Та "Internet explorer"-ийн сүүлийн хувилбар болох "Microsoft edge"-г ашиглана уу

Хэрэв "Microsoft edge"-г татах бол энд дарж татаж авна уу

ᠤᠯᠠᠭᠠᠨᠪᠠᠭᠠᠲᠤᠷ ᠬᠣᠲᠠ ᠢᠢᠨ ᠬᠠᠶᠠᠭᠳᠠᠯ ᠤᠰᠤ ᠳᠠᠬᠢᠨ ᠪᠣᠯᠪᠠᠰᠤᠷᠠᠭᠤᠯᠬᠤ ᠠᠩᠬᠠᠨ ᠤ ᠦᠢᠯᠡᠳᠪᠦᠷᠢ ᠠᠰᠢᠭᠯᠠᠯᠲᠠ ᠳᠤ ᠣᠷᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠶᠡᠷᠦᠩᠬᠡᠢ ᠰᠠᠢᠢᠳ ᠢᠶᠠᠷ ᠠᠵᠢᠯᠯᠠᠵᠤ ᠪᠠᠢᠢᠬᠤ ᠳᠤ ᠪᠠᠨ ᠠ᠊ ᠨᠢ᠊ ᠤᠯᠤᠰ ᠲᠤ ᠠᠯᠪᠠᠨ ᠶᠣᠰᠤᠨ ᠤ ᠠᠢᠢᠯᠴᠢᠯᠠᠯ ᠬᠢᠵᠦ᠂ ᠲᠤᠰ ᠤᠯᠤᠰ ᠤᠨ ᠲᠥᠷᠦ ᠢᠢᠨ ᠨᠠᠷᠢᠨ ᠪᠢᠴᠢᠭ᠌ ᠦᠨ ᠳᠠᠷᠤᠭ᠎ᠠ ᠪᠥᠭᠡᠳ ᠮᠢᠩ᠋ᠭᠠᠨ ᠤ ᠰᠣᠷᠢᠯᠲᠠ ᠢᠢᠨ ᠻᠣᠷᠫᠤᠷᠠᠼᠢ ᠢᠢᠨ ᠤᠳᠤᠷᠢᠳᠬᠤ ᠵᠥᠪᠯᠡᠯ ᠦᠨ ᠳᠠᠷᠤᠭ᠎ᠠ ᠲᠠᠶ ᠮᠢᠩ᠋ᠭᠠᠨ ᠤ ᠰᠣᠷᠢᠯᠲᠠ ᠢᠢᠨ ᠬᠣᠶᠠᠷ ᠳ᠋ᠠᠬᠢ ᠻᠣᠮᠫᠠᠻᠲ᠋ ᠭᠡᠷ᠎ᠡ ᠢᠢ ᠠᠯᠪᠠᠨ ᠶᠣᠰᠤᠭᠠᠷ ᠪᠠᠲᠤᠯᠠᠵᠤ᠂ ᠬᠠᠮᠲᠤᠷᠠᠭᠰᠠᠨ ᠲᠤᠩᠬᠠᠭ ᠪᠢᠴᠢᠭ᠌ ᠲᠥ ᠭᠠᠷ ᠤᠨ ᠦᠰᠦᠭ ᠵᠢᠷᠤᠭᠰᠠᠨ᠃

