Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠵᠠᠪᠬᠠᠨ ᠠᠢᠢᠮᠠᠭ ᠲᠤ ᠠᠵᠢᠯᠯᠠᠵᠤ ᠪᠠᠢᠢᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠥᠨᠦᠳᠦᠷ ᠵᠠᠪᠬᠠᠨ ᠠᠢᠢᠮᠠᠭ ᠤᠨ ᠤᠯᠢᠶᠠᠰᠤᠲᠠᠢ ᠬᠣᠲᠠ ᠳᠤ ᠠᠵᠢᠯᠯᠠᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢ ᠵᠠᡀᠠᠨᠵᠠ ᠬᠤᠲᠤᠭᠲᠤ ᠴ᠊·ᠳᠠᠮᠳᠢᠨᠪᠠᠵᠠᠷ ᠤᠨ ᠨᠡᠷᠡᠮᠵᠢᠲᠦ ᠲᠥᠪ ᠲᠠᠯᠠᠪᠠᠢ ᠳᠤ ᠬᠦᠷᠦᠯᠴᠡᠨ ᠢᠷᠡᠬᠦ ᠳᠥ ᠤᠯᠢᠶᠠᠰᠤᠲᠠᠢ ᠴᠡᠷᠢᠭ ᠦᠨ ᠬᠦᠷᠢᠶᠡᠨ ᠦ ᠬᠦᠨᠳᠦᠲᠦ ᠬᠠᠷᠠᠭᠤᠯ ᠤᠭᠲᠤᠵᠤ ᠠᠪᠤᠯ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠵᠠᠪᠬᠠᠨ ᠠᠢᠢᠮᠠᠭ ᠤᠨ ᠢᠷᠭᠡᠳ ᠬᠥᠳᠡᠯᠮᠦᠷᠢᠴᠢᠳ ᠲᠡᠶ ᠠᠭᠤᠯᠵᠠᠨ ᠲᠥᠷᠦ ᠢᠢᠨ ᠲᠡᠷᠢᠭᠦᠨ ᠦ ᠪᠣᠳᠤᠯᠭ᠎ᠠ᠂ ᠦᠢᠯᠡ ᠠᠵᠢᠯᠯᠠᠭ᠎ᠠ᠂ ᠬᠡᠷᠡᠭᠵᠢᠯᠲᠡ ᠢᠢᠨ ᠲᠠᠯ᠎ᠠ ᠪᠠᠷ ᠲᠠᠨᠢᠯᠴᠠᠭᠤᠯᠤᠯ᠎ᠠ᠃

ᠲᠡᠷᠡ ᠪᠡᠷ ᠤᠯᠤᠰ ᠣᠷᠤᠨ᠂ ᠪᠦᠰᠡ ᠨᠤᠲᠤᠭ ᠤᠨ ᠡᠳ᠋ ᠦᠨ ᠵᠠᠰᠠᠭ᠂ ᠨᠡᠢᠢᠭᠡᠮ᠂ ᠪᠦᠬᠦ ᠰᠠᠯᠪᠤᠷᠢ ᠢᠢ ᠬᠥᠭ᠍ᠵᠢᠭᠦᠯᠬᠦ᠂ ᠢᠷᠭᠡᠳ ᠦᠨ ᠡᠷᠡᠭᠦᠯ᠂ ᠠᠶᠤᠯ ᠦᠭᠡᠢ ᠣᠷᠴᠢᠨ ᠳᠤ ᠠᠮᠢᠳᠤᠷᠠᠬᠤ᠂ ᠠᠮᠢᠳᠤᠷᠠᠯ ᠤᠨ ᠴᠢᠨᠠᠷ ᠢ ᠳᠡᠭᠡᠭ᠍ᠰᠢᠯᠠᠭᠦᠯᠬᠦ ᠨᠢ ᠮᠣᠩ᠋ᠭᠣᠯ ᠲᠥᠷᠦ ᠢᠢᠨ ᠠᠩᠬᠠᠷᠤᠯ ᠤᠨ ᠲᠥᠪ ᠳᠥ ᠪᠠᠢᠢᠭᠰᠠᠭᠠᠷ ᠢᠷᠡᠭᠰᠡᠨ ᠢ ᠲᠡᠮᠳᠡᠭᠯᠡᠯ᠎ᠡ᠃

ᠵᠠᠪᠬᠠᠨ ᠠᠢᠢᠮᠠᠭ ᠡᠳᠦᠷ ᠡᠴᠡ ᠡᠳᠦᠷ ᠲᠥ ᠥᠷᠭᠡᠵᠢᠨ ᠬᠥᠭ᠍ᠵᠢᠵᠦ ᠪᠠᠢᠢᠭ᠎ᠠ ᠨᠢ ᠤᠯᠤᠰ᠂ ᠣᠷᠤᠨ ᠨᠤᠲᠤᠭ ᠤᠨ ᠪᠣᠳᠤᠯᠭ᠎ᠠ᠂ ᠦᠢᠯᠡ ᠠᠵᠢᠯᠯᠠᠭ᠎ᠠ᠂ ᠬᠥᠷᠦᠩ᠋ᠭᠡ ᠣᠷᠤᠭᠤᠯᠤᠯᠲᠠ᠂ ᠲᠥᠷᠦ᠂ ᠬᠤᠪᠢ ᠢᠢᠨ ᠬᠡᠪᠰᠢᠯ ᠦᠨ ᠲᠦᠩᠰᠢᠯᠡᠯ᠂ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠢᠷᠭᠡᠳ ᠦᠨ ᠬᠠᠮᠲᠤ ᠢᠢᠨ ᠬᠢᠴᠢᠶᠡᠯ ᠵᠢᠳᠬᠦᠯ ᠦᠨ ᠳ᠋ᠦᠩ ᠭᠡᠳᠡᠭ ᠢ ᠬᠡᠯᠡᠯ᠎ᠡ᠃

ᠴᠢᠨᠠᠭᠰᠢᠳᠠ ᠣᠯᠤᠯᠲᠠ᠂ ᠠᠮᠵᠢᠯᠲᠠ ᠪᠠᠨ ᠤᠯᠠᠮ ᠪᠠᠲᠤᠳᠬᠠᠨ᠎ᠠ ᠭᠡᠳᠡᠭ ᠲᠥ ᠢᠲᠡᠭᠡᠯ ᠲᠡᠶ ᠪᠠᠢᠢᠭ᠎ᠠ ᠪᠠᠨ ᠢᠯᠡᠷᠬᠡᠢᠢᠯᠡᠯ᠎ᠡ᠃

