠳ᠋ᠦᠭᠡᠷ ᠰᠤᠷᠭᠠᠭᠤᠯᠢ ᠢᠢᠨ ᠪᠠᠭᠰᠢ᠂
᠒᠃ ᠪ᠊᠂ ᠪᠢᠮᠪᠠᠰᠦ᠋ᠷᠦᠩ ᠵᠠᠪᠬᠠᠨ ᠠᠢᠢᠮᠠᠭ ᠤᠨ ᠤᠯᠢᠶᠠᠰᠤᠲᠠᠶ ᠰᠤᠮᠤ ᠢᠢᠨ «ᠴᠢᠨᠳᠠᠮᠠᠨᠢ-ᠡᠷᠳᠡᠨᠢ» ᠰᠤᠷᠭᠠᠭᠤᠯᠢ ᠢᠢᠨ ᠪᠠᠭᠰᠢ᠂
᠓᠃ ᠪ᠊᠂ ᠤᠶᠠᠩ᠋ᠭᠠᠴᠡᠴᠡᠭ᠌ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠳᠡᠯᠭᠡᠷᠮᠥ᠋ᠷᠡᠨ» ᠰᠤᠷᠭᠠᠭᠤᠯᠢ ᠢᠢᠨ ᠘ ᠢᠢᠨ «ᠠ᠊» ᠠᠩ᠋ᠭᠢ ᠢᠢᠨ ᠰᠤᠷᠤᠭᠴᠢ᠂
᠔᠃ ᠰ᠊᠂ ᠪᠠᠶᠠᠷᠮᠥ᠋ᠩᠬᠡ ᠮᠣᠩ᠋ᠭᠤᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠢᠢᠨ ᠮᠣᠩ᠋ᠭᠣᠯ ᠬᠡᠯᠡ ᠪᠢᠴᠢᠭ᠌᠂ ᠤᠷᠠᠨ ᠵᠣᠬᠢᠶᠠᠯ ᠤᠨ ᠪᠣᠯᠪᠠᠰᠤᠷᠠᠯ ᠤᠨ ᠔ ᠊ᠳ᠋ᠦᠭᠡᠷ ᠲᠥᠪᠰᠢᠨ ᠦ ᠣᠶᠤᠲᠠᠨ᠂
᠕᠃ ᠪ᠊᠂ ᠤᠨᠳᠤᠷᠬᠤ ᠵᠠᠪᠬᠠᠨ ᠠᠢᠢᠮᠠᠭ ᠤᠨ ᠰᠠᠩᠲᠤᠮᠠᠷᠭᠠᠵᠠ ᠰᠤᠮᠤ ᠢᠢᠨ ᠪᠠᠭᠰᠢ᠂
᠑-᠗ ᠳ᠋ᠤᠭᠠᠷ ᠠᠩ᠋ᠭᠢ ᠢᠢᠨ ᠰᠤᠷᠤᠭᠴᠢᠳ:
᠑᠃ ᠷ᠊᠂ ᠳᠠᠸᠠᠰᠦ᠋ᠷᠦᠩ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠳᠡᠯᠭᠡᠷᠮᠥ᠋ᠷᠡᠨ» ᠰᠤᠷᠭᠠᠭᠤᠯᠢ ᠢᠢᠨ ᠖ ᠢᠢᠨ «ᠭ» ᠠᠩ᠋ᠭᠢ ᠢᠢᠨ ᠰᠤᠷᠤᠭᠴᠢ᠂