ᠠ᠊ ᠨᠢ᠊ ᠤᠯᠤᠰ ᠤᠨ ᠮᠢᠩ᠋ᠭᠠᠨ ᠤ ᠰᠣᠷᠢᠯᠲᠠ ᠢᠢᠨ ᠻᠣᠷᠫᠤᠷᠠᠼᠢ ᠢᠢᠨ ᠓᠕᠐ ᠰᠠᠶ᠎ᠠ ᠠᠮ᠊·ᠳ᠋ᠣᠯᠯᠠᠷ ᠤᠨ ᠪᠤᠴᠠᠯᠲᠠ ᠦᠭᠡᠢ ᠲᠤᠰᠠᠯᠠᠮᠵᠢ᠂ ᠮᠣᠩ᠋ᠭᠣᠯ ᠤᠯᠤᠰ ᠤᠨ ᠵᠠᠰᠠᠭ ᠤᠨ ᠭᠠᠵᠠᠷ ᠤᠨ ᠑᠑᠑ ᠰᠠᠶ᠎ᠠ᠂ ᠨᠡᠢᠢᠲᠡ ᠔᠖᠒ ᠰᠠᠶ᠎ᠠ ᠠᠮ᠊·ᠳ᠋ᠣᠯᠯᠠᠷ ᠤᠨ ᠰᠠᠩᠬᠦᠵᠢᠯᠲᠡ ᠪᠦᠬᠦᠢ ᠻᠣᠮᠫᠠᠻᠲ᠋ ᠭᠡᠷ ᠡ ᠢᠢᠨ ᠬᠦᠷᠢᠶᠡᠨ ᠳᠥ ᠤᠯᠠᠭᠠᠨᠪᠠᠭᠠᠲᠤᠷ ᠬᠣᠲᠠ ᠳᠤ ᠤᠰᠤ ᠭᠦᠨ ᠴᠡᠪᠡᠷᠰᠢᠭᠦᠯᠬᠦ ᠪᠣᠯᠤᠨ ᠤᠰᠤ ᠳᠠᠬᠢᠨ ᠪᠣᠯᠪᠠᠰᠤᠷᠠᠭᠤᠯᠬᠤ ᠦᠢᠯᠡᠳᠪᠦᠷᠢ ᠪᠠᠷᠢᠬᠤ ᠪᠠᠷ ᠰᠢᠢᠳᠪᠦᠷᠢᠯᠡᠭᠰᠡᠨ ᠶᠤᠮ᠃

ᠶᠡᠷᠦᠩᠬᠡᠢᠢᠯᠡᠭᠴᠢ ᠤ·ᠬᠦᠷᠡᠯᠰᠦ᠋ᠬᠡ ᠒᠐᠒᠒ ᠣᠨ ᠳᠤ ᠬᠠᠶᠠᠭᠳᠠᠯ ᠤᠰᠤ ᠪᠣᠯᠪᠠᠰᠤᠷᠠᠭᠤᠯᠬᠤ ᠦᠢᠯᠡᠳᠪᠦᠷᠢ ᠢᠢᠨ ᠰᠢᠪᠠ ᠢᠢ ᠲᠠᠯᠪᠢᠵᠤ᠂ ᠪᠦᠲᠦᠭᠡᠨ ᠪᠠᠢᠢᠭᠤᠯᠤᠯᠲᠠ ᠢᠢ ᠨᠢ ᠡᠬᠢᠯᠡᠭᠦᠯᠵᠦ ᠪᠠᠢᠢᠯ᠎ᠠ᠃

ᠰᠢᠨ᠎ᠡ ᠲᠥᠪ ᠴᠡᠪᠡᠷᠯᠡᠬᠦ ᠪᠠᠢᠢᠭᠤᠯᠤᠮᠵᠢ ᠢᠢᠨ ᠳᠡᠷᠭᠡᠳᠡ ᠪᠠᠢᠢᠭᠤᠯᠤᠭᠰᠠᠨ ᠬᠠᠶᠠᠭᠳᠠᠯ ᠤᠰᠤ ᠳᠠᠬᠢᠨ ᠪᠣᠯᠪᠠᠰᠤᠷᠠᠭᠤᠯᠬᠤ ᠦᠢᠯᠡᠳᠪᠦᠷᠢ ᠢᠢᠨ ᠨᠡᠭᠡᠭᠡᠯᠲᠡ ᠳᠥ ᠶᠡᠷᠦᠩᠬᠡᠢᠢᠯᠡᠭᠴᠢ ᠣᠷᠤᠯᠴᠠᠯ᠎ᠠ᠃

