ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠰᠠᠨᠠᠭᠠᠴᠢᠯᠠᠭᠰᠠᠨ «ᠶᠡᠷᠦᠩᠬᠡᠢᠢᠯᠡᠭᠴᠢ ᠢᠢᠨ ᠢᠯᠡᠭᠡᠯᠲᠡ-᠒᠑᠐᠐» ᠲᠡᠳᠬᠦᠯᠭᠡᠳᠥ ᠬᠥᠲᠦᠯᠪᠦᠷᠢ ᠲᠠᠪᠤ ᠳ᠋ᠠᠬᠢ ᠵᠢᠯ ᠳᠥ ᠪᠡᠨ ᠬᠡᠷᠡᠭᠵᠢᠵᠦ ᠪᠠᠢᠢᠨ᠎ᠠ᠃
ᠲᠡᠳᠬᠦᠯᠭᠡᠲᠦ ᠬᠥᠲᠦᠯᠪᠦᠷᠢ ᠢᠢᠨ ᠡᠵᠡᠳ ᠪᠣᠯᠵᠤ᠂ ᠡᠬᠡ ᠣᠷᠤᠨ ᠳᠤ ᠪᠠᠨ ᠪᠡᠯᠡᠳᠬᠡᠯ ᠬᠥᠲᠦᠯᠪᠦᠷᠢ ᠳᠥ ᠰᠤᠷᠤᠯᠴᠠᠵᠤ ᠪᠠᠢᠢᠭ᠎ᠠ ᠣᠶᠤᠲᠠᠨ ᠨᠤᠭᠤᠳ ᠲᠤ ᠶᠡᠷᠦᠩᠬᠡᠢᠢᠯᠡᠭᠴᠢ ᠤ·ᠬᠦᠷᠡᠯᠰᠦ᠋ᠬᠡ ᠰᠤᠷᠤᠯᠭ᠎ᠠ ᠢᠢᠨ ᠥᠨᠳᠦᠷ ᠠᠮᠵᠢᠯᠲᠠ ᠬᠦᠰᠡᠵᠦ᠂ ᠵᠠᠬᠢᠶ᠎ᠠ᠂ ᠳᠠᠭᠠᠭᠠᠯᠭᠠᠪᠤᠷᠢ ᠭᠠᠷᠳᠠᠭᠤᠯᠤᠯ᠎ᠠ᠃
ᠲᠡᠷᠡ ᠪᠡᠷ ᠣᠯᠠᠳᠠᠭᠰᠠᠨ ᠪᠣᠯᠤᠮᠵᠢ ᠪᠠᠨ ᠪᠦᠷᠢᠨ ᠳᠦᠭᠦᠷᠡᠩ ᠠᠰᠢᠭᠯᠠᠨ᠂ ᠠᠵᠢᠯ᠂ ᠠᠮᠢᠳᠤᠷᠠᠯ ᠤᠨ ᠭᠠᠷᠤᠭ᠎ᠠ ᠪᠠᠨ ᠢᠲᠡᠭᠡᠯ ᠲᠡᠭᠦᠰ ᠡᠬᠢᠯᠡᠭᠦᠯᠬᠦ ᠨᠢ ᠭᠠᠭᠴᠠ ᠬᠦ ᠣᠶᠤᠲᠠᠨ ᠵᠠᠯᠠᠭᠤᠰ ᠤᠨ ᠬᠢᠴᠢᠶᠡᠯ ᠵᠢᠳᠬᠦᠯ᠂ ᠰᠤᠷᠤᠯᠭ᠎ᠠ ᠬᠥᠳᠡᠯᠮᠦᠷᠢ ᠡᠴᠡ ᠬᠠᠮᠢᠶᠠᠷᠤᠨ᠎ᠠ ᠭᠡᠳᠡᠭ ᠢ ᠬᠡᠯᠡᠯ᠎ᠡ᠃
ᠣᠯᠠᠨ ᠤᠯᠤᠰ ᠤᠨ ᠲᠥᠪᠰᠢᠨ ᠳᠥ ᠥᠷᠢᠰᠦᠯᠳᠦᠬᠦ ᠪᠣᠯᠪᠠᠰᠤᠷᠠᠯ ᠡᠵᠡᠮᠰᠢᠵᠦ᠂ ᠣᠶᠤᠨ ᠤ ᠭᠠᠨᠵᠤᠭ᠎ᠠ ᠳᠦᠭᠦᠷᠡᠩ ᠡᠷᠭᠢᠵᠦ ᠢᠷᠡᠬᠦ ᠣᠶᠤᠲᠠᠨ ᠨᠤᠭᠤᠳ ᠡᠬᠡ ᠣᠷᠤᠨ ᠤ ᠪᠠᠨ ᠬᠥᠭ᠍ᠵᠢᠯ ᠳᠡᠪᠰᠢᠯ᠂ ᠰᠠᠢᠢᠨ ᠰᠠᠢᠢᠬᠠᠨ ᠤ ᠲᠥᠯᠦᠭᠡ ᠬᠦᠴᠦᠨ ᠵᠢᠳᠬᠦᠬᠦ ᠦᠨᠳᠦᠰᠦᠨ ᠦ ᠮᠠᠩᠯᠠᠢᠢᠯᠠᠭᠴᠢ ᠨᠠᠷ ᠭᠡᠳᠡᠭ ᠢ ᠲᠣᠳᠤᠳᠬᠠᠯᠠ᠃

