ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠤᠯᠠᠮᠵᠢᠯᠠᠯᠲᠤ ᠠᠨᠠᠭᠠᠬᠤ ᠤᠬᠠᠭᠠᠨ ᠢ ᠬᠥᠭ᠍ᠵᠢᠭᠦᠯᠬᠦ ᠲᠤᠬᠠᠢ ᠵᠠᠷᠯᠢᠭ ᠭᠠᠷᠭᠠᠵᠤ᠂ ᠡᠨᠡ ᠰᠠᠯᠪᠤᠷᠢ ᠢᠢᠨ ᠣᠨᠤᠯ᠂ ᠮᠡᠳᠡᠯᠭᠡ᠂ ᠥᠪ ᠰᠣᠶᠤᠯ ᠢ ᠰᠤᠳᠤᠯᠤᠨ ᠰᠢᠨᠵᠢᠯᠡᠬᠦ᠂ ᠭᠦᠨᠵᠡᠭᠡᠢᠢᠷᠡᠭᠦᠯᠦᠨ ᠬᠥᠭ᠍ᠵᠢᠭᠦᠯᠬᠦ᠂ ᠲᠦᠭᠡᠭᠡᠨ ᠳᠡᠯᠭᠡᠷᠡᠭᠦᠯᠬᠦ ᠦᠢᠯᠡ ᠬᠡᠷᠡᠭ ᠢ ᠢᠮᠠᠭᠲᠠ ᠳᠡᠮᠵᠢᠬᠦ ᠪᠡᠨ ᠢᠯᠡᠷᠬᠡᠢᠢᠯᠡᠯ᠎ᠡ᠃
ᠵᠠᠷᠯᠢᠭ ᠭᠠᠷᠭᠠᠭᠰᠠᠨ ᠲᠠᠶ ᠬᠣᠯᠪᠤᠭᠳᠠᠭᠤᠯᠤᠨ ᠬᠡᠯᠡᠭᠰᠡᠨ ᠦᠭᠡᠨ ᠡᠴᠡ ᠬᠦᠷᠭᠡᠵᠦ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ:
«ᠡᠷᠬᠢᠮ ᠬᠦᠨᠳᠦᠲᠦ ᠠᠷᠠᠳ ᠢᠷᠭᠡᠳ ᠡ᠂
ᠡᠷᠬᠢᠮ ᠬᠦᠨᠳᠦᠲᠦ ᠡᠮᠴᠢ᠂ ᠡᠷᠳᠡᠮᠲᠡᠨ ᠰᠤᠳᠤᠯᠤᠭᠠᠴᠢᠳ ᠠ᠋᠂
ᠬᠦᠨᠳᠦᠲᠦ ᠵᠣᠴᠢᠳ ᠋ᠠ᠋᠂
ᠲᠠ ᠪᠦᠬᠦᠨ ᠳᠥ ᠡᠪᠦᠯ ᠦᠨ ᠳᠤᠮᠳᠠ ᠰᠠᠷ᠎ᠠ ᠢᠢᠨ ᠪᠡᠯᠭᠡᠲᠦ ᠰᠠᠢᠢᠨ ᠡᠳᠦᠷ ᠦᠨ ᠮᠡᠨᠳᠦ ᠢᠢ ᠡᠷᠭᠦᠨ ᠳᠡᠪᠰᠢᠭᠦᠯᠦᠶ ᠡ᠃
ᠪᠢᠳᠡᠨ ᠦ ᠲᠡᠦᠬᠡ᠂ ᠥᠪ ᠰᠣᠶᠤᠯ᠂ ᠶᠣᠰᠤ ᠵᠠᠩᠰᠢᠯ᠂ ᠣᠶᠤᠨ ᠰᠠᠨᠠᠭᠠᠨ ᠤ ᠰᠠᠯᠤᠰᠢ ᠦᠭᠡᠢ ᠨᠢᠭᠡᠨ ᠬᠡᠰᠡᠭ ᠪᠣᠯ ᠮᠣᠩ᠋ᠭᠣᠯ ᠤᠨ ᠤᠯᠠᠮᠵᠢᠯᠠᠯᠲᠤ ᠠᠨᠠᠭᠠᠬᠤ ᠤᠬᠠᠭᠠᠨ ᠶᠤᠮ᠃