ᠲᠡᠷᠡ ᠪᠡᠷ ᠮᠣᠩ᠋ᠭᠣᠯ ᠤᠯᠤᠰ᠂ ᠠ᠊ ᠨᠢ᠊ ᠤᠯᠤᠰ ᠤᠨ ᠠᠷᠠᠳ ᠲᠦᠮᠡᠨ ᠦ ᠲᠦᠩᠰᠢᠯᠡᠯ ᠦᠨ ᠪᠡᠯᠭᠡ ᠲᠡᠮᠳᠡᠭ ᠪᠣᠯᠤᠭᠰᠠᠨ ᠡᠨᠡ ᠪᠦᠲᠦᠭᠡᠨ ᠪᠠᠢᠢᠭᠤᠯᠤᠯᠲᠠ ᠳᠤ ᠣᠷᠤᠯᠴᠠᠭᠰᠠᠨ ᠳᠣᠲᠤᠭᠠᠳᠤ᠂ ᠭᠠᠳᠠᠭᠠᠳᠤ ᠢᠢᠨ ᠲᠥᠷᠦ ᠢᠢᠨ ᠪᠣᠯᠤᠨ ᠬᠤᠪᠢ ᠢᠢᠨ ᠬᠡᠪᠰᠢᠯ ᠦᠨ ᠪᠦᠬᠦ ᠪᠠᠢᠢᠭᠤᠯᠤᠯᠭ᠎ᠠ᠂ ᠡᠷᠳᠡᠮᠲᠡᠨ ᠰᠤᠳᠤᠯᠤᠭᠠᠴᠢ᠂ ᠬᠠᠮᠲᠤ ᠣᠯᠠᠨ ᠳᠤ ᠲᠥᠷᠦ᠂ ᠠᠷᠠᠳ ᠲᠦᠮᠡᠨ ᠦ ᠨᠡᠷ᠎ᠡ ᠢᠢᠨ ᠡᠮᠦᠨ᠎ᠡ ᠡᠴᠡ ᠲᠠᠯᠠᠷᠬᠠᠯ ᠢᠯᠡᠷᠬᠡᠢᠢᠯᠡᠯ᠎ᠡ᠃

ᠶᠡᠷᠦᠩᠬᠡᠢᠢᠯᠡᠭᠴᠢ ᠤ·ᠬᠦᠷᠡᠯᠰᠦ᠋ᠬᠡ᠂ ᠠ᠊ ᠨᠢ᠊ ᠤᠯᠤᠰ ᠤᠨ ᠵᠡᠭᠦᠨ ᠠᠽᠢ᠂ ᠨᠣᠮᠬᠠᠨ ᠳᠠᠯᠠᠢ ᠢᠢᠨ ᠲᠣᠪᠴᠢᠶ᠎ᠠ ᠬᠠᠷᠢᠭᠤᠴᠠᠭᠰᠠᠨ ᠲᠤᠰᠯᠠᠬᠤ ᠲᠥᠷᠦ ᠢᠢᠨ ᠨᠠᠷᠢᠨ ᠪᠢᠴᠢᠭ᠌ ᠦᠨ ᠳᠠᠷᠤᠭ᠎ᠠ ᠮᠠᠢᠢᠻᠯ ᠵᠣᠷᠵᠧ ᠳ᠋ᠧᠰᠣᠮᠪᠷᠧ᠂ ᠰᠠᠩ ᠤᠨ ᠰᠠᠢᠢᠳ᠂ ᠮᠣᠩ᠋ᠭᠣᠯ ᠤᠨ ᠮᠢᠩ᠋ᠭᠠᠨ ᠤ ᠰᠣᠷᠢᠯᠲᠠ ᠢᠢᠨ ᠰᠠᠩ ᠤᠨ ᠤᠳᠤᠷᠢᠳᠬᠤ ᠵᠥᠪᠯᠡᠯ ᠦᠨ ᠳᠠᠷᠤᠭ᠎ᠠ ᠪᠣ·ᠵᠢᠪᠬᠤᠯᠠᠩ᠂ ᠭᠠᠳᠠᠭᠠᠳᠤ ᠬᠠᠷᠢᠯᠴᠠᠭᠠᠨ ᠤ ᠰᠠᠢᠢᠳ ᠪᠠ᠊·ᠪᠠᠲᠤᠴᠡᠴᠡᠭ᠌᠂ ᠨᠡᠢᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠢᠢᠨ ᠵᠠᠬᠢᠷᠤᠭᠴᠢ ᠬᠢ᠊·ᠨᠢᠮᠠᠪᠠᠭᠠᠲᠤᠷ ᠨᠠᠷ ᠲᠣᠪᠴᠢᠯᠠᠭᠤᠷ ᠳᠠᠷᠠᠵᠤ᠂ ᠦᠢᠯᠡᠳᠪᠦᠷᠢ ᠢᠢᠨ ᠦᠢᠯᠡ ᠠᠵᠢᠯᠯᠠᠭ᠎ᠠ ᠢᠢ ᠡᠬᠢᠯᠡᠭᠦᠯᠦᠯ᠎ᠡ᠃

