Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠡᠵᠡᠨ ᠪᠣᠭᠳᠠ ᠴᠢᠩᠬᠢᠰ ᠬᠠᠭᠠᠨ ᠤ ᠰᠢᠲᠦᠭᠡᠨ ᠳᠥ ᠬᠦᠨᠳᠦᠳᠬᠡᠯ ᠦᠵᠡᠭᠦᠯᠦᠯ᠎ᠡ

XVII ᠵᠢᠷᠠᠨ ᠤ «ᠰᠦᠷ ᠢᠶᠡᠷ ᠳᠠᠷᠤᠭᠴᠢ» ᠬᠡᠮᠡᠬᠦ ᠭᠠᠯ ᠮᠣᠷᠢᠨ ᠵᠢᠯ ᠦᠨ ᠰᠢᠨ᠎ᠡ ᠢᠢᠨ ᠨᠢᠭᠡᠨ ᠦ ᠥᠷᠯᠦᠭᠡ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠤᠯᠤᠰ ᠤᠨ ᠶᠡᠬᠡ ᠬᠤᠷᠠᠯ ᠤᠨ ᠳᠠᠷᠤᠭ᠎ᠠ ᠨᠢᠮ᠎ᠠ-ᠣᠰᠣᠷ ᠤᠨ ᠤᠴᠠᠷᠠᠯ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠭᠣᠮᠪᠤᠵᠠᠪ ᠤᠨ ᠽᠠᠨᠳᠠᠨᠰᠢᠲᠠᠷ ᠠ ᠨᠠᠷ ᠡᠵᠡᠨ ᠪᠣᠭᠳᠠ ᠴᠢᠩᠬᠢᠰ ᠬᠠᠭᠠᠨ ᠤ ᠰᠢᠲᠦᠭᠡᠨ ᠳᠥ ᠬᠦᠨᠳᠦᠳᠬᠡᠯ ᠦᠵᠡᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠢᠢᠨ ᠰᠠᠨᠠᠭᠠᠴᠢᠯᠠᠭ᠎ᠠ ᠪᠠᠷ ᠡᠵᠡᠨ ᠪᠣᠭᠳᠠ ᠴᠢᠩᠬᠢᠰ ᠬᠠᠭᠠᠨ ᠤ ᠰᠢᠲᠦᠭᠡᠨ᠂ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢ ᠪᠦᠲᠦᠭᠡᠵᠦ᠂ XVII ᠵᠢᠷᠠᠨ ᠤ «ᠡᠯᠳᠡᠪ ᠡᠷᠳᠡᠨᠢᠲᠦ» ᠬᠡᠮᠡᠬᠦ ᠮᠣᠭᠠᠢ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠪᠡᠯᠭᠡᠲᠦ ᠰᠠᠢᠢᠨ ᠡᠳᠦᠷ «ᠴᠢᠩᠬᠢᠰ ᠬᠠᠭᠠᠨ» ᠦᠨᠳᠦᠰᠦᠨ ᠦ ᠮᠦᠽᠧᠢ ᠳᠥ ᠪᠠᠢᠢᠬᠤ ᠥᠷᠭᠦᠭᠡᠨ ᠳᠥ ᠨᠢ ᠵᠠᠯᠠᠭᠰᠠᠨ᠃