᠒᠃ ᠡ᠊᠂ ᠮᠠᠷᠭᠠᠳᠮ ᠠ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠡᠷᠳᠡᠮ ᠦᠨ ᠳᠠᠯᠠᠢ» ᠰᠤᠷᠭᠠᠭᠤᠯᠢ ᠢᠢᠨ ᠗ ᠢᠢᠨ «ᠭ» ᠠᠩ᠋ᠭᠢ ᠢᠢᠨ ᠰᠤᠷᠤᠭᠴᠢ᠂
᠓᠃ ᠪ᠊᠂ ᠠᠷᠢᠭᠤᠨᠪᠠᠭᠠᠲᠤᠷ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠳᠡᠯᠭᠡᠷᠮᠥ᠋ᠷᠡᠨ» ᠰᠤᠷᠭᠠᠭᠤᠯᠢ ᠢᠢᠨ ᠓ ᠢᠢᠨ «ᠳ᠋» ᠠᠩ᠋ᠭᠢ ᠢᠢᠨ ᠰᠤᠷᠤᠭᠴᠢ᠂
᠔᠃ ᠪ᠊᠂ ᠪᠠᠶᠠᠷᠵᠢᠷᠭᠠᠯ ᠤᠪᠰᠤ ᠠᠢᠢᠮᠠᠭ ᠤᠨ ᠨᠠᠷᠠᠨᠪᠤᠯᠠᠭ ᠰᠤᠮᠤ ᠢᠢᠨ ᠗ ᠢᠢᠨ «ᠪ᠊» ᠠᠩ᠋ᠭᠢ ᠢᠢᠨ ᠰᠤᠷᠤᠭᠴᠢ᠂
᠕᠃ ᠬ᠂ ᠰᠠᠷᠠᠨᠠᠶ ᠨᠡᠢᠢᠰᠯᠡᠯ ᠦᠨ ᠪᠠᠶᠠᠨᠵᠢᠷᠦᠬᠡ ᠳᠡᠭᠦᠷᠭᠡ ᠢᠢᠨ «ᠪᠠᠭ᠎ᠠ ᠲᠩᠷᠢ» ᠰᠤᠷᠭᠠᠭᠤᠯᠢ ᠢᠢᠨ ᠗ ᠢᠢᠨ «ᠰ᠊» ᠠᠩ᠋ᠭᠢ ᠢᠢᠨ ᠰᠤᠷᠤᠭᠴᠢ᠂
᠘-᠑᠑ ᠊ᠳ᠋ᠦᠭᠡᠷ ᠠᠩ᠋ᠭᠢ ᠢᠢᠨ ᠰᠤᠷᠤᠭᠴᠢᠳ:
᠑᠃ ᠪ᠊᠂ ᠠᠯᠢᠮᠠᠩᠰᠠᠷᠠᠨ ᠨᠡᠢᠢᠰᠯᠡᠯ ᠦᠨ ᠬᠠᠨ-ᠠᠭᠤᠯᠠ ᠳᠡᠭᠦᠷᠭᠡ ᠢᠢᠨ ᠑᠑᠕ ᠳ᠋ᠤᠭᠠᠷ ᠰᠤᠷᠭᠠᠭᠤᠯᠢ ᠢᠢᠨ ᠑᠑ ᠢᠢᠨ «ᠠ᠊» ᠠᠩ᠋ᠭᠢ ᠢᠢᠨ ᠰᠤᠷᠤᠭᠴᠢ᠂
᠒᠃ ᠬ᠂ ᠠᠮᠢᠨ-ᠡᠷᠳᠡᠨᠢ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠡᠷᠳᠡᠮ ᠦᠨ ᠳᠠᠯᠠᠢ» ᠰᠤᠷᠭᠠᠭᠤᠯᠢ ᠢᠢᠨ ᠙ ᠢᠢᠨ «ᠸ᠊» ᠠᠩ᠋ᠭᠢ ᠢᠢᠨ ᠰᠤᠷᠤᠭᠴᠢ᠂