ᠳᠤᠯᠠᠭᠠᠨ ᠤ ᠴᠠᠬᠢᠯᠭᠠᠨ ᠰᠲ᠋ᠠᠨ᠋ᠼᠢ ᠨᠤᠭᠤᠳ ᠵᠢᠯ ᠳᠥ ᠒᠑ ᠰᠠᠶ᠎ᠠ ᠣᠷᠴᠢᠮ ᠱᠣ᠋ ᠮᠧᠲ᠋ᠷ ᠪᠤᠶᠤ ᠨᠡᠢᠢᠰᠯᠡᠯ ᠦᠨ ᠨᠡᠢᠢᠲᠡ ᠤᠰᠤᠨ ᠤ ᠬᠡᠷᠡᠭᠯᠡᠭᠡᠨ ᠦ ᠒᠔ ᠣᠷᠴᠢᠮ ᠬᠤᠪᠢ ᠢᠢ ᠭᠠᠵᠠᠷ ᠤᠨ ᠳᠣᠣᠷᠠᠬᠢ ᠤᠰᠤᠨ ᠤ ᠡᠬᠢ ᠡᠭᠦᠰᠪᠦᠷᠢ ᠡᠴᠡ ᠠᠪᠳᠠᠭ᠃ ᠡᠭᠦᠨ ᠦ ᠑᠘ ᠰᠠᠶ᠎ᠠ ᠱᠣ᠋ ᠮᠧᠲ᠋ᠷ ᠤᠰᠤ ᠢᠢ ᠬᠥᠷᠦᠭᠡᠯᠲᠡ᠂ ᠤᠬᠢᠶᠠᠯᠭ᠎ᠠ ᠴᠡᠪᠡᠷᠯᠡᠭᠡ᠂ ᠦᠨᠡᠰᠦ ᠵᠠᠢᠢᠯᠠᠭᠤᠯᠬᠤ ᠳᠤ ᠠᠰᠢᠭᠯᠠᠳᠠᠭ ᠶᠤᠮ᠃

ᠲᠡᠭᠡᠪᠡᠯ ᠡᠨᠡ ᠦᠢᠯᠡᠳᠪᠦᠷᠢ ᠰᠢᠨ᠎ᠡ ᠲᠥᠪ ᠴᠡᠪᠡᠷᠯᠡᠬᠦ ᠪᠠᠢᠢᠭᠤᠯᠤᠮᠵᠢ ᠠᠴᠠ ᠲᠤᠤᠯᠠ ᠭᠣᠣᠯ ᠳᠤ ᠨᠡᠢᠢᠯᠡᠭᠦᠯᠬᠦ ᠴᠡᠪᠡᠷᠯᠡᠭᠰᠡᠨ ᠤᠰᠤᠨ ᠠᠴᠠ ᠡᠳᠦᠷ ᠲᠥ ᠕᠐ ᠮᠢᠩ᠋ᠭᠠᠨ ᠱᠣ᠋ ᠮᠧᠲ᠋ᠷ ᠤᠰᠤ ᠠᠪᠴᠤ᠂ ᠳᠠᠬᠢᠨ ᠪᠣᠯᠪᠠᠰᠤᠷᠠᠭᠤᠯᠤᠨ ᠳᠤᠯᠠᠭᠠᠨ ᠤ III᠂ IV ᠴᠠᠬᠢᠯᠭᠠᠨ ᠰᠲ᠋ᠠᠨ᠋ᠼᠢ ᠳᠤ ᠨᠡᠢᠢᠯᠡᠭᠦᠯᠦᠨ᠎ᠡ᠃