ᠵᠠᠪᠬᠠᠨ ᠠᠢᠢᠮᠠᠭ ᠤᠨ ᠢᠷᠭᠡᠳ «ᠬᠦᠨᠡᠰᠦᠨ ᠦ ᠬᠤᠪᠢᠰᠬᠠᠯ»᠂ «ᠲᠡᠷᠪᠤᠮ ᠮᠣᠳᠤ»᠂ «ᠴᠠᠭᠠᠨ ᠠᠯᠲᠠ» ᠦᠨᠳᠦᠰᠦᠨ ᠦ ᠬᠥᠳᠡᠯᠭᠡᠭᠡᠨ᠂ ᠬᠥᠲᠦᠯᠪᠦᠷᠢ ᠢᠢ ᠠᠩᠬᠠᠨ ᠠᠴᠠ ᠨᠢ ᠲᠤᠭᠤᠰᠢᠲᠠᠢ ᠳᠡᠮᠵᠢᠵᠦ᠂ ᠬᠦᠨᠡᠰᠦ᠂ ᠬᠥᠳᠡᠭᠡ ᠠᠵᠤ ᠠᠬᠤᠢ᠂ ᠭᠠᠵᠠᠷ ᠲᠠᠷᠢᠶᠠᠯᠠᠩ᠂ ᠮᠠᠯ ᠠᠵᠤ ᠠᠬᠤᠢ᠂ ᠵᠢᠵᠢᠭ᠂ ᠳᠤᠮᠳᠠ ᠦᠢᠯᠡᠳᠪᠦᠷᠢᠯᠡᠯ ᠢᠶᠡᠨ ᠬᠥᠭ᠍ᠵᠢᠭᠦᠯᠦᠨ᠂ ᠠᠵᠢᠯ ᠤᠨ ᠪᠠᠢᠢᠷᠢ ᠪᠤᠢ ᠪᠣᠯᠭᠠᠵᠤ᠂ ᠲᠠᠲᠠᠪᠤᠷᠢ ᠪᠠᠨ ᠲᠥᠯᠦᠨ ᠤᠯᠤᠰ᠂ ᠣᠷᠤᠨ ᠨᠤᠲᠤᠭ ᠤᠨ ᠢᠶᠠᠨ ᠡᠳ᠋ ᠦᠨ ᠵᠠᠰᠠᠭ ᠲᠤ ᠪᠣᠳᠠᠲᠠᠢ ᠬᠤᠪᠢ ᠨᠡᠮᠡᠷᠢ ᠣᠷᠤᠭᠤᠯᠵᠤ ᠪᠠᠢᠢᠭᠠᠳ ᠶᠡᠷᠦᠩᠬᠡᠢᠢᠯᠡᠭᠴᠢ ᠲᠠᠯᠠᠷᠬᠠᠯ ᠢᠯᠡᠷᠬᠡᠢᠢᠯᠡᠯ᠎ᠡ᠃

ᠵᠠᠪᠬᠠᠨ ᠤ ᠒᠔ ᠠᠵᠤ ᠠᠬᠤᠢ ᠢᠢᠨ ᠨᠢᠭᠡᠴᠡ᠂ ᠢᠷᠭᠡᠨ «ᠬᠦᠨᠡᠰᠦᠨ ᠦ ᠬᠤᠪᠢᠰᠬᠠᠯ»᠂ «ᠠᠲᠠᠷ ᠤᠨ ᠔ ᠊ᠳ᠋ᠦᠭᠡᠷ ᠠᠶᠠᠨ» ᠊ᠢ ᠬᠦᠷᠢᠶᠡᠨ ᠳᠥ ᠲᠠᠪᠤ ᠣᠷᠴᠢᠮ ᠲᠡᠷᠪᠤᠮ ᠲᠥᠭᠦᠷᠢᠭ᠌ ᠦᠨ ᠤᠷᠲᠤ ᠬᠤᠭᠤᠴᠠᠭ᠎ᠠ ᠲᠠᠶ᠂ ᠬᠥᠩ᠋ᠭᠡᠯᠡᠯᠲᠡᠲᠡᠶ ᠵᠢᠭᠡᠯᠡ ᠠᠪᠴᠤ ᠭᠠᠵᠠᠷ ᠲᠠᠷᠢᠶᠠᠯᠠᠩ᠂ ᠦᠷ᠎ᠡ ᠲᠠᠷᠢᠶ᠎ᠠ᠂ ᠬᠦᠨᠡᠰᠦᠨ ᠦ ᠨᠣᠭᠤᠭ᠎ᠠ᠂ ᠮᠢᠬ᠎ᠠ ᠮᠢᠬᠠᠨ ᠪᠦᠲᠦᠭᠡᠭ᠍ᠳᠡᠬᠦᠨ ᠦ ᠦᠢᠯᠡᠳᠪᠦᠷᠢᠯᠡᠯ ᠡᠷᠬᠢᠯᠡᠵᠦ ᠪᠠᠢᠢᠨ᠎ᠠ᠃

ᠡᠭᠦᠨ ᠦ ᠳ᠋ᠦᠩ ᠳᠥ ᠑᠙᠙᠐ ᠣᠨ ᠠᠴᠠ ᠡᠮᠦᠨ᠎ᠡ ᠤᠰᠤᠯᠠᠭ᠎ᠠ ᠲᠠᠶ ᠪᠠᠢᠢᠭᠰᠠᠨ ᠪᠦᠬᠦ ᠭᠠᠵᠠᠷ ᠲᠠᠷᠢᠶᠠᠯᠠᠩ ᠢᠶᠠᠨ ᠰᠡᠷᠭᠦᠭᠡᠭ᠍ᠰᠡᠨ᠃

᠒᠐᠒᠘ ᠣᠨ ᠭᠡᠬᠦ ᠳᠥ ᠡᠪᠡᠰᠦ᠂ ᠲᠡᠵᠢᠭᠡᠯ ᠡᠴᠡ ᠡᠬᠢᠯᠡᠭᠡᠳ ᠰᠦᠨ᠂ ᠥᠨᠳᠡᠭᠡ᠂ ᠬᠦᠨᠡᠰᠦᠨ ᠦ ᠨᠣᠭᠤᠭᠠᠨ ᠤ ᠪᠠᠨ ᠬᠡᠷᠡᠭᠴᠡᠭᠡ ᠢᠢ ᠥᠪᠡᠷᠰᠡᠳ ᠢᠶᠡᠨ ᠪᠦᠷᠢᠨ ᠬᠠᠩ᠋ᠭᠠᠬᠤ ᠵᠣᠷᠢᠯᠲᠠ ᠲᠠᠯᠪᠢᠵᠠᠶ᠃