᠓᠃ ᠳ᠊᠂ ᠵᠣᠯᠵᠠᠶᠠᠭ᠎ᠠ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠳᠡᠯᠭᠡᠷᠮᠥ᠋ᠷᠡᠨ» ᠰᠤᠷᠭᠠᠭᠤᠯᠢ ᠢᠢᠨ ᠑᠑ ᠢᠢᠨ «ᠠ᠊» ᠠᠩ᠋ᠭᠢ ᠢᠢᠨ ᠰᠤᠷᠤᠭᠴᠢ᠂
᠔᠃ ᠳ᠊᠂ ᠴᠣᠯᠮᠤᠨ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠲᠢᠲᠢᠮ» ᠰᠤᠷᠭᠠᠭᠤᠯᠢ ᠢᠢᠨ ᠑᠑ ᠢᠢᠨ «ᠭ» ᠠᠩ᠋ᠭᠢ ᠢᠢᠨ ᠰᠤᠷᠤᠭᠴᠢ᠂
᠕᠃ ᠭ᠂ ᠴᠣᠯᠮᠤᠨ ᠬᠥᠪᠰᠦᠭᠦᠯ ᠠᠢᠢᠮᠠᠭ ᠤᠨ ᠶᠡᠬᠡ-ᠠᠭᠤᠯᠠ ᠰᠤᠮᠤ ᠢᠢᠨ ᠰᠤᠷᠭᠠᠭᠤᠯᠢ ᠢᠢᠨ ᠑᠐ ᠢᠢᠨ «ᠪ᠊» ᠠᠩ᠋ᠭᠢ ᠢᠢᠨ ᠰᠤᠷᠤᠭᠴᠢ᠂
᠑᠒ ᠳ᠋ᠤᠭᠠᠷ ᠠᠩ᠋ᠭᠢ ᠢᠢᠨ ᠰᠤᠷᠤᠭᠴᠢᠳ ᠤᠨ ᠠᠩ᠋ᠭᠢᠯᠠᠯ:
᠑᠃ ᠠ᠊᠂ ᠨᠠᠮᠠᠭᠤᠨᠵᠤᠯᠠ ᠬᠣᠪᠳᠤ ᠠᠢᠢᠮᠠᠭ ᠤᠨ ᠵᠢᠷᠭᠠᠯᠠᠩᠲᠤ ᠰᠤᠮᠤ ᠢᠢᠨ «ᠴᠠᠰᠤᠲᠤ-ᠠᠯᠲᠠᠶ» ᠰᠤᠷᠭᠠᠭᠤᠯᠢ ᠢᠢᠨ ᠑᠒ ᠤᠨ «ᠭ» ᠠᠩ᠋ᠭᠢ ᠢᠢᠨ ᠰᠤᠷᠤᠭᠴᠢ᠂
᠒᠃ ᠠ᠊᠂ ᠬᠦᠰᠡᠯᠡᠩ ᠨᠡᠢᠢᠰᠯᠡᠯ ᠦᠨ ᠴᠢᠩ᠋ᠭᠡᠯᠲᠡᠶ ᠳᠡᠭᠦᠷᠭᠡ ᠢᠢᠨ ᠒᠓ ᠳ᠋ᠤᠭᠠᠷ ᠰᠤᠷᠭᠠᠭᠤᠯᠢ ᠢᠢᠨ ᠑᠒ ᠤᠨ «ᠳ᠋᠊» ᠠᠩ᠋ᠭᠢ ᠢᠢᠨ ᠰᠤᠷᠤᠭᠴᠢ᠂
᠓᠃ ᠰ᠊᠂ ᠠᠶᠤᠰᠢ ᠬᠥᠪᠰᠦᠭᠦᠯ ᠠᠢᠢᠮᠠᠭ ᠤᠨ ᠮᠥᠷᠡᠨ ᠰᠤᠮᠤ ᠢᠢᠨ «ᠲᠢᠲᠢᠮ» ᠰᠤᠷᠭᠠᠭᠤᠯᠢ ᠢᠢᠨ ᠑᠒ ᠤᠨ «ᠠ᠊» ᠠᠩ᠋ᠭᠢ ᠢᠢᠨ ᠰᠤᠷᠤᠭᠴᠢ᠂