ᠤᠯᠠᠮᠵᠢᠯᠠᠯᠲᠤ ᠠᠨᠠᠭᠠᠬᠤ ᠤᠬᠠᠭᠠᠨ ᠪᠣᠯ ᠠᠯᠢᠪᠠ ᠡᠪᠡᠳᠴᠢᠨ ᠡᠮᠭᠡᠭ ᠢ ᠣᠨᠣᠰᠢᠯᠠᠨ ᠡᠮᠴᠢᠯᠠᠬᠦ ᠠᠷᠭ᠎ᠠ ᠤᠬᠠᠭᠠᠨ᠂ ᠡᠷᠡᠭᠦᠯ ᠵᠥᠪ ᠠᠮᠢᠳᠤᠷᠠᠬᠤ ᠵᠠᠩ ᠦᠢᠯᠡ ᠲᠡᠳᠦᠢ ᠦᠭᠡᠢ ᠮᠣᠩ᠋ᠭᠤᠯᠴᠤᠳ ᠪᠢᠳᠡᠨ ᠦ ᠶᠢᠷᠲᠢᠨᠴᠦ ᠢᠢ ᠦᠵᠡᠬᠦ ᠦᠵᠡᠯ᠂ ᠠᠵᠤ ᠲᠥᠷᠦᠬᠦ ᠶᠣᠰᠤ᠂ ᠣᠶᠤᠨ ᠰᠠᠨᠠᠭᠠᠨ ᠤ ᠤᠯᠠᠮᠵᠢᠯᠠᠯ ᠳᠤ ᠲᠤᠯᠭᠠᠭᠤᠷᠢᠯᠠᠭᠰᠠᠨ ᠦᠨᠡᠲᠦ ᠥᠪ ᠪᠢᠯᠡ᠃
ᠮᠣᠩ᠋ᠭᠣᠯ ᠤᠨ ᠤᠯᠠᠮᠵᠢᠯᠠᠯᠲᠤ ᠠᠨᠠᠭᠠᠬᠤ ᠤᠬᠠᠭᠠᠨ ᠕᠂᠐᠐᠐ ᠭᠠᠷᠤᠢ ᠵᠢᠯ ᠦᠨ ᠲᠡᠷᠡᠲᠡᠭᠡ ᠡᠭᠦᠰᠦᠨ ᠬᠥᠭ᠍ᠵᠢᠭᠰᠡᠨ ᠲᠡᠦᠬᠡ ᠲᠡᠶ᠃
ᠡᠵᠡᠨ ᠪᠣᠭᠳᠠ ᠴᠢᠩᠬᠢᠰ ᠬᠠᠭᠠᠨ ᠤ ᠠᠯᠲᠠᠨ ᠤᠷᠤᠭ ᠤᠨ ᠯᠠᠮᠠ ᠢᠢᠨ ᠭᠡᠭᠡᠨ᠂ ᠣᠲᠠᠴᠢ ᠯᠤᠪᠰᠠᠩᠳᠠᠨᠵᠢᠨᠵᠠᠩᠴᠠᠨ ᠑᠖᠘᠑ ᠣᠨ ᠳᠤ ᠲᠡᠵᠢᠭᠡᠬᠦᠢ ᠤᠬᠠᠭᠠᠨ ᠤ ᠡᠮᠴᠢ᠂ ᠮᠠᠷᠠᠮᠪᠠ ᠪᠡᠯᠡᠳᠬᠡᠬᠦ ᠠᠩᠬᠠᠨ ᠤ ᠳᠢᠭ᠌ ᠰᠤᠷᠭᠠᠭᠤᠯᠢ ᠪᠠᠢᠢᠭᠤᠯᠵᠤ᠂ ᠰᠤᠷᠭᠠᠯᠲᠠ ᠢᠢᠨ ᠪᠣᠯᠤᠨ ᠡᠮᠴᠢᠯᠡᠭᠡᠨ ᠦ ᠭᠠᠷ ᠤᠨ ᠠᠪᠤᠯᠭ᠎ᠠ ᠲᠤᠭᠤᠷᠪᠢᠨ ᠬᠡᠷᠡᠭᠯᠡᠵᠦ ᠡᠬᠢᠯᠡᠭᠰᠡᠨ ᠶᠤᠮ᠃