ᠢᠩ᠋ᠭᠢᠭ᠍ᠰᠡᠨ ᠢᠶᠡᠷ ᠵᠢᠯ ᠳᠥ ᠑᠘ ᠰᠠᠶ᠎ᠠ ᠭᠠᠷᠤᠢ ᠱᠣ᠋ ᠮᠧᠲ᠋ᠷ ᠪᠤᠶᠤ ᠬᠣᠲᠠ ᠢᠢᠨ ᠣᠷᠤᠨ ᠰᠠᠭᠤᠴᠠ ᠳᠤ ᠠᠮᠢᠳᠤᠷᠠᠵᠤ ᠪᠠᠢᠢᠭ᠎ᠠ ᠑᠐᠐ ᠭᠠᠷᠤᠢ ᠮᠢᠩ᠋ᠭᠠᠨ ᠡᠷᠦᠬᠡ ᠢᠢᠨ ᠵᠢᠯ ᠦᠨ ᠬᠡᠷᠡᠭᠯᠡᠭᠡᠨ ᠦ ᠕᠐ ᠬᠤᠪᠢ ᠲᠠᠶ ᠲᠡᠩᠴᠡᠬᠦ ᠬᠡᠮᠵᠢᠶᠡᠨ ᠦ ᠭᠦᠨ ᠦ ᠴᠡᠪᠡᠷ ᠤᠰᠤ ᠬᠡᠮᠨᠡᠬᠦ ᠶᠤᠮ᠃

ᠡᠨᠡ ᠨᠢ ᠵᠢᠯ ᠳᠥ ᠪᠡᠨ ᠳᠥᠷᠪᠡᠨ ᠪᠤᠢᠢᠷ ᠨᠠᠭᠤᠷ ᠲᠠᠶ ᠲᠡᠩᠴᠡᠬᠦ ᠬᠡᠮᠵᠢᠶᠡᠨ ᠦ ᠭᠦᠨ ᠦ ᠴᠡᠪᠡᠷ ᠤᠰᠤ ᠬᠡᠮᠨᠡᠵᠦ᠂ ᠰᠠᠷᠠᠯ ᠭᠡᠭ᠍ᠳᠡᠬᠦ ᠤᠰᠤ ᠢᠢ ᠣᠯᠠᠨ ᠰᠠᠯᠪᠤᠷᠢ ᠳᠤ ᠠᠰᠢᠭᠯᠠᠬᠤ ᠪᠣᠯᠤᠮᠵᠢ ᠲᠠᠶ ᠪᠣᠯᠤᠭᠰᠠᠨ ᠭᠡᠭ᠍ᠰᠡᠨ ᠦᠭᠡ᠃

ᠴᠢᠨᠠᠭᠰᠢᠳᠠ ᠦᠢᠯᠡᠳᠪᠦᠷᠢ ᠢᠢᠨ ᠬᠡᠪ ᠦᠨ᠂ ᠨᠠᠢᠢᠳᠠᠪᠤᠷᠢᠲᠠᠶ ᠦᠢᠯᠡ ᠠᠵᠢᠯᠯᠠᠭ᠎ᠠ ᠢᠢ ᠬᠠᠩ᠋ᠭᠠᠬᠤ᠂ ᠦᠷ᠎ᠡ ᠥᠭ᠍ᠭᠦᠭᠡᠵᠢ ᠢᠢ ᠳᠡᠭᠡᠭ᠍ᠰᠢᠯᠠᠭᠦᠯᠬᠦ᠂ ᠬᠦᠴᠦᠨ ᠴᠢᠳᠠᠯ ᠢ ᠨᠡᠮᠡᠭᠳᠡᠭᠦᠯᠬᠦ᠂ ᠦᠢᠯᠡᠴᠢᠯᠡᠭᠡᠨ ᠦ ᠦᠨ᠎ᠡ᠂ ᠲᠠᠷᠢᠹ ᠲᠣᠭᠲᠠᠭᠠᠬᠤ᠂ ᠦᠢᠯᠡᠳᠪᠦᠷᠢᠯᠡᠯ ᠦᠨ ᠪᠣᠬᠢᠷᠳᠠᠯ ᠢ ᠪᠠᠭᠤᠷᠠᠭᠤᠯᠬᠤ᠂ ᠬᠦᠮᠦᠨ ᠦ ᠨᠥᠭᠡᠴᠡ ᠢᠢᠨ ᠴᠢᠳᠠᠪᠬᠢ ᠢᠢ ᠪᠡᠬᠢᠵᠢᠭᠦᠯᠬᠦ ᠴᠢᠭᠯᠡᠯ ᠢᠶᠡᠷ ᠵᠠᠰᠠᠭ ᠤᠨ ᠭᠠᠵᠠᠷ᠂ ᠶᠠᠮᠤᠳ᠂ ᠵᠣᠬᠢᠴᠠᠭᠤᠯᠬᠤ ᠬᠣᠷᠢᠶᠠᠳ ᠪᠣᠯᠤᠨ ᠨᠡᠢᠢᠰᠯᠡᠯ ᠬᠣᠲᠠ ᠠᠩᠬᠠᠷᠬᠤ ᠱᠠᠭᠠᠷᠳᠠᠯᠭ᠎ᠠ ᠲᠠᠶ ᠢᠢ ᠶᠡᠷᠦᠩᠬᠡᠢᠢᠯᠡᠭᠴᠢ ᠬᠡᠯᠡᠯ᠎ᠡ᠃