«ᠴᠠᠭᠠᠨ ᠠᠯᠲᠠ» ᠬᠥᠲᠦᠯᠪᠦᠷᠢ ᠢᠢᠨ ᠬᠦᠷᠢᠶᠡᠨ ᠳᠥ ᠮᠣᠩ᠋ᠭᠣᠯ ᠤᠨ ᠬᠠᠮᠤᠭ ᠤᠨ ᠨᠠᠷᠢᠨ ᠮᠢᠻᠷᠣᠨ ᠲᠠᠶ «ᠵᠠᠪᠬᠠᠨ ᠪᠤᠭᠤᠷᠤᠯ ᠡᠭᠦᠯᠳᠡᠷ ᠦᠨ ᠢᠮᠠᠭ᠎ᠠ»᠂ ᠨᠠᠷᠢᠨ ᠨᠣᠣᠰᠤ ᠲᠠᠶ «ᠰᠠᠷᠲᠠᠭᠤᠯ ᠡᠭᠦᠯᠳᠡᠷ ᠦᠨ ᠬᠣᠨᠢ» ᠢᠢ ᠴᠥᠮ ᠰᠦᠷᠦᠭ ᠪᠣᠯᠭᠠᠨ ᠥᠰᠬᠡᠨ ᠦᠷᠡᠵᠢᠭᠦᠯᠳᠡᠭ᠃

ᠮᠥᠨ «ᠲᠣᠰᠤᠨᠴᠡᠩᠬᠡᠯ ᠦᠨ ᠠᠵᠤ ᠦᠢᠯᠡᠳᠪᠦᠷᠢ ᠢᠢᠨ ᠫᠠᠷᠻ» ᠪᠠᠢᠢᠭᠤᠯᠬᠤ ᠪᠥᠭᠡᠳ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠑ ᠰᠠᠶ᠎ᠠ ᠭᠠᠷᠤᠢ ᠮᠣᠳᠤ ᠲᠠᠷᠢᠵᠤ ᠤᠷᠭᠤᠭᠤᠯᠤᠭᠠᠳ ᠪᠠᠢᠢᠨ᠎ᠠ᠃

«ᠶᠡᠷᠦᠩᠬᠡᠢᠢᠯᠡᠭᠴᠢ ᠢᠢᠨ ᠢᠯᠡᠭᠡᠯᠲᠡ-᠒᠑᠐᠐» ᠲᠡᠳᠬᠦᠯᠭᠡᠲᠦ ᠬᠥᠲᠦᠯᠪᠦᠷᠢ ᠳᠥ ᠵᠠᠪᠬᠠᠨ ᠠᠢᠢᠮᠠᠭ ᠤᠨ ᠗᠘ ᠣᠶᠤᠲᠠᠨ ᠰᠢᠯᠭᠠᠷᠠᠭᠰᠠᠨ᠃ ᠣᠳᠤ ᠪᠠᠷ ᠭᠠᠳᠠᠭᠠᠳᠤ ᠢᠢᠨ ᠑᠕ ᠣᠷᠤᠨ ᠤ ᠶᠡᠬᠡ᠂ ᠳᠡᠭᠡᠳᠦ ᠰᠤᠷᠭᠠᠭᠤᠯᠢ ᠳᠤ ᠔᠓ ᠣᠶᠤᠲᠠᠨ ᠰᠤᠷᠤᠯᠴᠠᠵᠤ ᠪᠠᠢᠢᠭ᠎ᠠ ᠪᠥᠭᠡᠳ ᠠᠩᠬᠠᠨ ᠤ ᠲᠡᠭᠦᠰᠦᠭᠴᠢᠳ ᠢᠶᠡᠨ ᠠᠢᠢᠮᠠᠭ ᠤᠨ ᠢᠶᠠᠨ ᠲᠠᠮᠠᠭ᠎ᠠ ᠢᠢᠨ ᠭᠠᠵᠠᠷ ᠲᠤ ᠠᠵᠢᠯᠯᠠᠬᠤ ᠤᠷᠢᠯᠭ᠎ᠠ ᠬᠦᠷᠭᠡᠭᠦᠯᠵᠡᠶ᠃

ᠲᠥᠷᠦ ᠢᠢᠨ ᠲᠡᠷᠢᠭᠦᠨ ᠣᠷᠤᠨ ᠨᠤᠲᠤᠭ ᠲᠤ ᠠᠵᠢᠯᠯᠠᠵᠤ᠂ ᠪᠣᠳᠤᠯᠭ᠎ᠠ᠂ ᠦᠢᠯᠡ ᠠᠵᠢᠯᠯᠠᠭ᠎ᠠ᠂ ᠨᠡᠢᠢᠭᠡᠮ᠂ ᠡᠳ᠋ ᠦᠨ ᠵᠠᠰᠠᠭ ᠤᠨ ᠨᠥᠬᠦᠴᠡᠯ ᠪᠠᠢᠢᠳᠠᠯ ᠤᠨ ᠲᠠᠯ᠎ᠠ ᠪᠠᠷ ᠲᠠᠨᠢᠯᠴᠠᠭᠤᠯᠵᠤ᠂ ᠰᠠᠨᠠᠭ᠎ᠠ ᠪᠣᠳᠤᠯ ᠢ ᠨᠢ ᠰᠣᠨᠤᠰᠴᠤ ᠪᠠᠢᠢᠭᠠᠳ ᠢᠷᠭᠡᠳ ᠲᠠᠯᠠᠷᠬᠠᠯ ᠢᠯᠡᠷᠬᠡᠢᠢᠯᠡᠪᠡ᠃ ᠲᠡᠭᠦᠨᠴᠢᠯᠡᠨ ᠶᠡᠷᠦᠩᠬᠡᠢᠢᠯᠡᠭᠴᠢ ᠢᠢᠨ ᠡᠷᠭᠦᠨ ᠪᠠᠷᠢᠭᠰᠠᠨ ᠤ᠊ ᠶᠡ᠊ ᠬᠤᠷᠠᠯ ᠤᠨ ᠭᠡᠰᠢᠭᠦᠨ ᠢ ᠡᠭᠡᠭᠦᠯᠦᠨ ᠲᠠᠲᠠᠬᠤ ᠲᠠᠶ ᠬᠣᠯᠪᠤᠭ᠎ᠠ ᠲᠠᠢ ᠬᠠᠤᠯᠢ ᠢᠢᠨ ᠲᠥᠰᠦᠯ ᠢ ᠳᠡᠮᠵᠢᠵᠦ ᠪᠠᠢᠢᠭ᠎ᠠ ᠪᠠᠨ ᠴᠦ ᠠᠭᠤᠯᠵᠠᠯᠲᠠ ᠳᠤ ᠣᠷᠤᠯᠴᠠᠭᠰᠠᠨ ᠢᠷᠭᠡᠳ ᠢᠯᠡᠷᠬᠡᠢᠢᠯᠡᠯ᠎ᠡ᠃