ᠥᠩ᠋ᠭᠡᠷᠡᠭᠰᠡᠨ ᠓᠐᠐ ᠭᠠᠷᠤᠢ ᠵᠢᠯ ᠦᠨ ᠬᠤᠭᠤᠴᠠᠭᠠᠨ ᠳᠤ ᠦᠶ᠎ᠡ ᠦᠶ᠎ᠡ ᠢᠢᠨ ᠣᠲᠠᠴᠢ ᠨᠠᠷ ᠤᠯᠠᠮᠵᠢᠯᠠᠯᠲᠤ ᠠᠨᠠᠭᠠᠬᠤ ᠤᠬᠠᠭᠠᠨ ᠤ ᠣᠨᠤᠯ᠂ ᠮᠡᠳᠡᠯᠭᠡ ᠢᠢ ᠥᠪᠯᠡᠭᠦᠯᠦᠨ ᠬᠥᠭ᠍ᠵᠢᠭᠦᠯᠵᠦ᠂ ᠲᠦᠭᠡᠭᠡᠨ ᠳᠡᠯᠭᠡᠷᠡᠭᠦᠯᠵᠦ ᠢᠷᠡᠭᠰᠡᠨ ᠪᠥᠭᠡᠳ ᠥᠨᠦ ᠴᠠᠭ ᠲᠤ ᠴᠦ ᠤᠯᠠᠮᠵᠢᠯᠠᠯᠲᠤ ᠠᠨᠠᠭᠠᠬᠤ ᠤᠬᠠᠭᠠᠨ ᠤ ᠡᠮᠴᠢ᠂ ᠮᠡᠷᠭᠡᠵᠢᠯᠲᠡᠨ ᠨᠤᠭᠦᠳ ᠠᠷᠠᠳ ᠢᠷᠭᠡᠳ ᠦᠨ ᠢᠶᠡᠨ ᠡᠷᠡᠭᠦᠯ ᠮᠡᠨᠳᠦ ᠢᠢ ᠬᠠᠮᠠᠭᠠᠯᠠᠬᠤ ᠦᠢᠯᠡᠰ ᠲᠥ ᠬᠤᠪᠢ ᠨᠡᠮᠡᠷᠢ ᠪᠡᠨ ᠣᠷᠤᠭᠤᠯᠤᠭᠰᠠᠭᠠᠷ ᠪᠠᠢᠢᠨ᠎ᠠ᠃
ᠤᠯᠠᠮᠵᠢᠯᠠᠯᠲᠤ ᠠᠨᠠᠭᠠᠬᠤ ᠤᠬᠠᠭᠠᠨ ᠤ ᠰᠤᠷᠬᠤ ᠪᠢᠴᠢᠭ᠌᠂ ᠭᠠᠷ ᠤᠨ ᠠᠪᠤᠯᠭ᠎ᠠ ᠪᠣᠯᠭᠠᠨ ᠬᠡᠷᠡᠭᠯᠡᠭᠳᠡᠵᠦ ᠪᠠᠢᠢᠭᠰᠠᠨ ᠬᠣᠪᠤᠷ ᠨᠠᠨᠳᠢᠨ ᠪᠦᠲᠦᠭᠡᠯ ᠪᠣᠯᠬᠤ «ᠳᠡᠭᠡᠷ᠎ᠡ ᠡᠴᠡ ᠲᠣᠭᠲᠠᠭᠠᠭᠰᠠᠨ ᠳᠦᠷᠰᠦ ᠲᠤᠰ ᠪᠦᠷᠢ ᠢᠢ ᠪᠦᠷᠢᠳᠬᠡᠭ᠍ᠰᠡᠨ ᠪᠢᠴᠢᠭ᠌» ᠢ ᠒᠐᠒᠕ ᠣᠨ ᠳᠤ ᠶᠦ᠋ᠨᠧᠰᠻᠣ «ᠳᠡᠯᠡᠬᠡᠢ ᠢᠢᠨ ᠳᠤᠷᠠᠰᠤᠮᠵᠢ ᠢᠢᠨ ᠥᠪ» ᠤᠨ ᠵᠢᠭ᠌ᠰᠠᠭᠠᠯᠲᠠ ᠳᠤ ᠪᠦᠷᠢᠳᠬᠡᠨ ᠪᠠᠲᠤᠯᠠᠭᠠᠵᠢᠭᠤᠯᠤᠭᠰᠠᠨ ᠨᠢ ᠮᠣᠩ᠋ᠭᠣᠯ ᠤᠨ ᠤᠯᠠᠮᠵᠢᠯᠠᠯᠲᠤ ᠠᠨᠠᠭᠠᠬᠤ ᠤᠬᠠᠭᠠᠨ ᠢ ᠳᠡᠯᠡᠬᠡᠢ ᠳ᠋ᠠᠬᠢᠨ ᠢᠶᠠᠨ ᠰᠤᠷᠲᠠᠯᠴᠢᠯᠠᠨ ᠲᠠᠨᠢᠭᠤᠯᠤᠭᠰᠠᠨ ᠦᠢᠯᠡ ᠬᠡᠷᠡᠭ ᠪᠣᠯᠤᠭᠰᠠᠨ ᠶᠤᠮ᠃