ᠮᠥᠨ ᠠᠭᠤᠯᠠ ᠠᠭᠤᠷᠬᠠᠢ᠂ ᠠᠦ᠋ᠲ᠋ᠣ᠋ ᠵᠠᠮ᠂ ᠳᠡᠳ᠋ ᠪᠦᠲᠦᠴᠡ ᠢᠢᠨ ᠲᠣᠮᠣᠬᠠᠨ ᠲᠥᠰᠦᠯ ᠦᠳ᠂ ᠬᠥᠳᠡᠭᠡ ᠠᠵᠤ ᠠᠬᠤᠢ᠂ ᠪᠠᠢᠢᠭᠠᠯᠢ ᠣᠷᠴᠢᠨ ᠤ ᠨᠥᠬᠦᠨ ᠰᠡᠷᠭᠦᠭᠡᠯᠲᠡ᠂ ᠨᠣᠭᠤᠭᠠᠨ ᠪᠠᠢᠢᠭᠤᠯᠤᠮᠵᠢ ᠢᠢᠨ ᠤᠰᠤᠯᠠᠭ᠎ᠠ᠂ ᠵᠠᠮ᠂ ᠲᠠᠯᠠᠪᠠᠢ ᠢᠢᠨ ᠤᠬᠢᠶᠠᠯᠭ᠎ᠠ ᠵᠡᠷᠭᠡ ᠳᠥ ᠳᠠᠬᠢᠨ ᠪᠣᠯᠪᠠᠰᠤᠷᠠᠭᠤᠯᠤᠭᠰᠠᠨ ᠤᠰᠤ ᠠᠰᠢᠭᠯᠠᠬᠤ ᠢᠢ ᠤᠷᠢᠶᠠᠯᠠᠯ᠎ᠠ᠃

