ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠻᠣᠮᠠᠨ᠋ᠳ᠋᠋ᠯᠠᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠻᠢᠫᠷ ᠤᠯᠤᠰ ᠳ᠋ᠠᠬᠢ ᠨᠢ᠊ ᠦ᠊ ᠪᠠᠢᠢᠭᠤᠯᠤᠯᠭ᠎ᠠ ᠢᠢᠨ ᠡᠩᠬᠡ ᠢᠢ ᠰᠠᠬᠢᠭᠤᠯᠬᠤ ᠠᠵᠢᠯᠯᠠᠭᠠᠨ ᠤ ᠴᠡᠷᠢᠭ ᠦᠨ ᠬᠦᠴᠦᠨ ᠦ ᠻᠣᠮᠠᠨ᠋ᠳ᠋᠋ᠯᠠᠭᠴᠢ ᠪᠠᠷ ᠠᠵᠢᠯᠯᠠᠭᠰᠠᠨ ᠬᠣᠰᠢᠭᠤᠴᠢ ᠭᠧᠨᠧᠷᠠᠯ ᠪᠠᠳᠤᠰᠠᠭᠤᠷᠢ ᠢᠢᠨ ᠡᠷᠳᠡᠨᠢᠪᠠᠲᠤ ᠢᠢ ᠬᠦᠯᠢᠶᠡᠨ ᠠᠪᠴᠤ ᠠᠭᠤᠯᠵᠠᠯ᠎ᠠ᠃
ᠶᠡᠷᠦᠩᠬᠡᠢᠢᠯᠡᠭᠴᠢ ᠤ·ᠬᠦᠷᠡᠯᠰᠦ᠋ᠬᠡ ᠨᠢ᠊ ᠦ᠊ ᠪᠠᠢᠢᠭᠤᠯᠤᠯᠭ᠎ᠠ ᠢᠢᠨ «UNFICYP» ᠡᠩᠬᠡ ᠢᠢ ᠰᠠᠬᠢᠭᠤᠯᠬᠤ ᠠᠵᠢᠯᠯᠠᠭᠠᠨ ᠤ ᠴᠡᠷᠢᠭ ᠦᠨ ᠬᠦᠴᠦᠨ ᠦ ᠻᠣᠮᠠᠨ᠋ᠳ᠋᠋ᠯᠠᠭᠴᠢ ᠪᠠᠷ ᠲᠣᠮᠢᠯᠠᠭᠳᠠᠵᠤ᠂ ᠳᠡᠯᠡᠬᠡᠢ ᠢᠢᠨ ᠑᠘ ᠣᠷᠤᠨ ᠤ ᠴᠡᠩᠬᠡᠷ ᠳᠤᠭᠤᠯᠠᠭᠠᠲᠠᠨ ᠨᠤᠭᠤᠳ ᠢ ᠬᠣᠶᠠᠷ ᠵᠢᠯ ᠤᠳᠤᠷᠢᠳᠤᠭᠰᠠᠨ ᠪᠠ᠊·ᠡᠷᠳᠡᠨᠢᠪᠠᠲᠤ ᠳᠤ ᠲᠥᠷᠦ᠂ ᠠᠷᠠᠳ ᠲᠦᠮᠡᠨ ᠦ ᠪᠡᠨ ᠨᠡᠷ᠎ᠡ ᠢᠢᠨ ᠡᠮᠦᠨ᠎ᠡ ᠡᠴᠡ ᠲᠠᠯᠠᠷᠬᠠᠯ ᠢᠯᠡᠷᠬᠡᠢᠢᠯᠡᠯ᠎ᠡ᠃
᠒᠐ ᠭᠠᠷᠤᠢ ᠮᠢᠩ᠋ᠭᠠᠨ ᠮᠣᠩ᠋ᠭᠤᠯ ᠴᠡᠷᠢᠭ ᠳᠡᠯᠡᠬᠡᠢ ᠢᠢᠨ ᠬᠠᠯᠠᠭᠤᠨ ᠴᠡᠭ ᠦᠳ ᠲᠥ ᠳᠠᠶᠠᠩ ᠳᠡᠯᠡᠬᠡᠢ ᠢᠢᠨ ᠡᠩᠬᠡ ᠠᠮᠤᠭᠤᠯᠠᠩ᠂ ᠠᠶᠤᠯ ᠦᠭᠡᠢ ᠪᠠᠢᠢᠳᠠᠯ ᠤᠨ ᠲᠥᠯᠦᠭᠡ ᠡᠷ᠎ᠡ ᠵᠣᠷᠢᠭ᠂ ᠲᠡᠰᠪᠦᠷᠢ ᠬᠠᠲᠠᠭᠤᠵᠢᠯ᠂ ᠠᠪᠬᠠᠯᠵᠢ ᠰᠠᠮᠪᠠᠭ᠎ᠠ᠂ ᠤᠷ᠎ᠠ ᠴᠢᠳᠠᠪᠤᠷᠢ ᠪᠠᠨ ᠳᠠᠢᠢᠴᠢᠯᠠᠨ᠂ ᠬᠦᠯᠢᠶᠡᠭᠰᠡᠨ ᠡᠭᠦᠷᠭᠡ ᠪᠡᠨ ᠨᠡᠷ᠎ᠡ ᠲᠥᠷᠦ ᠲᠡᠶ ᠪᠡᠶᠡᠯᠡᠭᠦᠯᠵᠦ᠂ ᠤᠯᠤᠰ ᠣᠷᠤᠨ ᠤ ᠪᠠᠨ ᠨᠡᠷ᠎ᠡ ᠬᠦᠨᠳᠦ ᠢᠢ ᠣᠯᠠᠨ ᠤᠯᠤᠰ ᠲᠤ ᠪᠡᠬᠢᠵᠢᠭᠦᠯᠬᠦ ᠳᠥ ᠦᠨ᠎ᠡ ᠲᠡᠶ ᠬᠤᠪᠢ ᠨᠡᠮᠡᠷᠢ ᠣᠷᠤᠭᠤᠯᠵᠤ ᠪᠠᠢᠢᠭ᠎ᠠ ᠢᠢ ᠲᠡᠮᠳᠡᠭᠯᠡᠯ᠎ᠡ᠃
ᠮᠠᠨ ᠤ ᠤᠯᠤᠰ ᠤᠨ ᠡᠩᠬᠡ ᠢᠢ ᠰᠠᠬᠢᠭᠤᠯᠬᠤ ᠠᠵᠢᠯᠯᠠᠭᠠᠨ ᠤ ᠒᠐ ᠭᠠᠷᠤᠢ ᠵᠢᠯ ᠦᠨ ᠲᠡᠦᠬᠡᠨ ᠳᠥ ᠠᠩᠬ᠎ᠠ ᠤᠳᠠᠭ᠎ᠠ ᠮᠣᠩ᠋ᠭᠤᠯ ᠭᠧᠨᠧᠷᠠᠯ ᠨᠢ᠊ ᠦ᠊ ᠪᠠᠢᠢᠭᠤᠯᠤᠯᠭ᠎ᠠ ᠢᠢᠨ ᠴᠡᠷᠢᠭ ᠦᠨ ᠬᠦᠴᠦᠨ ᠦ ᠻᠣᠮᠠᠨ᠋ᠳ᠋᠋ᠯᠠᠭᠴᠢ ᠪᠠᠷ ᠠᠵᠢᠯᠯᠠᠭᠰᠠᠨ ᠨᠢ ᠮᠣᠩ᠋ᠭᠤᠯ ᠴᠡᠷᠢᠭ ᠳᠡᠯᠡᠬᠡᠢ ᠢᠢᠨ ᠴᠡᠷᠢᠭ ᠪᠣᠯᠤᠭᠰᠠᠨ ᠤ ᠪᠠᠰᠠ ᠨᠢᠭᠡ ᠲᠣᠮᠣᠬᠠᠨ ᠪᠠᠲᠤᠯᠠᠭ᠎ᠠ ᠭᠡᠳᠡᠭ ᠢ ᠲᠣᠳᠤᠳᠬᠠᠯᠠ᠃
ᠻᠢᠫᠷ ᠳ᠋ᠠᠬᠢ ᠠᠵᠢᠯᠯᠠᠭ᠎ᠠ ᠨᠢ ᠳᠡᠯᠡᠬᠡᠢ ᠳ᠋ᠠᠬᠢᠨ ᠳᠤ ᠨᠢ᠊ ᠦ᠊ ᠪᠠᠢᠢᠭᠤᠯᠤᠯᠭ᠎ᠠ ᠢᠢᠨ ᠶᠠᠪᠤᠭᠤᠯᠵᠤ ᠪᠤᠢ ᠑᠒ ᠡᠩᠬᠡ ᠢᠢ ᠰᠠᠬᠢᠭᠤᠯᠬᠤ ᠠᠵᠢᠯᠯᠠᠭᠠᠨ ᠤ ᠨᠢᠭᠡ ᠶᠤᠮ᠃
ᠬᠣᠰᠢᠭᠤᠴᠢ ᠭᠧᠨᠧᠷᠠᠯ ᠪᠠ᠊·ᠡᠷᠳᠡᠨᠢᠪᠠᠲᠤ ᠡᠮᠦᠨ᠎ᠡ ᠨᠢ ᠢᠷᠠᠻ᠂ ᠯᠢᠪᠧᠷᠢ᠂ ᠡᠮᠦᠨᠡᠳᠦ ᠰᠦᠳᠠᠨ᠂ ᠰᠢᠧᠷᠷᠠ ᠯᠧᠣᠨ ᠵᠡᠷᠭᠡ ᠤᠯᠤᠰ ᠲᠤ ᠡᠩᠬᠡ ᠢᠢ ᠰᠠᠬᠢᠭᠤᠯᠬᠤ ᠨᠠᠢᠮᠠᠨ ᠤᠳᠠᠭ᠎ᠠ ᠢᠢᠨ ᠠᠵᠢᠯᠯᠠᠭᠠᠨ ᠳᠤ ᠡᠭᠦᠷᠭᠡ ᠭᠦᠢᠴᠡᠳᠬᠡᠵᠡᠶ᠃