ᠤᠯᠠᠮᠵᠢᠯᠠᠯᠲᠤ ᠠᠨᠠᠭᠠᠬᠤ ᠤᠬᠠᠭᠠᠨ ᠤ ᠣᠯᠠᠨ ᠵᠠᠭᠤᠨ ᠡᠮᠴᠢ᠂ ᠮᠡᠷᠭᠡᠵᠢᠯᠲᠡᠨ ᠳᠡᠯᠡᠬᠡᠢ ᠢᠢᠨ ᠤᠯᠤᠰ ᠣᠷᠤᠨ ᠨᠤᠭᠤᠳ ᠲᠤ᠂ ᠢᠯᠠᠩ᠋ᠭᠤᠶ᠎ᠠ ᠪᠦᠭᠦᠳᠡ ᠨᠠᠢᠢᠷᠠᠮᠳᠠᠬᠤ ᠫᠣᠯᠠᠨ᠋ᠳ᠋ ᠤᠯᠤᠰ ᠲᠤ ᠣᠨᠤᠰᠢᠯᠠᠭ᠎ᠠ᠂ ᠡᠮᠴᠢᠯᠡᠭᠡ ᠢᠢ ᠴᠢᠨᠠᠷᠲᠠᠢ ᠰᠠᠢᠢᠨ ᠭᠦᠢᠴᠡᠳᠬᠡᠵᠦ᠂ ᠤᠯᠠᠮᠵᠢᠯᠠᠯᠲᠤ ᠠᠨᠠᠭᠠᠬᠤ ᠤᠬᠠᠭᠠᠨ ᠤ ᠣᠯᠤᠯᠲᠠ᠂ ᠠᠮᠵᠢᠯᠲᠠ ᠢᠢ ᠲᠦᠭᠡᠭᠡᠨ ᠳᠡᠯᠭᠡᠷᠡᠭᠦᠯᠵᠦ ᠪᠠᠢᠢᠭ᠎ᠠ ᠢᠢ ᠬᠡᠯᠡᠬᠦ ᠳᠥ ᠲᠠᠭᠠᠲᠠᠢ ᠪᠠᠢᠢᠨ᠎ᠠ᠃



ᠤᠯᠠᠮᠵᠢᠯᠠᠯᠲᠤ ᠠᠨᠠᠭᠠᠬᠤ ᠤᠬᠠᠭᠠᠨ ᠤ ᠣᠨᠤᠯ᠂ ᠮᠡᠳᠡᠯᠭᠡ ᠢᠢ ᠥᠪᠯᠡᠨ ᠤᠯᠠᠮᠵᠢᠯᠠᠵᠤ᠂ ᠬᠠᠳᠠᠭᠠᠯᠠᠨ ᠬᠠᠮᠠᠭᠠᠯᠠᠵᠤ᠂ ᠲᠦᠭᠡᠭᠡᠨ ᠳᠡᠯᠭᠡᠷᠡᠭᠦᠯᠬᠦ ᠪᠣᠯᠤᠨ ᠢᠷᠭᠡᠳ ᠦᠨ ᠢᠶᠡᠨ ᠡᠷᠡᠭᠦᠯ ᠮᠡᠨᠳᠦ ᠢᠢ ᠬᠠᠮᠠᠭᠠᠯᠠᠬᠤ ᠦᠢᠯᠡᠰ ᠲᠥ ᠬᠦᠴᠦᠨ ᠵᠢᠳᠬᠦᠵᠦ ᠪᠠᠢᠢᠭ᠎ᠠ ᠡᠷᠳᠡᠮᠲᠡᠨ ᠰᠤᠳᠤᠯᠤᠭᠠᠴᠢ᠂ ᠡᠮᠴᠢ᠂ ᠡᠮᠨᠡᠯᠭᠡ ᠢᠢᠨ ᠮᠡᠷᠭᠡᠵᠢᠯᠲᠡᠨ ᠲᠠ ᠪᠦᠬᠦᠨ ᠳᠥ ᠠᠷᠠᠳ ᠲᠦᠮᠡᠨ ᠦ ᠪᠡᠨ ᠨᠡᠷ᠎ᠡ ᠢᠢᠨ ᠡᠮᠦᠨ᠎ᠡ ᠡᠴᠡ ᠭᠦᠨ ᠲᠠᠯᠠᠷᠬᠠᠯ ᠢᠯᠡᠷᠬᠡᠢᠢᠯᠡᠶ ᠡ᠃
ᠡᠷᠬᠢᠮ ᠬᠦᠨᠳᠦᠲᠦ ᠠᠷᠠᠳ ᠢᠷᠭᠡᠳ ᠡ᠂
ᠡᠮᠴᠢ᠂ ᠡᠷᠳᠡᠮᠲᠡᠨ ᠰᠤᠳᠤᠯᠤᠭᠠᠴᠢᠳ ᠠ᠋᠂