ᠠ᠊ ᠨᠢ᠊ ᠤᠯᠤᠰ ᠤᠨ ᠵᠡᠭᠦᠨ ᠠᠽᠢ᠂ ᠨᠣᠮᠬᠠᠨ ᠳᠠᠯᠠᠢ ᠢᠢᠨ ᠲᠣᠪᠴᠢᠶ᠎ᠠ ᠬᠠᠷᠢᠭᠤᠴᠠᠭᠰᠠᠨ ᠲᠤᠰᠯᠠᠬᠤ ᠲᠥᠷᠦ ᠢᠢᠨ ᠨᠠᠷᠢᠨ ᠪᠢᠴᠢᠭ᠌ ᠦᠨ ᠳᠠᠷᠤᠭ᠎ᠠ ᠮᠠᠢᠢᠻᠯ ᠵᠣᠷᠵᠧ ᠳ᠋ᠧᠰᠣᠮᠪᠷᠧ᠂ «ᠤᠰᠤᠨ ᠤ ᠻᠣᠮᠫᠠᠻᠲ᠋ ᠭᠡᠷ᠎ᠡ ᠨᠢ ᠮᠣᠩ᠋ᠭᠣᠯ ᠤᠯᠤᠰ ᠲᠤ ᠠᠩᠬ᠎ᠠ ᠤᠳᠠᠭ᠎ᠠ ᠠᠵᠤ ᠦᠢᠯᠡᠳᠪᠦᠷᠢ ᠢᠢᠨ ᠵᠣᠷᠢᠭᠤᠯᠤᠯᠲᠠ ᠪᠠᠷ ᠤᠰᠤ ᠢᠢ ᠶᠡᠬᠡ ᠬᠡᠮᠵᠢᠶ᠎ᠡ ᠪᠡᠷ ᠳᠠᠬᠢᠨ ᠠᠰᠢᠭᠯᠠᠬᠤ ᠪᠣᠯᠤᠮᠵᠢ ᠣᠯᠭᠤᠯ᠎ᠠ᠃ ᠳᠠᠬᠢᠨ ᠪᠣᠯᠪᠠᠰᠤᠷᠠᠭᠤᠯᠤᠭᠰᠠᠨ ᠤᠰᠤᠨ ᠤ ᠨᠠᠢᠢᠳᠠᠪᠤᠷᠢᠲᠠᠶ ᠡᠬᠢ ᠡᠭᠦᠰᠪᠦᠷᠢ ᠨᠢ ᠳᠣᠲᠤᠭᠠᠳᠤ᠂ ᠭᠠᠳᠠᠭᠠᠳᠤ ᠢᠢᠨ ᠬᠥᠷᠦᠩ᠋ᠭᠡ ᠣᠷᠤᠭᠤᠯᠤᠭᠴᠢᠳ ᠢᠯᠡᠭᠦᠦ ᠥᠷᠭᠡᠨ ᠬᠦᠷᠢᠶᠡᠨ ᠳᠥ ᠬᠠᠮᠲᠤᠷᠠᠨ ᠠᠵᠢᠯᠯᠠᠬᠤ ᠲᠠᠭᠠᠲᠠᠢ ᠬᠥᠷᠦᠰᠦ᠂ ᠳᠡᠳ᠋ ᠪᠦᠲᠦᠴᠡ ᠪᠣᠯᠵᠤ ᠪᠠᠢᠢᠨ᠎ᠠ᠃ ᠣᠯᠠᠨ ᠰᠣᠷᠢᠯᠲᠠ ᠲᠠᠶ ᠲᠤᠯᠭᠠᠷᠠᠭᠰᠠᠨ ᠴᠦ ᠮᠠᠨ ᠤ ᠬᠣᠶᠠᠷ ᠤᠯᠤᠰ ᠤᠨ ᠢᠨ᠋ᠵᠧᠨᠧᠷ᠂ ᠮᠡᠷᠭᠡᠵᠢᠯᠲᠡᠨ ᠨᠤᠭᠦᠳ ᠦᠨ ᠠᠪᠢᠶᠠᠰ ᠴᠢᠳᠠᠪᠤᠷᠢ᠂ ᠲᠤᠷᠰᠢᠯᠭ᠎ᠠ ᠢᠢ ᠨᠢᠭᠡᠨ ᠵᠣᠷᠢᠯᠭ᠎ᠠ ᠳᠤ ᠴᠢᠭᠯᠡᠭᠦᠯᠪᠡᠯ ᠪᠢᠳᠡ ᠶᠠᠭᠤᠨ ᠳᠤ ᠬᠦᠷᠴᠦ ᠴᠢᠳᠠᠬᠤ ᠢᠢ ᠪᠠᠲᠤᠯᠠᠨ ᠬᠠᠷᠠᠭᠤᠯᠤᠯ᠎ᠠ» ᠭᠡᠯ᠎ᠡ᠃

ᠲᠥᠰᠦᠯ ᠦᠨ ᠶᠡᠷᠦᠩᠬᠡᠢ ᠭᠦᠢᠴᠡᠳᠬᠡᠭ᠍ᠴᠢ ᠪᠡᠷ «ᠧᠮ ᠰᠢ ᠧᠰ ᠫᠷᠣᠫᠧᠷᠲ᠋ᠢ» ᠰᠢᠯᠭᠠᠷᠠᠭᠰᠠᠨ ᠪᠥᠭᠡᠳ ᠦᠢᠯᠡᠳᠪᠦᠷᠢ ᠢᠢᠨ ᠲᠧᠺᠨᠣᠯᠤᠭᠢ ᠢᠢᠨ ᠵᠢᠷᠤᠭ ᠲᠥᠰᠦᠯ ᠢ ᠪᠦ᠊ ᠨᠠ᠊ ᠹᠷᠠ᠊ ᠤᠯᠤᠰ ᠤᠨ «Egis Water and Maritime»᠂ «Veolia Water Technologies» ᠻᠣᠮᠫᠠᠨᠢ ᠪᠣᠯᠪᠠᠰᠤᠷᠠᠭᠤᠯᠵᠠᠶ᠃

