Та "Internet explorer"-ийн сүүлийн хувилбар болох "Microsoft edge"-г ашиглана уу

Хэрэв "Microsoft edge"-г татах бол энд дарж татаж авна уу

ᠰᠢᠯᠢᠳᠡᠭ ᠰᠣᠨᠤᠰᠤᠭᠴᠢ᠂ ᠰᠤᠷᠤᠭᠴᠢᠳ ᠱᠠᠩᠨᠠᠯ ᠭᠠᠷᠳᠠᠭᠤᠯᠤᠯ᠎ᠠ

«ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠻᠣᠮᠠᠨ᠋ᠳ᠋᠋ᠯᠠᠭᠴᠢ ᠢᠢᠨ ᠨᠡᠷᠡᠮᠵᠢᠲᠦ ᠱᠠᠩᠨᠠᠯ ᠬᠦᠷᠲᠡᠭᠡᠬᠦ ᠵᠢᠷᠤᠮ» ᠤᠨ ᠪᠣᠯᠵᠤᠯ ᠬᠠᠩ᠋ᠭᠠᠭᠰᠠᠨ ᠰᠢᠯᠢᠳᠡᠭ ᠰᠣᠨᠤᠰᠤᠭᠴᠢ᠂ ᠰᠤᠷᠤᠭᠴᠢᠳ ᠱᠠᠩᠨᠠᠯ ᠢᠶᠠᠨ ᠭᠠᠷᠳᠠᠵᠤ ᠠᠪᠤᠯ᠎ᠠ᠃

• ᠦᠨᠳᠦᠰᠦᠨ ᠦ ᠪᠠᠲᠤᠯᠠᠨ ᠬᠠᠮᠠᠭᠠᠯᠠᠬᠤ ᠢᠢᠨ ᠶᠡᠬᠡ ᠰᠤᠷᠭᠠᠭᠤᠯᠢ ᠢᠢᠨ ᠴᠡᠷᠢᠭ ᠦᠨ ᠨᠢᠭᠡᠳᠦᠭᠰᠡᠨ ᠳᠡᠭᠡᠳᠦ ᠰᠤᠷᠭᠠᠭᠤᠯᠢ ᠢᠢᠨ ᠔ ᠊ᠳ᠋ᠦᠭᠡᠷ ᠳᠠᠮᠵᠢᠶᠠᠨ ᠤ ᠰᠣᠨᠤᠰᠤᠭᠴᠢ ᠲᠦᠮᠡᠨᠳᠡᠮᠪᠡᠷᠢᠯ ᠦᠨ ᠲᠦᠪᠰᠢᠨᠪᠠᠲᠤ᠂

• ᠳᠣᠲᠤᠭᠠᠳᠤ ᠬᠡᠷᠡᠭ ᠦᠨ ᠶᠡᠬᠡ ᠰᠤᠷᠭᠠᠭᠤᠯᠢ ᠢᠢᠨ ᠴᠠᠭᠳᠠᠭ᠎ᠠ ᠢᠢᠨ ᠰᠤᠷᠭᠠᠭᠤᠯᠢ ᠢᠢᠨ ᠓᠔᠓ ᠳ᠋ᠤᠭᠠᠷ ᠳᠠᠮᠵᠢᠶᠠᠨ ᠤ ᠰᠣᠨᠤᠰᠤᠭᠴᠢ᠂ ᠳᠡᠳ᠋ ᠲᠦᠷᠦᠭᠦᠴᠢ ᠰᠠᠢᠢᠨᠳᠠᠸᠠ ᠢᠢᠨ ᠳᠥᠯᠦᠭᠡᠨ᠂

• ᠦᠨᠳᠦᠰᠦᠨ ᠦ ᠲᠠᠩᠨᠠᠭᠤᠯ ᠤᠨ ᠶᠡᠬᠡ ᠰᠤᠷᠭᠠᠭᠤᠯᠢ ᠢᠢᠨ ᠠᠶᠤᠯ ᠦᠭᠡᠶ ᠪᠠᠢᠢᠳᠠᠯ ᠰᠤᠳᠤᠯᠤᠯ ᠤᠨ ᠪᠠᠻᠠᠯᠠᠸᠷ ᠤᠨ ᠬᠥᠲᠦᠯᠪᠦᠷᠢ ᠢᠢᠨ ᠔ ᠊ᠳ᠋ᠦᠭᠡᠷ ᠠᠩ᠋ᠭᠢ ᠢᠢᠨ ᠰᠣᠨᠤᠰᠤᠭᠴᠢ᠂ ᠲᠦᠷᠦᠭᠦᠴᠢ ᠪᠤᠮᠸᠴᠢᠷ ᠤᠨ ᠫᠦᠷᠪᠦᠰᠦ᠋ᠷᠦᠩ᠂