ᠡᠵᠡᠨ ᠪᠣᠭᠳᠠ ᠴᠢᠩᠬᠢᠰ ᠬᠠᠭᠠᠨ ᠤ ᠰᠤᠤ ᠠᠯᠳᠠᠷ᠂ ᠦᠢᠯᠡ ᠬᠡᠷᠡᠭ᠂ ᠪᠢᠯᠢᠭ᠌ ᠰᠤᠷᠭᠠᠯ ᠢ ᠡᠷᠬᠢᠮᠯᠡᠨ ᠳᠡᠭᠡᠳᠦᠯᠡᠵᠦ᠂ ᠡᠪᠦᠭᠡ ᠳᠡᠭᠡᠳᠦᠰ ᠦᠨ ᠢᠶᠡᠨ ᠲᠡᠦᠬᠡ᠂ ᠰᠣᠶᠤᠯ᠂ ᠥᠪ ᠤᠯᠠᠮᠵᠢᠯᠠᠯ᠂ ᠵᠠᠩ ᠵᠠᠩᠰᠢᠯ ᠢ ᠬᠠᠳᠠᠭᠠᠯᠠᠨ ᠬᠠᠮᠠᠭᠠᠯᠠᠵᠤ᠂ ᠤᠯᠠᠮᠵᠢᠯᠠᠨ ᠬᠥᠭ᠍ᠵᠢᠭᠦᠯᠵᠦ᠂ ᠲᠦᠭᠡᠭᠡᠨ ᠳᠡᠯᠭᠡᠷᠡᠭᠦᠯᠵᠦ᠂ ᠢᠷᠡᠭᠡᠳᠦᠢ ᠬᠣᠢᠢᠴᠢ ᠦᠶ᠎ᠡ ᠳᠥ ᠪᠡᠨ ᠥᠪᠯᠡᠭᠦᠯᠦᠨ ᠦᠯᠡᠳᠡᠭᠡᠬᠦ ᠨᠢ ᠶᠡᠬᠡ ᠮᠣᠩ᠋ᠭᠣᠯ ᠤᠯᠤᠰ ᠤᠨ ᠭᠠᠯ ᠭᠣᠯᠤᠮᠲᠠ ᠢᠢ ᠰᠠᠬᠢᠨ ᠰᠠᠭᠤᠭ᠎ᠠ ᠪᠢᠳᠡᠨ ᠦ ᠡᠷᠬᠢᠮ ᠡᠭᠦᠷᠭᠡ ᠪᠢᠯᠡ᠃
ᠲᠡᠢᠢᠮᠦ ᠡᠴᠡ ᠮᠣᠩ᠋ᠭᠣᠯ ᠤᠯᠤᠰ ᠤᠨ ᠶᠡᠷᠦᠩᠬᠡᠢᠢᠯᠡᠭᠴᠢ ᠡᠵᠡᠨ ᠪᠣᠭᠳᠠ ᠴᠢᠩᠬᠢᠰ ᠬᠠᠭᠠᠨ ᠤ ᠡᠰᠢ ᠬᠥᠷᠦᠭ ᠢ ᠬᠦᠨᠳᠦᠳᠬᠡᠨ ᠵᠠᠯᠠᠬᠤ᠂ ᠡᠷᠲᠡᠨ ᠦ ᠨᠡᠢᠢᠰᠯᠡᠯ ᠬᠠᠷᠠᠬᠣᠷᠤᠮ ᠬᠣᠲᠠ ᠪᠠᠨ ᠰᠡᠷᠭᠦᠭᠡᠨ ᠪᠠᠢᠢᠭᠤᠯᠬᠤ᠂ ᠮᠣᠩ᠋ᠭᠣᠯ ᠦᠨᠳᠦᠰᠦᠲᠡᠨ ᠦ ᠪᠠᠬᠠᠷᠬᠠᠯ ᠮᠣᠷᠢᠨ ᠬᠤᠭᠤᠷ ᠢ ᠡᠷᠬᠢᠮᠯᠡᠨ ᠳᠡᠭᠡᠳᠦᠯᠡᠵᠦ᠂ ᠲᠦᠭᠡᠭᠡᠨ ᠳᠡᠯᠭᠡᠷᠡᠭᠦᠯᠬᠦ᠂ ᠮᠣᠩ᠋ᠭᠣᠯ ᠤᠨ ᠲᠡᠦᠬᠡ ᠢᠢᠨ ᠢᠵᠢ ᠪᠦᠷᠢᠨ ᠓᠐ ᠪᠣᠲᠢ ᠨᠣᠮ ᠢ ᠰᠢᠨ᠎ᠡ ᠪᠡᠷ ᠪᠦᠲᠦᠭᠡᠬᠦ ᠵᠠᠷᠯᠢᠭ ᠭᠠᠷᠭᠠᠨ ᠬᠡᠷᠡᠭᠵᠢᠭᠦᠯᠵᠦ ᠪᠠᠢᠢᠨ᠎ᠠ᠃