ᠮᠥᠨ ᠶᠡᠷᠦᠩᠬᠡᠢᠢᠯᠡᠭᠴᠢ ᠢᠢᠨ ᠰᠠᠨᠠᠭᠠᠴᠢᠯᠠᠨ ᠬᠡᠷᠡᠭᠵᠢᠭᠦᠯᠵᠦ ᠪᠠᠢᠢᠭ᠎ᠠ ᠬᠥᠲᠦᠯᠪᠦᠷᠢ ᠨᠤᠭᠦᠳ ᠣᠷᠤᠨ ᠨᠤᠲᠤᠭ ᠤᠨ ᠬᠥᠭ᠍ᠵᠢᠯ ᠳᠡᠪᠰᠢᠯ᠂ ᠢᠷᠭᠡᠳ ᠦᠨ ᠠᠬᠤᠢ ᠠᠮᠢᠳᠤᠷᠠᠯ᠂ ᠪᠣᠯᠪᠠᠰᠤᠷᠠᠯ ᠳᠤ ᠣᠷᠤᠭᠤᠯᠵᠤ ᠪᠠᠢᠢᠭ᠎ᠠ ᠲᠣᠮᠣᠬᠠᠨ ᠬᠥᠷᠦᠩ᠋ᠭᠡ ᠣᠷᠤᠭᠤᠯᠤᠯᠲᠠ ᠭᠡᠳᠡᠭ ᠢ ᠬᠡᠯᠡᠯ᠎ᠡ᠃

ᠲᠡᠯᠡᠮᠡᠨ ᠰᠤᠮᠤ ᠢᠢᠨ ᠵᠠᠰᠠᠭ ᠳᠠᠷᠤᠭ᠎ᠠ ᠢᠢᠨ ᠲᠠᠮᠠᠭ᠎ ᠠ ᠢᠢᠨ ᠭᠠᠵᠠᠷ ᠤᠨ ᠪᠠᠢᠢᠭᠠᠯᠢ ᠣᠷᠴᠢᠨ ᠤ ᠬᠢᠨᠠᠯᠲᠠ ᠢᠢᠨ ᠤᠯᠤᠰ ᠤᠨ ᠪᠠᠢᠢᠴᠠᠭᠠᠭᠴᠢ ᠵ᠊·ᠭᠠᠩᠲᠡᠮᠦᠷ: ᠪᠢ ᠒᠐ ᠭᠠᠷᠤᠢ ᠵᠢᠯ ᠲᠥᠷᠦ ᠢᠢᠨ ᠠᠯᠪᠠᠨ ᠳᠤ ᠠᠵᠢᠯᠯᠠᠵᠤ ᠪᠠᠢᠢᠨ᠎ᠠ᠃ ᠮᠢᠨᠦ ᠬᠦᠦ ᠡᠩᠬᠡᠬᠦ᠋ᠰᠡᠯᠡᠩ «ᠶᠡᠷᠦᠩᠬᠡᠢᠢᠯᠡᠭᠴᠢ ᠢᠢᠨ ᠢᠯᠡᠭᠡᠯᠲᠡ-᠒᠑᠐᠐» ᠲᠡᠳᠬᠦᠯᠭᠡᠲᠦ ᠬᠥᠲᠦᠯᠪᠦᠷᠢ ᠢᠢᠨ ᠬᠦᠷᠢᠶᠡᠨ ᠳᠥ ᠾᠦᠩ᠋ᠭᠠᠷᠢ ᠤᠯᠤᠰ ᠤᠨ ᠪᠦᠳᠠᠫᠧᠰᠲ᠋ ᠬᠣᠲᠠ ᠳᠤ ᠪᠠᠷᠢᠯᠭ᠎ᠠ ᠢᠢᠨ ᠢᠨ᠋ᠵᠧᠨᠧᠷ ᠮᠡᠷᠭᠡᠵᠢᠯ ᠢᠶᠡᠷ ᠰᠤᠷᠤᠯᠴᠠᠵᠤ ᠪᠠᠢᠢᠭ᠎ᠠ᠃ ᠡᠨᠡ ᠪᠣᠯ ᠮᠢᠨᠦ ᠬᠦᠦ ᠢᠢᠨ ᠢᠷᠡᠭᠡᠳᠦᠢ ᠳᠥ ᠣᠷᠤᠭᠤᠯᠵᠤ ᠪᠠᠢᠢᠭ᠎ᠠ ᠲᠣᠮᠤ ᠬᠥᠷᠦᠩ᠋ᠭᠡ ᠣᠷᠤᠭᠤᠯᠤᠯᠲᠠ᠂ ᠮᠠᠨ ᠤ ᠭᠡᠷ ᠪᠦᠯᠢ ᠳᠥ ᠢᠲᠡᠭᠡᠯ᠂ ᠤᠷᠮ᠎ᠠ ᠪᠠᠰᠠ ᠬᠠᠷᠢᠭᠤᠴᠠᠯᠭ᠎ᠠ ᠥᠭ᠍ᠭᠦᠯ᠎ᠡ᠃ ᠲᠥᠪ ᠰᠠᠭᠤᠷᠢᠨ ᠭᠠᠵᠠᠷ᠂ ᠬᠥᠳᠡᠭᠡ ᠣᠷᠤᠨ ᠨᠤᠲᠤᠭ ᠤᠨ ᠮᠢᠩ᠋ᠭ᠎ᠠ ᠮᠢᠩ᠋ᠭᠠᠨ ᠬᠡᠦᠬᠡᠳ ᠲᠥ «ᠬᠢᠴᠢᠶᠡᠪᠡᠯ ᠪᠣᠯᠤᠮᠵᠢ ᠪᠠᠢᠢᠨ᠎ᠠ» ᠭᠡᠰᠡᠨ ᠢᠲᠡᠭᠡᠯ ᠲᠥᠷᠦᠭᠰᠡᠨ ᠭᠡᠳᠡᠭ ᠲᠥ ᠢᠲᠡᠭᠡᠯ ᠲᠡᠶ ᠪᠠᠢᠢᠨ᠎ᠠ᠃ ᠡᠨᠡ ᠬᠥᠲᠦᠯᠪᠦᠷᠢ ᠪᠡᠨ ᠤᠯᠠᠮ ᠥᠷᠭᠡᠵᠢᠭᠦᠯᠵᠦ᠂ ᠣᠯᠠᠨ ᠬᠡᠦᠬᠡᠳ ᠦᠨ ᠬᠦᠰᠡᠯ ᠮᠥᠷᠦᠭᠡᠳᠦᠯ ᠢ ᠪᠡᠶᠡᠯᠡᠭᠦᠯᠦᠭᠡᠷᠡᠶ ᠭᠡᠵᠦ ᠬᠦᠰᠡᠶ ᠡ᠃