• ᠦᠨᠳᠦᠰᠦᠨ ᠦ ᠪᠠᠲᠤᠯᠠᠨ ᠬᠠᠮᠠᠭᠠᠯᠠᠬᠤ ᠢᠢᠨ ᠶᠡᠬᠡ ᠰᠤᠷᠭᠠᠭᠤᠯᠢ ᠢᠢᠨ «ᠲᠡᠮᠦᠵᠢᠨ ᠥᠷᠯᠦᠭ» ᠪᠦᠷᠢᠨ ᠳᠤᠮᠳᠠ ᠰᠤᠷᠭᠠᠭᠤᠯᠢ ᠢᠢᠨ 12б ᠠᠩ᠋ᠭᠢ ᠢᠢᠨ ᠰᠤᠷᠤᠭᠴᠢ ᠠᠩ᠋ᠭᠠᠷ ᠤᠨ ᠴᠠᠭᠠᠳᠠᠢ ᠨᠠᠷ ᠰᠢᠯᠭᠠᠷᠠᠯ᠎ᠠ᠃

ᠰᠣᠨᠤᠰᠤᠭᠴᠢ᠂ ᠰᠤᠷᠤᠭᠴᠢ ᠨᠠᠷ ᠰᠤᠷᠤᠯᠭ᠎ᠠ ᠬᠥᠳᠡᠯᠮᠦᠷᠢ᠂ ᠬᠠᠷᠢᠭᠤᠴᠠᠯᠭ᠎ᠠ᠂ ᠰᠠᠬᠢᠯᠭ᠎ᠠ ᠪᠠᠲᠤ᠂ ᠴᠡᠷᠢᠭ ᠦᠨ ᠠᠯᠪᠠᠨ ᠤ ᠪᠣᠯᠤᠨ ᠬᠤᠪᠢ ᠬᠦᠮᠦᠨ ᠦ ᠶᠣᠰᠤ ᠵᠦᠢ᠂ ᠲᠥᠯᠦᠪᠰᠢᠯ ᠵᠡᠷᠭᠡ ᠪᠡᠷ ᠢᠶᠡᠨ ᠪᠤᠰᠤᠳ ᠢ ᠪᠠᠨ ᠮᠠᠩᠯᠠᠢᠢᠯᠠᠵᠤ᠂ ᠡᠷᠳᠡᠮ ᠰᠢᠨᠵᠢᠯᠡᠭᠡ᠂ ᠰᠤᠳᠤᠯᠭᠠᠨ ᠤ ᠠᠵᠢᠯ᠂ ᠤᠷᠤᠯᠳᠤᠭᠠᠨ᠂ ᠲᠡᠮᠡᠴᠡᠭᠡᠨ ᠳᠥ ᠢᠳᠡᠪᠬᠢᠲᠡᠢ ᠣᠷᠤᠯᠴᠠᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠻᠣᠮᠠᠨ᠋ᠳ᠋᠋ᠯᠠᠭᠴᠢ ᠤ·ᠬᠦᠷᠡᠯᠰᠦ᠋ᠬᠡ ᠰᠢᠯᠢᠳᠡᠭ ᠦᠳ ᠲᠥ ᠱᠠᠩᠨᠠᠯ ᠢ ᠨᠢ ᠭᠠᠷᠳᠠᠭᠤᠯᠵᠤ᠂ ᠰᠤᠷᠤᠯᠭ᠎ᠠ ᠢᠢᠨ ᠥᠨᠳᠦᠷ ᠠᠮᠵᠢᠯᠲᠠ ᠬᠦᠰᠡᠨ ᠢᠷᠦᠭᠡᠯ᠎ᠡ᠃