ᠮᠥᠨ ᠶᠡᠬᠡ ᠬᠠᠭᠠᠨ ᠤ ᠪᠠᠨ ᠮᠦᠽᠧᠢ ᠢᠢ ᠪᠠᠢᠢᠭᠤᠯᠵᠤ᠂ ᠡᠵᠡᠨ ᠪᠣᠭᠳᠠ ᠴᠢᠩᠬᠢᠰ ᠬᠠᠭᠠᠨ ᠤ ᠠᠯᠲᠠᠨ ᠰᠢᠲᠦᠭᠡᠨ᠂ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢ ᠪᠦᠲᠦᠭᠡᠨ᠂ ᠶᠣᠰᠤᠯᠠᠯ ᠲᠡᠭᠦᠯᠳᠡᠷ ᠬᠦᠨᠳᠦᠳᠬᠡᠨ ᠵᠠᠯᠠᠯ᠎ᠠ᠃
ᠮᠣᠩ᠋ᠭᠣᠯ ᠲᠦᠮᠡᠨ ᠦ ᠪᠠᠬᠠᠷᠬᠠᠯ ᠪᠣᠯᠤᠭᠰᠠᠨ ᠮᠣᠩ᠋ᠭᠤᠯ ᠮᠣᠷᠢ ᠪᠠᠨ ᠠᠯᠳᠠᠷᠰᠢᠭᠤᠯᠬᠤ ᠵᠣᠷᠢᠯᠭ᠎ᠠ ᠪᠠᠷ ᠲᠥᠷᠦ ᠢᠢᠨ ᠲᠡᠷᠢᠭᠦᠨ «ᠳᠡᠯᠡᠬᠡᠢ ᠢᠢᠨ ᠠᠳᠤᠭᠤᠨ ᠤ ᠡᠳᠦᠷ» ᠲᠡᠶ ᠪᠣᠯᠬᠤ ᠰᠠᠨᠠᠭᠠᠴᠢᠯᠠᠭ᠎ᠠ ᠭᠠᠷᠭᠠᠭᠰᠠᠨ ᠢ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠢ ᠠᠰᠰᠠᠮᠪᠯᠧᠢ ᠪᠠᠲᠤᠯᠠᠭᠰᠠᠨ ᠢᠶᠠᠷ ᠳᠡᠯᠡᠬᠡᠢ ᠢᠢᠨ ᠤᠯᠤᠰ ᠣᠷᠤᠨ ᠨᠤᠭᠤᠳ ᠦᠨᠳᠦᠰᠦᠨ ᠦ ᠶᠡᠬᠡ ᠪᠠᠶᠠᠷ ᠨᠠᠭᠠᠳᠤᠮ ᠤᠨ ᠡᠳᠦᠷ «ᠳᠡᠯᠡᠬᠡᠢ ᠢᠢᠨ ᠠᠳᠤᠭᠤᠨ ᠤ ᠡᠳᠦᠷ» ᠢ ᠲᠡᠮᠳᠡᠭᠯᠡᠳᠡᠭ ᠰᠠᠢᠢᠬᠠᠨ ᠤᠯᠠᠮᠵᠢᠯᠠᠯ ᠲᠣᠭᠲᠠᠵᠤ ᠪᠠᠢᠢᠨ᠎ᠠ᠃
ᠲᠡᠭᠡᠪᠡᠯ ᠮᠣᠩ᠋ᠭᠣᠯ ᠤᠯᠤᠰ ᠲᠤ ᠲᠡᠵᠢᠭᠡᠬᠦᠢ ᠤᠬᠠᠭᠠᠨ ᠤ ᠳᠢᠭ᠌ ᠰᠤᠷᠭᠠᠭᠤᠯᠢ ᠪᠠᠢᠢᠭᠤᠯᠤᠭᠳᠠᠵᠤ᠂ ᠤᠯᠠᠮᠵᠢᠯᠠᠯᠲᠤ ᠠᠨᠠᠭᠠᠬᠤ ᠤᠬᠠᠭᠠᠨ ᠤ ᠲᠤᠰᠠᠯᠠᠮᠵᠢ᠂ ᠦᠢᠯᠡᠴᠢᠯᠡᠭᠡᠨ ᠦ ᠲᠣᠭᠲᠠᠯᠴᠠᠭ᠎ᠠ ᠡᠭᠦᠰᠴᠦ ᠬᠥᠭ᠍ᠵᠢᠭᠰᠡᠨ ᠦ ᠲᠡᠦᠬᠡᠲᠦ ᠓᠔᠕ ᠵᠢᠯ ᠦᠨ ᠣᠢ ᠢᠢ ᠲᠣᠬᠢᠶᠠᠯᠳᠤᠭᠤᠯᠤᠨ ᠮᠣᠩ᠋ᠭᠣᠯ ᠤᠨ ᠤᠯᠠᠮᠵᠢᠯᠠᠯᠲᠤ ᠠᠨᠠᠭᠠᠬᠤ ᠤᠬᠠᠭᠠᠨ ᠢ ᠬᠥᠭ᠍ᠵᠢᠭᠦᠯᠬᠦ ᠲᠤᠬᠠᠢ ᠵᠠᠷᠯᠢᠭ ᠢ ᠥᠨᠦᠳᠦᠷ ᠭᠠᠷᠭᠠᠯ᠎ᠠ᠃