᠔᠃ ᠮ᠊᠂ ᠮᠠᠷᠭᠠᠳ-ᠡᠷᠳᠡᠨᠢ ᠬᠡᠨᠲᠡᠶ ᠠᠢᠢᠮᠠᠭ ᠤᠨ ᠪᠡᠷᠬᠡ ᠲᠣᠰᠬᠤᠨ ᠤ «ᠪᠡᠷᠬᠡ» ᠣᠯᠠᠨ ᠤᠯᠤᠰ ᠤᠨ ᠰᠤᠷᠭᠠᠭᠤᠯᠢ ᠢᠢᠨ ᠑᠒ ᠤᠨ «ᠪ᠊» ᠠᠩ᠋ᠭᠢ ᠢᠢᠨ ᠰᠤᠷᠤᠭᠴᠢ᠂
᠕᠃ ᠪ᠊᠂ ᠨᠠᠮᠤᠭᠤᠨᠵᠠᠶᠠᠭᠠ ᠳᠠᠷᠬᠠᠨ-ᠠᠭᠤᠯᠠ ᠠᠢᠢᠮᠠᠭ ᠤᠨ ᠑᠖ ᠳ᠋ᠤᠭᠠᠷ ᠰᠤᠷᠭᠠᠭᠤᠯᠢ ᠢᠢᠨ ᠑᠒ ᠤᠨ «ᠸ᠊» ᠠᠩ᠋ᠭᠢ ᠢᠢᠨ ᠰᠤᠷᠤᠭᠴᠢ᠂
ᠨᠡᠷᠡᠮᠵᠢᠲᠦ ᠱᠠᠩᠨᠠᠯ:
᠑᠃ «ᠱᠠ᠊᠂ ᠯᠤᠪᠰᠠᠩᠸᠠᠩᠳᠠᠨ ᠰᠠᠩ» ᠤᠨ ᠨᠡᠷᠡᠮᠵᠢᠲᠦ ᠱᠠᠩᠨᠠᠯᠲᠠᠨ- ᠬᠥᠪᠰᠦᠭᠦᠯ ᠠᠢᠢᠮᠠᠭ ᠤᠨ ᠴᠠᠭᠠᠨ-ᠡᠭᠦᠷ ᠰᠤᠮᠤ ᠢᠢᠨ ᠪᠠᠭᠰᠢ ᠭ᠂ ᠮᠥᠩ᠋ᠭᠦᠨᠵᠤᠯᠠ ᠢᠢᠨ ᠪᠡᠯᠡᠳᠬᠡᠭ᠍ᠰᠡᠨ ᠑᠑ ᠢᠢᠨ «ᠠ᠊» ᠠᠩ᠋ᠭᠢ᠂
᠒᠃ ᠠᠬᠠᠮᠠᠳ ᠳ᠋ᠢᠫᠯᠣᠮᠠᠲ ᠭ᠂ ᠯᠤᠤᠵᠠᠩ ᠤᠨ ᠨᠡᠷᠡᠮᠵᠢᠲᠦ ᠱᠠᠩᠨᠠᠯᠲᠠᠨ – ᠤᠪᠰᠤ ᠠᠢᠢᠮᠠᠭ ᠤᠨ ᠤᠯᠠᠭᠠᠩ᠋ᠭᠣᠮ ᠰᠤᠮᠤ ᠢᠢᠨ ᠑ ᠊ᠳ᠋ᠦᠭᠡᠷ ᠰᠤᠷᠭᠠᠭᠤᠯᠢ ᠢᠢᠨ ᠑᠒ ᠤᠨ «ᠵ᠊» ᠠᠩ᠋ᠭᠢ ᠢᠢᠨ ᠰᠤᠷᠤᠭᠴᠢ ᠠ᠊᠂ ᠬᠣᠩ᠋ᠭᠤᠷᠵᠤᠯᠠ᠂
᠓᠃ ᠠᠬᠠᠮᠠᠳ ᠳ᠋ᠢᠫᠯᠣᠮᠠᠲ ᠴ᠊᠂ ᠨᠠᠮᠴᠢᠨ ᠤ ᠨᠡᠷᠡᠮᠵᠢᠲᠦ ᠱᠠᠩᠨᠠᠯᠲᠠᠨ – ᠪᠠᠶᠠᠩᠬᠣᠩ᠋ᠭᠤᠷ ᠠᠢᠢᠮᠠᠭ ᠤᠨ ᠪᠣᠭᠳᠠ ᠰᠤᠮᠤ ᠢᠢᠨ ᠑᠒ ᠤᠨ «ᠠ᠊» ᠠᠩ᠋ᠭᠢ ᠢᠢᠨ ᠰᠤᠷᠤᠭᠴᠢ ᠨ᠊᠂ ᠫᠦᠷᠪᠦᠰᠦ᠋ᠷᠦᠩ᠂