«ᠮᠥᠩᠬᠡᠳᠡ ᠮᠠᠨᠳᠤᠭ» ᠬᠢ᠊ ᠬᠠ᠊ ᠻᠣᠮᠫᠠᠨᠢ ᠢᠢᠨ ᠭᠦᠢᠴᠡᠳᠬᠡᠬᠦ ᠵᠠᠬᠢᠷᠤᠯ ᠴ᠊·ᠵᠣᠯᠵᠠᠶᠠᠭ᠎ᠠ: ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ «ᠬᠦᠨᠡᠰᠦᠨ ᠦ ᠬᠤᠪᠢᠰᠬᠠᠯ» ᠦᠨᠳᠦᠰᠦᠨ ᠦ ᠬᠥᠳᠡᠯᠭᠡᠭᠡᠨ ᠮᠠᠨ ᠤ ᠮᠠᠯᠴᠢᠳ᠂ ᠲᠠᠷᠢᠶᠠᠯᠠᠩᠴᠢᠳ᠂ ᠦᠢᠯᠡᠳᠪᠦᠷᠢᠯᠡᠭᠴᠢᠳ ᠦᠨ ᠬᠤᠪᠢ ᠳᠤ ᠴᠠᠭ ᠦᠶ᠎ᠡ ᠪᠡᠨ ᠣᠯᠤᠭᠰᠠᠨ᠂ ᠢᠷᠡᠭᠡᠳᠦᠢ ᠳᠥ ᠪᠡᠨ ᠢᠲᠡᠭᠡᠬᠦ ᠢᠲᠡᠭᠡᠯ ᠢ ᠪᠠᠳᠠᠷᠠᠭᠠᠭᠰᠠᠨ ᠲᠣᠮᠣᠬᠠᠨ ᠠᠵᠢᠯ ᠪᠣᠯᠵᠤ ᠪᠠᠢᠢᠭ᠎ᠠ ᠢᠢ ᠣᠨᠴᠠᠯᠠᠨ ᠬᠡᠯᠡᠶ ᠡ᠃ ᠮᠠᠨ ᠤ ᠻᠣᠮᠫᠠᠨᠢ ᠡᠨᠡ ᠬᠥᠳᠡᠯᠭᠡᠭᠡᠨ ᠢ ᠳᠡᠮᠵᠢᠵᠦ᠂ ᠴᠠᠭᠠᠨ ᠢᠳᠡᠭᠡ᠂ ᠪᠠᠢᠢᠭᠠᠯᠢ ᠢᠢᠨ ᠵᠡᠷᠯᠢᠭ ᠨᠡᠷᠡᠰ᠂ ᠠᠨᠢᠰ᠂ ᠴᠢᠨᠤ᠎ᠠ ᠢᠢᠨ ᠡᠯᠢᠭᠡ᠂ ᠴᠢᠴᠠᠷᠭᠠᠨ᠎ᠠ᠂ ᠵᠢᠮᠢᠰ᠂ ᠵᠢᠮᠢᠰᠬᠡᠨ᠎ᠡ ᠪᠡᠨ ᠵᠥᠪᠬᠡᠨ ᠣᠷᠤᠨ ᠨᠤᠲᠤᠭ ᠲᠤ ᠪᠠᠨ ᠪᠢᠰᠢ᠂ ᠤᠯᠤᠰ ᠤᠨ ᠬᠡᠮᠵᠢᠶᠡᠨ ᠦ ᠪᠷᠧᠨ᠋ᠳ᠋ ᠪᠣᠯᠭᠠᠬᠤ ᠢᠢ ᠵᠣᠷᠢᠵᠤ ᠪᠠᠢᠢᠨ᠎ᠠ᠃ ᠪᠢᠳᠡ ᠵᠢᠯ ᠳᠥ ᠓᠐-᠔᠐ ᠲᠣᠨ᠋᠊ᠨ᠋ ᠪᠠᠢᠢᠭᠠᠯᠢ ᠢᠢᠨ ᠵᠢᠮᠢᠰ ᠪᠣᠯᠪᠠᠰᠤᠷᠠᠭᠤᠯᠵᠤ ᠔᠐ ᠭᠠᠷᠤᠢ ᠨᠡᠷ᠎ᠡ ᠲᠥᠷᠦᠯ ᠦᠨ ᠪᠦᠲᠦᠭᠡᠭ᠍ᠳᠡᠬᠦᠨ᠂ ᠨᠠᠢᠮᠠᠨ ᠲᠥᠷᠦᠯ ᠦᠨ ᠰᠦᠨ᠂ ᠰᠦᠨ ᠪᠦᠲᠦᠭᠡᠭ᠍ᠳᠡᠬᠦᠨ ᠦᠢᠯᠡᠳᠪᠦᠷᠢᠯᠡᠵᠦ ᠪᠠᠢᠢᠨ᠎ᠠ᠃ «ᠬᠦᠨᠡᠰᠦᠨ ᠦ ᠬᠤᠪᠢᠰᠬᠠᠯ» ᠤᠨ ᠬᠦᠷᠢᠶᠡᠨ ᠳᠥ ᠲᠠᠲᠠᠪᠤᠷᠢ ᠢᠢᠨ ᠪᠣᠳᠤᠯᠭ᠎ᠠ ᠪᠠᠷ ᠳᠡᠮᠵᠢᠵᠦ᠂ ᠬᠥᠩ᠋ᠭᠡᠯᠡᠯᠲᠡᠲᠡᠶ ᠵᠢᠭᠡᠯᠡ ᠣᠯᠭᠤᠵᠤ ᠪᠠᠢᠢᠭ᠎ᠠ ᠨᠢ ᠵᠢᠵᠢᠭ᠂ ᠳᠤᠮᠳᠠ ᠦᠢᠯᠡᠳᠪᠦᠷᠢᠯᠡᠭᠴᠢᠳ ᠲᠥ ᠲᠧᠭᠨᠣᠯᠤᠭᠢ ᠪᠠᠨ ᠰᠢᠨᠡᠴᠢᠯᠠᠬᠦ᠂ ᠠᠵᠢᠯ ᠤᠨ ᠪᠠᠢᠢᠷᠢ ᠨᠡᠮᠡᠭᠳᠡᠭᠦᠯᠬᠦ ᠮᠠᠰᠢ ᠲᠣᠮᠤ ᠪᠣᠯᠤᠮᠵᠢ ᠣᠯᠭᠤᠵᠤ ᠪᠠᠢᠢᠭ᠎ᠠ᠃ ᠴᠢᠨᠠᠭᠰᠢᠳᠠ ᠣᠷᠤᠨ ᠨᠤᠲᠤᠭ ᠤᠨ ᠦᠢᠯᠡᠳᠪᠦᠷᠢᠯᠡᠭᠴᠢᠳ ᠦᠨ ᠪᠦᠲᠦᠭᠡᠭ᠍ᠳᠡᠬᠦᠨ ᠢ ᠲᠥᠷᠦ ᠢᠢᠨ ᠬᠤᠳᠠᠯᠳᠤᠨ ᠠᠪᠤᠯᠲᠠ ᠪᠠᠷ ᠳᠡᠮᠵᠢᠬᠦ ᠲᠣᠭᠲᠠᠯᠴᠠᠭ᠎ᠠ ᠢᠢ ᠤᠯᠠᠮ ᠪᠦᠷᠢ ᠥᠷᠭᠡᠵᠢᠭᠦᠯᠬᠦ ᠱᠠᠭᠠᠷᠳᠠᠯᠭ᠎ᠠ ᠲᠠᠶ ᠭᠡᠵᠦ ᠪᠣᠳᠤᠳᠠᠭ᠃ ᠪᠢᠳᠡ ᠵᠠᠪᠬᠠᠨ ᠨᠤᠲᠤᠭ ᠤᠨ ᠢᠶᠠᠨ ᠡᠻᠣᠯᠣᠭᠢ ᠢᠢᠨ ᠴᠡᠪᠡᠷ ᠬᠦᠨᠡᠰᠦ ᠪᠡᠷ ᠮᠣᠩ᠋ᠭᠤᠯᠴᠤᠳ ᠢᠶᠠᠨ ᠬᠠᠩ᠋ᠭᠠᠬᠤ ᠢᠢᠨ ᠲᠥᠯᠦᠭᠡ ᠬᠢᠴᠢᠶᠡᠵᠦ ᠠᠵᠢᠯᠯᠠᠬᠤ ᠪᠣᠯᠤᠨ᠎ᠠ᠃ ᠪᠠᠶᠠᠷᠯᠠᠯ᠎ᠠ᠃