ᠡᠨᠡ ᠵᠠᠷᠯᠢᠭ ᠢᠶᠠᠷ ᠤᠯᠠᠮᠵᠢᠯᠠᠯᠲᠤ ᠠᠨᠠᠭᠠᠬᠤ ᠢᠢᠨ ᠰᠠᠯᠪᠤᠷᠢ ᠢᠢᠨ ᠡᠷᠬᠡ ᠵᠦᠢ ᠢᠢᠨ ᠣᠷᠴᠢᠨ ᠢ ᠰᠠᠢᠢᠵᠢᠷᠠᠭᠤᠯᠬᠤ᠂ ᠳᠡᠪᠰᠢᠯᠲᠡᠲᠦ ᠲᠧᠭᠨᠣᠯᠤᠭᠢ᠂ ᠬᠢᠮᠡᠯ ᠣᠶᠤᠨ ᠳᠤ ᠰᠠᠭᠤᠷᠢᠯᠠᠭᠰᠠᠨ ᠬᠥᠭ᠍ᠵᠢᠭᠦᠯᠦᠯᠲᠡ ᠢᠢ ᠳᠡᠮᠵᠢᠬᠦ᠂ ᠬᠦᠮᠦᠨ ᠦ ᠨᠥᠭᠡᠴᠡ ᠢᠢᠨ ᠨᠢᠭᠡᠳᠦᠭᠰᠡᠨ ᠪᠣᠳᠤᠯᠭ᠎ᠠ ᠬᠡᠷᠡᠭᠵᠢᠭᠦᠯᠬᠦ᠂ ᠤᠯᠠᠮᠵᠢᠯᠠᠯᠲᠤ ᠡᠮ ᠦᠢᠯᠡᠳᠪᠦᠷᠢᠯᠡᠯ ᠦᠨ ᠴᠢᠨᠠᠷ᠂ ᠠᠶᠤᠯ ᠦᠭᠡᠢ ᠪᠠᠢᠢᠳᠠᠯ ᠢ ᠬᠠᠩ᠋ᠭᠠᠬᠤ ᠵᠡᠷᠭᠡ ᠪᠣᠳᠤᠯᠭ᠎ᠠ᠂ ᠦᠢᠯᠡ ᠠᠵᠢᠯᠯᠠᠭ᠎ᠠ ᠬᠡᠷᠡᠭᠵᠢᠭᠦᠯᠬᠦ ᠢᠢ ᠮᠣᠩ᠋ᠭᠣᠯ ᠤᠯᠤᠰ ᠤᠨ ᠵᠠᠰᠠᠭ ᠤᠨ ᠭᠠᠵᠠᠷ ᠲᠤ ᠴᠢᠭᠯᠡᠯ ᠪᠣᠯᠭᠠᠵᠤ ᠪᠠᠢᠢᠨ᠎ᠠ᠃
ᠴᠢᠨᠠᠭᠰᠢᠳᠠ ᠮᠡᠷᠭᠡᠰᠢᠭᠰᠡᠨ᠂ ᠴᠢᠳᠠᠪᠤᠷᠢᠯᠢᠭ᠋ ᠵᠠᠯᠭᠠᠮᠵᠢ ᠦᠶ᠎ᠡ ᠢᠢ ᠪᠡᠯᠡᠳᠬᠡᠬᠦ ᠨᠢ ᠴᠢᠬᠤᠯᠠ ᠪᠥᠭᠡᠳ ᠠᠪᠢᠶᠠᠰ ᠪᠢᠯᠢᠭ᠌᠂ ᠶᠣᠰᠤ ᠰᠤᠷᠲᠠᠬᠤᠨ᠂ ᠬᠦᠮᠦᠨᠯᠢᠭ ᠡᠨᠡᠷᠢᠩ᠋ᠭᠦᠢ ᠦᠵᠡᠯ ᠳᠥ ᠰᠠᠭᠤᠷᠢᠯᠠᠭᠰᠠᠨ ᠤᠯᠠᠮᠵᠢᠯᠠᠯᠲᠤ ᠱᠠᠪᠢ ᠰᠤᠷᠭᠠᠯᠲᠠ ᠢᠢ ᠰᠡᠷᠭᠦᠭᠡᠨ ᠬᠥᠭ᠍ᠵᠢᠭᠦᠯᠬᠦ ᠳᠥ ᠠᠩᠬᠠᠷᠬᠤ ᠨᠢ ᠵᠦᠢ ᠲᠡᠶ᠃