᠔᠃ ᠮᠣᠩ᠋ᠭᠣᠯ ᠤᠯᠤᠰ ᠤᠨ ᠭᠠᠪᠢᠶᠠᠲᠤ ᠵᠦᠵᠦᠭᠡᠴᠢᠨ ᠷ᠊᠂ ᠠᠩᠬᠠᠨᠢᠮᠠ ᠢᠢᠨ ᠨᠡᠷᠡᠮᠵᠢᠲᠦ ᠱᠠᠩᠨᠠᠯᠲᠠᠨ – ᠨᠡᠢᠢᠰᠯᠡᠯ ᠬᠤᠳᠠ ᠤᠨ ᠓᠔ ᠊ᠳ᠋ᠦᠭᠡᠷ ᠰᠤᠷᠭᠠᠭᠤᠯᠢ ᠢᠢᠨ ᠪᠠᠭᠰᠢ ᠭ᠂ ᠳᠠᠸᠠᠨᠠᠰᠤᠨ ᠤ ᠪᠡᠯᠡᠳᠬᠡᠭ᠍ᠰᠡᠨ ᠑᠑ ᠢᠢᠨ «ᠭ» ᠠᠩ᠋ᠭᠢ᠂
᠕᠃ «ᠮᠣᠩ᠋ᠭᠣᠯ ᠳᠠᠭᠤᠤ᠂ ᠳᠦᠷᠰᠦ ᠰᠠᠩ» ᠲᠥᠷᠦ ᠢᠢᠨ ᠪᠤᠰᠤ ᠪᠠᠢᠢᠭᠤᠯᠤᠯᠭ᠋ ᠠ ᠢᠢᠨ ᠡᠭᠦᠰᠬᠡᠨ ᠪᠠᠢᠢᠭᠤᠯᠤᠭᠴᠢ ᠪ᠊᠂ ᠪᠠᠶᠠᠰᠬᠤᠯᠠᠩ ᠤᠨ ᠨᠡᠷᠡᠮᠵᠢᠲᠦ ᠱᠠᠩᠨᠠᠯᠲᠠᠨ-ᠠᠮᠧᠷᠢᠻᠠ ᠢᠢᠨ ᠨᠢᠭᠡᠳᠦᠭᠰᠡᠨ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠷᠢᠴᠠᠷᠳ᠋ ᠪᠦ᠊ᠠᠨ᠋᠊ᠭᠠᠨ᠂
᠖᠃ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠳ᠊᠂ ᠭᠠᠩᠬᠤᠶᠠᠭ ᠤᠨ ᠨᠡᠷᠡᠮᠵᠢᠲᠦ ᠱᠠᠩᠨᠠᠯᠲᠠᠨ-ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ ᠕ ᠳ᠋ᠤᠭᠠᠷ ᠰᠤᠷᠭᠠᠭᠤᠯᠢ ᠢᠢᠨ ᠪᠠᠭᠰᠢ ᠪ᠊᠂ ᠪᠣᠯᠤᠷᠰᠠᠢᠢᠬᠠᠨ ᠤ ᠪᠡᠯᠡᠳᠬᠡᠭ᠍ᠰᠡᠨ ᠘ ᠢᠢᠨ «ᠭ» ᠠᠩ᠋ᠭᠢ


