ᠰᠢᠲᠦᠭᠡᠨ ᠨᠢ ᠡᠵᠡᠨ ᠪᠣᠭᠳᠠ ᠴᠢᠩᠬᠢᠰ ᠬᠠᠭᠠᠨ ᠲᠥᠷᠦ ᠢᠢᠨ ᠠᠯᠲᠠᠨ ᠲᠠᠮᠠᠭ᠎ᠠ ᠪᠠᠨ ᠵᠠᠯᠠᠵᠤ᠂ ᠶᠡᠬᠡ ᠮᠣᠩ᠋ᠭᠣᠯ ᠤᠯᠤᠰ ᠢᠶᠠᠨ ᠪᠠᠢᠢᠭᠤᠯᠤᠭᠰᠠᠨ ᠢᠶᠠᠨ ᠲᠦᠮᠡᠨ ᠣᠯᠠᠨ ᠳᠤ ᠵᠠᠷᠯᠠᠨ ᠲᠤᠩᠬᠠᠭᠯᠠᠵᠤ ᠪᠠᠢᠢᠭ᠎ᠠ ᠪᠤᠶᠤ «…ᠰᠢᠨᠡᠬᠡᠨ ᠰᠡᠢᠢᠯᠦᠭᠰᠡᠨ ᠬᠠᠭᠠᠨ ᠤ ᠲᠠᠮᠠᠭ᠎ᠠ ᠢᠢ ᠬᠤᠷᠠᠯᠳᠤᠭᠰᠠᠳ ᠲᠤ ᠦᠵᠡᠭᠦᠯᠦᠨ ᠲᠠᠮᠠᠭ᠎ᠠ ᠳᠤ ᠰᠡᠢᠢᠯᠦᠭᠰᠡᠨ ᠵᠠᠷᠯᠢᠭ ᠢ ᠬᠤᠷᠠᠭᠰᠠᠨ ᠳᠤ ᠤᠩᠰᠢᠵᠤ ᠥᠭ᠍ᠭᠦᠨ ᠬᠠᠰ ᠲᠠᠮᠠᠭ᠎ᠠ ᠢᠢ ᠬᠠᠭᠠᠨ ᠳᠤ ᠡᠷᠭᠦᠪᠡ…» ᠭᠡᠰᠡᠨ ᠲᠡᠦᠬᠡᠨ ᠪᠠᠷᠢᠮᠲᠠᠲᠤ ᠭᠱᠠᠨ ᠢ ᠮᠥᠩᠬᠡᠵᠢᠭᠦᠯᠦᠭᠰᠡᠨ ᠪᠦᠲᠦᠭᠡᠯ ᠶᠤᠮ᠃

«ᠮᠥᠩᠬᠡ ᠲᠩᠷᠢ ᠢᠢᠨ ᠬᠦᠴᠦᠨ ᠳᠥ ᠶᠡᠬᠡ ᠮᠣᠩ᠋ᠭᠣᠯ ᠤᠯᠤᠰ ᠤᠨ ᠳᠠᠯᠠᠢ ᠬᠠᠨ ᠤ ᠵᠠᠷᠯᠢᠭ ᠢᠯᠡ ᠪᠤᠯᠬ ᠠ ᠢᠷᠭᠡᠨ ᠳᠥ ᠬᠦᠷᠪᠡᠰᠦ ᠪᠢᠰᠢᠷᠡᠲᠦᠭᠡᠶ᠂ ᠠᠶᠤᠲᠤᠭᠠᠶ» ᠪᠢᠴᠢᠪᠦᠷᠢ ᠪᠦᠬᠦᠢ ᠳᠠᠷᠤᠳᠠᠰᠤ᠂ ᠠᠷᠰᠯᠠᠨ ᠳᠦᠷᠰᠦᠲᠦ ᠪᠠᠷᠢᠭᠤᠯ ᠲᠠᠶ ᠲᠠᠮᠠᠭ᠎ᠠ ᠨᠢ ᠶᠡᠬᠡ ᠮᠣᠩ᠋ᠭᠣᠯ ᠤᠯᠤᠰ ᠤᠨ ᠲᠥᠷᠦ ᠢᠢᠨ ᠪᠡᠯᠭᠡᠳᠡᠯ᠃