«ᠣᠢ ᠢᠢᠨ ᠲᠣᠭᠲᠠᠪᠤᠷᠢᠲᠠᠶ ᠪᠠᠢᠢᠳᠠᠯ» ᠡᠮᠡᠭᠲᠡᠢᠢᠴᠦᠳ ᠦᠨ ᠲᠥ᠊ ᠪᠤ ᠪᠠᠢᠢᠭᠤᠯᠤᠯᠭ᠋ ᠠ ᠢᠢᠨ ᠭᠡᠰᠢᠭᠦᠨ᠂ ᠪᠠᠢᠢᠭᠠᠯᠢ ᠣᠷᠴᠢᠨ ᠤ ᠭᠠᠪᠢᠶᠠᠲᠤ ᠠᠵᠢᠯᠲᠠᠨ ᠳ᠊·ᠲᠤᠶᠠᠭ᠎ᠠ: ᠵᠠᠪᠬᠠᠨ ᠠᠢᠢᠮᠠᠭ ᠭᠠᠵᠠᠷ ᠵᠦᠢ ᠢᠢᠨ ᠪᠦᠬᠦ ᠪᠦᠰᠡ ᠪᠦᠰᠡᠯᠡᠭᠦᠷ ᠢ ᠬᠠᠮᠤᠷᠤᠭᠰᠠᠨ ᠣᠨᠴᠠᠯᠢᠭ ᠪᠠᠢᠢᠭᠠᠯᠢ ᠲᠠᠶ᠃ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠢ ᠮᠠᠨ ᠤ ᠰᠠᠯᠪᠤᠷᠢ ᠢᠢᠨ ᠬᠢᠨ ᠲᠠᠯᠠᠷᠬᠠᠨ ᠬᠦᠯᠢᠶᠡᠵᠦ ᠠᠪᠤᠭᠰᠠᠨ᠃ ᠠᠢᠢᠮᠠᠭ᠂ ᠣᠷᠤᠨ ᠨᠤᠲᠤᠭ ᠤᠨ ᠪᠣᠳᠤᠯᠭ᠎ᠠ᠂ ᠲᠥᠯᠥᠪᠯᠡᠯᠲᠡ ᠢᠢᠨ ᠳᠠᠭᠠᠭᠤ ᠒᠔ ᠰᠤᠮᠤ ᠢᠢᠨ ᠲᠠᠪᠤ ᠳᠤ ᠨᠢ «ᠨᠢᠭᠡ ᠰᠤᠮᠤ-ᠨᠢᠭᠡ ᠨᠠᠭᠤᠷ» ᠬᠥᠲᠦᠯᠪᠦᠷᠢ ᠬᠡᠷᠡᠭᠵᠢᠵᠦ ᠪᠠᠢᠢᠭ᠎ᠠ᠃ ᠡᠨᠡ ᠣᠨ ᠳᠤ ᠲᠠᠪᠤᠨ ᠰᠤᠮᠤ ᠨᠡᠮᠡᠭᠳᠡᠨ᠎ᠡ᠃ ᠰᠤᠮᠤ ᠪᠦᠷᠢ ᠨᠢᠭᠡ ᠡᠴᠡ ᠳᠣᠭᠤᠭᠰᠢ ᠦᠭᠡᠢ ᠬᠥᠪ᠂ ᠴᠥᠭᠦᠷᠦᠮ ᠪᠠᠢᠢᠭᠤᠯᠴᠢᠬᠠᠪᠠᠯ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠲᠠᠷᠢᠭᠰᠠᠨ ᠮᠣᠳᠤ᠂ ᠪᠤᠲᠠ ᠰᠥᠭᠡᠭ ᠢᠶᠡᠨ ᠤᠰᠤᠯᠠᠬᠤ᠂ ᠠᠷᠠᠴᠢᠯᠠᠬᠤ ᠠᠴᠠ ᠡᠬᠢᠯᠡᠭᠡᠳ ᠢᠷᠭᠡᠳ ᠮᠠᠯ ᠠᠵᠤ ᠠᠬᠤᠢ᠂ ᠭᠠᠵᠠᠷ ᠲᠠᠷᠢᠶᠠᠯᠠᠩ ᠡᠷᠬᠢᠯᠡᠵᠦ ᠠᠬᠤᠢ ᠠᠮᠢᠳᠤᠷᠠᠯ ᠢᠶᠠᠨ ᠥᠭᠡᠳᠡ ᠨᠢ ᠲᠠᠲᠠᠬᠤ ᠳᠤ ᠬᠤᠪᠢ ᠨᠡᠮᠡᠷᠢ ᠲᠡᠶ ᠭᠡᠵᠦ ᠪᠣᠳᠤᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠵᠠᠪᠬᠠᠨ ᠠᠢᠢᠮᠠᠭ ᠤᠨ «ᠦᠶ᠎ᠡ ᠵᠠᠯᠭᠠᠮᠵᠢᠯᠠᠭᠴᠢ-ᠧᠯᠢᠲ» ᠰᠤᠪᠢᠯᠠᠯ ᠤᠨ ᠡᠮᠴᠢᠯᠡᠭᠡ ᠡᠷᠬᠢᠯᠡᠭᠰᠡᠨ ᠣᠷᠤᠯᠠᠭᠴᠢ ᠳᠠᠷᠤᠭ᠎ᠠ ᠪᠠᠲᠤᠵᠢᠷᠭᠠᠯ ᠤᠨ ᠭᠣᠲᠤᠪ ᠲᠤ ᠬᠦᠮᠦᠨ ᠦ ᠭᠠᠪᠢᠶᠠᠲᠤ ᠡᠮᠴᠢ᠂ «ᠲ᠋ᠡᠰ ᠦᠨ ᠭᠣᠣᠯ» ᠰᠠᠩ ᠤᠨ ᠲᠡᠷᠢᠭᠦᠨ᠂ «ᠰᠢᠨ᠎ᠡ-ᠡᠷᠢᠨ ᠣᠢᠢᠯᠠ» ᠻᠣᠮᠫᠠᠨᠢ ᠢᠢᠨ ᠶᠡᠷᠦᠩᠬᠡᠢ ᠵᠠᠬᠢᠷᠤᠯ ᠵᠤᠩᠳᠤᠶ ᠢᠢᠨ ᠬᠦᠷᠡᠯᠪᠠᠭᠠᠲᠤᠷ ᠲᠤ ᠬᠤᠳᠠᠯᠳᠤᠭᠠᠨ ᠤ ᠭᠠᠪᠢᠶᠠᠲᠤ ᠠᠵᠢᠯᠲᠠᠨ᠂ «ᠮᠥᠩᠬᠡᠳᠡ ᠮᠠᠨᠳᠤᠭ» ᠻᠣᠮᠫᠠᠨᠢ ᠢᠢᠨ ᠵᠥᠪᠯᠡᠬᠦ ᠳᠠᠭᠪᠠ ᠢᠢᠨ ᠪᠠᠶᠠᠷ ᠲᠤ ᠠᠵᠤ ᠦᠢᠯᠡᠳᠪᠦᠷᠢ ᠢᠢᠨ ᠭᠠᠪᠢᠶᠠᠲᠤ ᠠᠵᠢᠯᠲᠠᠨ᠂ ᠵᠠᠪᠬᠠᠨ ᠠᠢᠢᠮᠠᠭ ᠤᠨ ᠴᠠᠭᠳᠠᠭ᠎ᠠ ᠢᠢᠨ ᠭᠠᠵᠠᠷ ᠤᠨ ᠲᠥᠯᠥᠪᠯᠡᠯᠲᠡ᠂ ᠵᠣᠬᠢᠶᠠᠨ ᠪᠠᠢᠢᠭᠤᠯᠤᠯᠲᠠ ᠬᠠᠷᠢᠭᠤᠴᠠᠭᠰᠠᠨ ᠮᠡᠷᠭᠡᠵᠢᠯᠲᠡᠨ᠂ ᠲᠠᠶᠧᠻᠸᠣᠨ᠋ᠳᠣ᠋ ᠢᠢᠨ ᠪᠠᠭᠰᠢ᠂ ᠳᠠᠰᠬᠠᠯᠵᠢᠭᠤᠯᠤᠭᠴᠢ᠂ ᠴᠠᠭᠳᠠᠭ᠎ᠠ ᠢᠢᠨ ᠠᠬᠠᠮᠠᠳ ᠰᠠᠩᠳᠠᠭᠳᠣᠷᠵᠢ ᠢᠢᠨ ᠪᠤᠳ᠋ᠬᠦ᠋ᠦ ᠳᠥ ᠭᠠᠪᠢᠶᠠᠲᠤ ᠳᠠᠰᠬᠠᠯᠵᠢᠭᠤᠯᠤᠭᠴᠢ ᠴᠣᠯᠠ ᠬᠦᠷᠲᠡᠭᠡᠵᠦ᠂ ᠨᠡᠷ᠎ᠡ ᠪᠦᠬᠦᠢ ᠡᠷᠬᠢᠮ ᠦᠳ ᠢ ᠲᠥᠷᠦ ᠢᠢᠨ ᠣᠳᠤᠨ᠂ ᠮᠧᠳᠠᠯᠢ ᠪᠠᠷ ᠱᠠᠩᠨᠠᠯ᠎ᠠ᠃