ᠮᠢᠩ᠋ᠭᠠᠨ ᠤ ᠰᠣᠷᠢᠯᠲᠠ ᠢᠢᠨ ᠬᠣᠶᠠᠷ ᠳ᠋ᠠᠬᠢ ᠻᠣᠮᠫᠠᠻᠲ᠋ ᠭᠡᠷ ᠡ ᠢᠢᠨ ᠬᠦᠷᠢᠶᠡᠨ ᠳᠥ ᠢᠷᠡᠬᠦ ᠲᠠᠪᠤᠳ᠋ᠤᠭᠠᠷ ᠰᠠᠷ᠎ᠠ ᠳᠤ ᠤᠰᠤ ᠭᠦᠨ ᠴᠡᠪᠡᠷᠰᠢᠭᠦᠯᠬᠦ ᠦᠢᠯᠡᠳᠪᠦᠷᠢ ᠢᠢ ᠮᠥᠨ ᠠᠰᠢᠭᠯᠠᠯᠲᠠ ᠳᠤ ᠣᠷᠤᠭᠤᠯᠤᠨ᠎ᠠ᠃ ᠬᠠᠶᠠᠭᠳᠠᠯ ᠤᠰᠤ ᠪᠣᠯᠪᠠᠰᠤᠷᠠᠭᠤᠯᠬᠤ ᠪᠣᠯᠤᠨ ᠤᠰᠤ ᠭᠦᠨ ᠴᠡᠪᠡᠷᠰᠢᠭᠦᠯᠬᠦ ᠬᠣᠶᠠᠷ ᠦᠢᠯᠡᠳᠪᠦᠷᠢ ᠨᠡᠢᠢᠰᠯᠡᠯ ᠦᠨ ᠤᠰᠤ ᠬᠠᠩ᠋ᠭᠠᠮᠵᠢ ᠢᠢ ᠘᠐ ᠬᠤᠪᠢ ᠪᠠᠷ ᠨᠡᠮᠡᠭᠳᠡᠭᠦᠯᠵᠦ᠂ ᠭᠠᠵᠠᠷ ᠤᠨ ᠭᠦᠨ ᠦ ᠴᠡᠪᠡᠷ ᠤᠰᠤᠨ ᠤ ᠨᠥᠭᠡᠴᠡ ᠢᠢ ᠬᠡᠮᠨᠡᠬᠦ᠂ ᠪᠠᠢᠢᠭᠠᠯᠢ᠂ ᠡᠻᠣᠯᠣᠭᠢ ᠢᠢᠨ ᠲᠡᠩᠴᠡᠪᠦᠷᠢᠲᠡᠶ ᠪᠠᠢᠢᠳᠠᠯ ᠢ ᠬᠠᠳᠠᠭᠠᠯᠠᠬᠤ᠂ ᠡᠳ᠋ ᠦᠨ ᠵᠠᠰᠠᠭ ᠤᠨ ᠢᠷᠡᠭᠡᠳᠦᠢ ᠢᠢᠨ ᠥᠰᠦᠯᠲᠡ ᠢᠢ ᠳᠡᠮᠵᠢᠬᠦ ᠨᠥᠬᠦᠴᠡᠯ ᠪᠦᠷᠢᠳᠦᠨ᠎ᠡ᠃

ᠮᠥᠨ ᠤᠯᠠᠭᠠᠨᠪᠠᠭᠠᠲᠤᠷ ᠬᠣᠲᠠ ᠥᠷᠭᠡᠵᠢᠨ ᠲᠡᠯᠡᠬᠦ᠂ ᠳᠠᠭᠠᠭᠤᠯᠢ ᠬᠣᠲᠠ᠂ ᠰᠢᠨ᠎ᠡ ᠰᠠᠭᠤᠷᠢᠰᠢᠯ ᠤᠨ ᠪᠦᠰᠡ ᠪᠤᠢ ᠪᠣᠯᠬᠤ ᠳᠤ ᠴᠢᠬᠤᠯᠠ ᠠᠴᠢ ᠬᠣᠯᠪᠤᠭᠳᠠᠯ ᠲᠠᠶ ᠶᠤᠮ᠃