ᠤᠯᠠᠮᠵᠢᠯᠠᠯᠲᠤ ᠠᠨᠠᠭᠠᠬᠤ ᠤᠬᠠᠭᠠᠨ ᠤ ᠰᠠᠯᠪᠤᠷᠢ ᠢᠢ ᠬᠥᠭ᠍ᠵᠢᠭᠦᠯᠬᠦ ᠳᠥ ᠰᠠᠯᠪᠤᠷᠢ ᠢᠢᠨ ᠡᠷᠳᠡᠮᠲᠡᠨ ᠰᠤᠳᠤᠯᠤᠭᠠᠴᠢ᠂ ᠡᠮᠴᠢ᠂ ᠮᠡᠷᠭᠡᠵᠢᠯᠲᠡᠨ ᠨᠤᠭᠦᠳ ᠲᠠ ᠪᠦᠬᠦᠨ ᠦ ᠬᠢᠴᠢᠶᠡᠯ ᠵᠢᠳᠬᠦᠯ᠂ ᠬᠠᠮᠲᠤ ᠢᠢᠨ ᠠᠵᠢᠯᠯᠠᠭ᠎ᠠ᠂ ᠨᠢᠭᠡᠳᠦᠭᠰᠡᠨ ᠵᠣᠬᠢᠶᠠᠨ ᠪᠠᠢᠢᠭᠤᠯᠤᠯᠲᠠ᠂ ᠨᠢᠭᠡᠳᠦᠮᠡᠯ ᠪᠣᠳᠤᠯᠭ᠎ᠠ᠂ ᠦᠢᠯᠡ ᠠᠵᠢᠯᠯᠠᠭ᠎ᠠ ᠨᠡᠩ ᠴᠢᠬᠤᠯᠠ ᠭᠡᠳᠡᠭ ᠢ ᠣᠨᠴᠠᠯᠠᠨ ᠲᠡᠮᠳᠡᠭᠯᠡᠵᠦ ᠪᠠᠢᠢᠨ᠎ᠠ᠃
ᠮᠣᠩ᠋ᠭᠣᠯ ᠤᠨ ᠤᠯᠠᠮᠵᠢᠯᠠᠯᠲᠤ ᠠᠨᠠᠭᠠᠬᠤ ᠤᠬᠠᠭᠠᠨ ᠤ ᠣᠨᠤᠯ᠂ ᠮᠡᠳᠡᠯᠭᠡ᠂ ᠥᠪ ᠰᠣᠶᠤᠯ ᠢ ᠰᠤᠳᠤᠯᠤᠨ ᠰᠢᠨᠵᠢᠯᠡᠬᠦ᠂ ᠭᠦᠨᠵᠡᠭᠡᠢᠢᠷᠡᠭᠦᠯᠦᠨ ᠬᠥᠭ᠍ᠵᠢᠭᠦᠯᠬᠦ᠂ ᠲᠦᠭᠡᠭᠡᠨ ᠳᠡᠯᠭᠡᠷᠡᠭᠦᠯᠬᠦ ᠦᠢᠯᠡ ᠬᠡᠷᠡᠭ ᠢ ᠲᠥᠷᠦ ᠢᠢᠨ ᠲᠡᠷᠢᠭᠦᠨ ᠢᠮᠠᠭᠲᠠ ᠳᠡᠮᠵᠢᠬᠦ ᠪᠣᠯᠤᠨ᠎ᠠ᠃
ᠮᠣᠩ᠋ᠭᠣᠯ ᠤᠨ ᠤᠯᠠᠮᠵᠢᠯᠠᠯᠲᠤ ᠠᠨᠠᠭᠠᠬᠤ ᠤᠬᠠᠭᠠᠨ ᠦᠶ᠎ᠡ ᠢᠢᠨ ᠦᠶ᠎ᠡ ᠳᠥ ᠥᠷᠭᠡᠵᠢᠨ ᠬᠥᠭ᠍ᠵᠢᠵᠦ᠂ ᠳᠠᠶᠠᠩ ᠳᠡᠯᠡᠬᠡᠢ ᠳᠥ ᠲᠦᠭᠡᠨ ᠳᠡᠯᠭᠡᠷᠡᠬᠦ ᠢᠢᠨ ᠥᠯᠵᠡᠢ ᠲᠡᠶ ᠰᠠᠢᠢᠬᠠᠨ ᠢᠷᠦᠭᠡᠯ ᠢ ᠡᠷᠭᠦᠨ ᠳᠡᠪᠰᠢᠭᠦᠯᠦᠶ ᠡ᠃
ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠶ᠃»