ᠥᠩ᠋ᠭᠡᠷᠡᠭᠰᠡᠨ ᠣᠨ ᠳᠤ ᠲᠣᠰᠤᠨᠴᠡᠩᠬᠡᠯ ᠰᠤᠮᠤ ᠳᠤ ᠒᠒ ᠮᠧᠭᠠᠸᠠᠲ᠋ᠲ ᠤᠨ ᠳᠤᠯᠠᠭᠠᠨ ᠤ ᠴᠠᠬᠢᠯᠭᠠᠨ ᠰᠲ᠋ᠠᠨ᠋ᠼᠢ ᠠᠰᠢᠭᠯᠠᠯᠲᠠ ᠳᠤ ᠣᠷᠤᠵᠤ᠂ ᠠᠯᠲᠠᠶ-ᠤᠯᠢᠶᠠᠰᠤᠲᠠᠶ ᠢᠢᠨ ᠡᠷᠴᠢᠮ ᠬᠦᠴᠦᠨ ᠦ ᠰᠢᠰᠲ᠋ᠧᠮ ᠳᠥ ᠡᠷᠴᠢᠮ ᠬᠦᠴᠦ ᠨᠡᠢᠢᠯᠡᠭᠦᠯᠵᠦ ᠡᠬᠢᠯᠡᠭᠰᠡᠨ᠃

ᠮᠥᠨ ᠤᠯᠢᠶᠠᠰᠤᠲᠠᠢ ᠰᠤᠮᠤ ᠢᠢᠨ ᠪᠣᠬᠢᠷ ᠤᠰᠤ ᠴᠡᠪᠡᠷᠯᠡᠬᠦ ᠪᠦᠷᠢᠨ ᠠᠦ᠋᠋ᠲ᠋ᠣᠮᠠᠲ ᠪᠠᠢᠢᠭᠤᠯᠤᠮᠵᠢ᠂ ᠘᠐᠐ ᠬᠦᠮᠦᠨ ᠦ ᠰᠠᠭᠤᠳᠠᠯ ᠲᠠᠶ ᠲᠢᠶᠠᠲ᠋ᠷ᠂ ᠠᠢᠢᠮᠠᠭ ᠤᠨ ᠑᠐᠐ ᠣᠷᠤ ᠲᠠᠶ᠂ ᠲᠣᠰᠤᠨᠴᠡᠩᠬᠡᠯ ᠰᠤᠮᠤ ᠢᠢᠨ ᠕᠐ ᠣᠷᠤ ᠲᠠᠶ ᠡᠮᠨᠡᠯᠭᠡ᠂ ᠤᠯᠢᠶᠠᠰᠤᠲᠠᠢ-ᠠᠯᠲᠠᠶ ᠴᠢᠭᠯᠡᠯ ᠦᠨ ᠑᠗᠘ ᠻᠢ᠊ᠮᠧ᠊᠂ ᠠᠷᠴᠠ ᠰᠠᠭᠤᠷᠢ ᠪᠣᠭᠤᠮᠲᠠ ᠬᠦᠷᠲᠡᠯᠡᠬᠢ ᠑᠖᠐ ᠻᠢ᠊ᠮᠧ᠊᠂ ᠰᠣᠯᠤᠩᠭ᠋ᠠᠲᠤ ᠢᠢᠨ ᠳᠠᠪᠠᠭᠠᠨ ᠤ ᠬᠠᠲᠠᠭᠤ ᠬᠤᠴᠢᠯᠲᠠ ᠲᠠᠶ ᠠᠦ᠋ᠲ᠋ᠣ᠋ ᠵᠠᠮ᠂ ᠪᠣᠭᠳᠠ᠂ ᠴᠢᠭᠡᠰᠲᠡᠢ ᠢᠢᠨ ᠭᠣᠣᠯ ᠤᠨ ᠲᠡᠮᠦᠷ ᠪᠧᠲ᠋ᠣᠨ ᠭᠦᠭᠦᠷᠭᠡ ᠢᠢᠨ ᠪᠦᠲᠦᠭᠡᠨ ᠪᠠᠢᠢᠭᠤᠯᠤᠯᠲᠠ ᠥᠷᠨᠢᠵᠦ ᠪᠠᠢᠢᠨ᠎ᠠ᠃