ᠡᠨᠡ ᠨᠢ ᠡᠵᠡᠨ ᠪᠣᠭᠳᠠ ᠢᠢᠨ ᠦᠢᠯᠡ ᠬᠡᠷᠡᠭ᠂ ᠲᠡᠭᠦᠨ ᠦ ᠪᠠᠢᠢᠭᠤᠯᠤᠭᠰᠠᠨ ᠶᠡᠬᠡ ᠮᠣᠩ᠋ᠭᠣᠯ ᠤᠯᠤᠰ ᠮᠥᠩᠬᠡᠳᠡ ᠳᠠᠭᠤᠷᠢᠰᠤᠭᠳᠠᠨ ᠳᠡᠭᠡᠳᠦᠯᠡᠭᠳᠡᠬᠦ᠂ ᠡᠪᠦᠭᠡ ᠳᠡᠭᠡᠳᠦᠰ ᠡᠴᠡ ᠤᠯᠠᠮᠵᠢᠯᠠᠭᠳᠠᠨ ᠢᠷᠡᠭᠰᠡᠨ ᠲᠥᠷᠦ ᠤᠯᠤᠰ ᠡᠭᠦᠷᠢᠳᠡ ᠣᠷᠤᠰᠢᠬᠤ ᠢᠢ ᠪᠡᠯᠭᠡᠳᠡᠵᠡᠶ᠃ ᠬᠠᠭᠠᠨ ᠤ ᠪᠠᠷᠠᠭᠤᠨ ᠭᠠᠷ ᠲᠠᠯ᠎ᠠ ᠳᠤ ᠮᠣᠩ᠋ᠭᠤᠯ ᠲᠦᠮᠡᠨ ᠦ ᠡᠩᠬᠡ ᠠᠮᠤᠭᠤᠯᠠᠩ᠂ ᠲᠥᠪᠰᠢᠨ ᠲᠥᠷᠦ ᠢᠢᠨ ᠪᠡᠯᠭᠡᠳᠡᠯ ᠪᠣᠯᠬᠤ ᠶᠡᠬᠡ ᠴᠠᠭᠠᠨ ᠲᠤᠭ ᠢ ᠪᠠᠢᠢᠷᠢᠯᠠᠭᠤᠯᠤᠭᠰᠠᠨ ᠶᠤᠮ᠃

ᠡᠨᠡ ᠵᠢᠯ ᠡᠴᠡ ᠡᠬᠢᠯᠡᠨ ᠲᠥᠷᠦ ᠢᠢᠨ ᠭᠤᠷᠪᠠᠨ ᠥᠨᠳᠦᠷᠯᠢᠭ ᠵᠢᠯ ᠪᠦᠷᠢ ᠢᠢᠨ ᠴᠠᠭᠠᠨ ᠰᠠᠷ᠎ᠠ ᠢᠢᠨ ᠰᠢᠨ᠎ᠡ ᠢᠢᠨ ᠨᠢᠭᠡᠨ ᠳᠥ ᠡᠵᠡᠨ ᠪᠣᠭᠳᠠ ᠴᠢᠩᠬᠢᠰ ᠬᠠᠭᠠᠨ ᠤ ᠰᠢᠲᠦᠭᠡᠨ ᠳᠥ ᠬᠦᠨᠳᠦᠳᠬᠡᠯ ᠦᠵᠡᠭᠦᠯᠳᠡᠭ ᠤᠯᠠᠮᠵᠢᠯᠠᠯ ᠡᠢᠢᠨ ᠬᠦ ᠲᠣᠭᠲᠠᠵᠤ ᠪᠠᠢᠢᠨ᠎ᠠ᠃

XVII ᠵᠢᠷᠠᠨ ᠤ «ᠰᠦᠷ ᠢᠶᠡᠷ ᠳᠠᠷᠤᠭᠴᠢ» ᠬᠡᠮᠡᠬᠦ ᠭᠠᠯ ᠮᠣᠷᠢᠨ ᠵᠢᠯ ᠦᠨ ᠰᠢᠨ᠎ᠡ ᠢᠢᠨ ᠨᠢᠭᠡᠨ ᠦ ᠥᠷᠯᠦᠭᠡ ᠵᠠᠩᠵᠤᠨ ᠳᠠ᠊·ᠰᠦᠬᠡᠪᠠᠭᠠᠲᠤᠷ ᠤᠨ ᠲᠠᠯᠠᠪᠠᠢ ᠳᠤ ᠮᠣᠩ᠋ᠭᠣᠯ ᠤᠯᠤᠰ ᠤᠨ ᠲᠥᠷᠦ ᠢᠢᠨ ᠳᠠᠯᠪᠠᠭ᠎ᠠ ᠢᠢ ᠮᠠᠨᠳᠤᠭᠤᠯᠤᠯ᠎ᠠ᠃ ᠡᠨᠡ ᠦᠶ᠎ᠡ ᠪᠡᠷ ᠦᠯᠢᠭᠡᠷ ᠵᠢᠱᠢᠶ᠎ᠡ ᠦᠯᠢᠶᠡᠪᠦᠷᠢ ᠬᠥᠭ᠍ᠵᠢᠮ ᠳᠥ ᠲᠥᠷᠦ ᠢᠢᠨ ᠳᠠᠭᠤᠯᠠᠯ ᠡᠭᠡᠰᠢᠭᠯᠡᠯ᠎ᠡ᠃