«ᠶᠡᠷᠦᠩᠬᠡᠢᠢᠯᠡᠭᠴᠢ ᠢᠢᠨ ᠢᠯᠡᠭᠡᠯᠲᠡ – ᠒᠑᠐᠐» ᠬᠥᠲᠦᠯᠪᠦᠷᠢ ᠢᠢᠨ ᠬᠦᠷᠢᠶᠡᠨ ᠳᠥ ᠑᠂᠐᠕᠒ ᠣᠶᠤᠲᠠᠨ ᠠᠮᠧᠷᠢᠻᠠ ᠢᠢᠨ ᠨᠢᠭᠡᠳᠦᠭᠰᠡᠨ ᠤᠯᠤᠰ᠂ ᠶᠡᠬᠡ ᠪᠷᠢᠲ᠋ᠠᠨᠢ᠂ ᠭᠧᠷᠮᠠᠨ᠂ ᠹᠷᠠᠨ᠋ᠼᠠ᠂ ᠠᠦ᠋ᠰᠲ᠋ᠷᠢᠶ᠎ᠠ᠂ ᠴᠧᠬᠣ᠋᠂ ᠻᠠᠨᠠᠳᠠ᠂ ᠫᠣᠯᠠᠨ᠋ᠳ᠋᠂ ᠠᠦ᠋ᠰᠲ᠋ᠷᠠᠯᠢᠶ᠎ᠠ᠂ ᠣᠷᠤᠰ᠂ ᠬᠢᠲᠠᠳ᠂ ᠶᠠᠫᠣᠨ᠂ ᠰᠣᠯᠤᠩᠭ᠋ᠤᠰ᠂ ᠾᠦᠩᠭ᠋ᠠᠷᠢ᠂ ᠯᠢᠲ᠋ᠸᠠᠨᠢᠢᠠ᠂ ᠲᠦᠷᠻ᠂ ᠡᠨᠡᠳᠬᠡᠭ᠌᠂ ᠸᠢᠶᠧᠲ᠋ᠨᠠᠮ᠂ ᠯᠠᠣᠰ᠂ ᠻᠦᠪᠠ᠂ ᠻᠠᠽᠠᠻᠰᠲ᠋ᠠᠨ ᠭᠡᠰᠡᠨ ᠒᠑ ᠤᠯᠤᠰ ᠤᠨ ᠶᠡᠬᠡ᠂ ᠳᠡᠭᠡᠳᠦ ᠰᠤᠷᠭᠠᠭᠤᠯᠢ ᠳᠤ ᠰᠤᠷᠤᠯᠴᠠᠵᠤ ᠪᠠᠢᠢᠨ᠎ᠠ᠃

ᠲᠡᠳᠬᠦᠯᠭᠡᠲᠦ ᠬᠥᠲᠦᠯᠪᠦᠷᠢ ᠨᠢ ᠰᠤᠮᠤ᠂ ᠬᠣᠷᠢᠶ᠎ᠠ ᠪᠦᠷᠢ ᠡᠴᠡ ᠰᠢᠯᠢᠳᠡᠭ ᠰᠤᠷᠤᠭᠴᠢ ᠰᠢᠯᠭᠠᠷᠠᠭᠤᠯᠵᠤ᠂ ᠪᠡᠯᠡᠳᠬᠡᠯ ᠬᠥᠲᠦᠯᠪᠦᠷᠢ ᠳᠥ ᠬᠠᠮᠤᠷᠤᠭᠤᠯᠤᠨ᠂ ᠳᠡᠯᠡᠬᠡᠢ ᠢᠢᠨ ᠰᠢᠯᠢᠳᠡᠭ ᠶᠡᠬᠡ᠂ ᠳᠡᠭᠡᠳᠦ ᠰᠤᠷᠭᠠᠭᠤᠯᠢ ᠳᠤ ᠰᠤᠷᠬᠤ ᠪᠣᠯᠵᠤᠯ ᠬᠠᠩ᠋ᠭᠠᠬᠤ ᠳᠤ ᠨᠢ ᠪᠡᠯᠡᠳᠬᠡᠵᠦ᠂ ᠤᠯᠠᠮ ᠢᠶᠠᠷ ᠰᠤᠷᠤᠯᠴᠠᠭᠤᠯᠵᠤ᠂ ᠲᠡᠭᠦᠰᠴᠦ ᠢᠷᠡᠬᠦ ᠳᠥ ᠨᠢ ᠣᠷᠤᠨ ᠨᠤᠲᠤᠭ ᠤᠨ ᠢᠶᠠᠨ ᠬᠥᠭ᠍ᠵᠢᠯ ᠢ ᠲᠦᠭᠦᠴᠢᠭᠡᠯᠡᠬᠦ ᠳᠥ ᠲᠣᠮᠢᠯᠠᠨ ᠠᠵᠢᠯᠯᠠᠭᠤᠯᠬᠤ ᠵᠣᠷᠢᠯᠭ᠎ᠠ ᠲᠠᠶ ᠴᠣᠭᠴᠠ ᠬᠥᠲᠦᠯᠪᠦᠷᠢ ᠶᠤᠮ᠃