ᠵᠠᠪᠬᠠᠨ ᠠᠢᠢᠮᠠᠭ ᠪᠦᠲᠦᠭᠡᠨ ᠪᠠᠢᠢᠭᠤᠯᠤᠯᠲᠠ᠂ ᠢᠯᠡ ᠲᠣᠳᠤ ᠨᠡᠭᠡᠭᠡᠯᠲᠡᠲᠡᠶ ᠪᠠᠢᠢᠳᠠᠯ᠂ ᠪᠢᠽᠢᠨᠧᠰ ᠦᠨ ᠦᠷ᠎ᠡ ᠠᠰᠢᠭ ᠢ ᠨᠡᠮᠡᠭᠳᠡᠭᠦᠯᠬᠦ᠂ ᠨᠡᠢᠢᠭᠡᠮ ᠦᠨ ᠬᠠᠮᠠᠭᠠᠯᠠᠯ ᠤᠨ ᠪᠣᠳᠤᠯᠭ᠎ᠠ ᠪᠠᠨ ᠰᠠᠢᠢᠵᠢᠷᠠᠭᠤᠯᠬᠤ ᠳᠤ ᠣᠨᠴᠤᠭᠤᠢ ᠠᠩᠬᠠᠷᠴᠤ ᠪᠠᠢᠢᠭ᠎ᠠ ᠢᠢ ᠵᠠᠰᠠᠭ ᠳᠠᠷᠤᠭ᠎ᠠ ᠴ᠊·ᠥᠨᠢᠷᠪᠠᠶᠠᠷ ᠬᠡᠯᠡᠯ᠎ᠡ᠃

ᠴᠢᠨᠠᠭᠰᠢᠳᠠ ᠡᠯᠰᠡᠯᠲᠡ ᠢᠢᠨ ᠶᠡᠷᠦᠩᠬᠡᠢ ᠰᠢᠯᠭᠠᠯᠲᠠ ᠢᠢᠨ ᠦᠨᠡᠯᠡᠭᠡ᠂ ᠡᠷᠡᠭᠦᠯ ᠮᠡᠨᠳᠦ ᠢᠢᠨ ᠦᠢᠯᠡᠴᠢᠯᠡᠭᠡ᠂ ᠡᠷᠲᠡ ᠢᠯᠡᠷᠡᠭᠦᠯᠭᠡ᠂ ᠰᠢᠳᠤᠷᠭᠤ ᠪᠠᠢᠢᠳᠠᠯ ᠤᠨ ᠦᠨᠡᠯᠡᠭᠡ᠂ ᠴᠠᠬᠢᠮᠵᠢᠯᠲᠠ᠂ ᠤᠯᠤᠰ ᠤᠨ ᠲᠥᠰᠦᠪ ᠦᠨ ᠬᠥᠷᠦᠩ᠋ᠭᠡ ᠣᠷᠤᠭᠤᠯᠤᠯᠲᠠ ᠭᠡᠳ ᠣᠯᠠᠨ ᠦᠵᠡᠭᠦᠯᠦᠯᠲᠡ ᠪᠡᠷ ᠤᠯᠤᠰ ᠲᠤ ᠪᠠᠨ ᠲᠡᠷᠢᠭᠦᠯᠡᠬᠦ ᠵᠣᠷᠢᠯᠲᠠ ᠲᠠᠯᠪᠢᠵᠠᠶ᠃

ᠶᠡᠷᠦᠩᠬᠡᠢᠢᠯᠡᠭᠴᠢ ᠤ·ᠬᠦᠷᠡᠯᠰᠦ᠋ᠬᠡ ᠵᠠᠪᠬᠠᠨ ᠠᠢᠢᠮᠠᠭ ᠤᠨ ᠢᠷᠭᠡᠳ ᠲᠥ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠯ᠎ᠡ᠃

ᠮᠥᠨ ᠭᠠᠯ ᠮᠣᠷᠢᠨ ᠵᠢᠯ ᠳᠥ ᠪᠡᠨ ᠲᠥᠷᠦ᠂ ᠵᠠᠰᠠᠭ᠂ ᠲᠦᠮᠡᠨ ᠣᠯᠠᠨ ᠢᠶᠠᠷ ᠢᠶᠠᠨ ᠣᠯᠤᠯᠲᠠ᠂ ᠠᠮᠵᠢᠯᠲᠠ ᠪᠠᠨ ᠪᠠᠲᠤᠳᠬᠠᠵᠤ᠂ ᠡᠪ ᠢ ᠡᠷᠬᠢᠮᠯᠡᠵᠦ᠂ ᠵᠥᠪ ᠢ ᠲᠡᠳᠬᠦᠨ᠂ ᠶᠣᠰᠤ ᠢᠢ ᠰᠠᠬᠢᠵᠤ᠂ ᠤᠯᠤᠰ ᠮᠣᠩ᠋ᠭᠣᠯ ᠢᠶᠠᠨ ᠬᠥᠭ᠍ᠵᠢᠭᠦᠯᠬᠦ ᠢᠢᠨ ᠲᠥᠯᠦᠭᠡ ᠤᠯᠤᠰ ᠦᠨᠳᠦᠰᠦᠲᠡᠨ ᠢᠶᠡᠷ ᠢᠶᠡᠨ ᠬᠢᠴᠢᠶᠡᠨ ᠵᠢᠳᠬᠦᠬᠦ ᠢᠢ ᠤᠷᠢᠶᠠᠯᠠᠯ᠎ᠠ᠃