ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠣᠪᠳᠤ ᠠᠢᠢᠮᠠᠭ ᠤᠨ ᠢᠷᠭᠡᠳ ᠬᠥᠳᠡᠯᠮᠦᠷᠢᠴᠢᠳ ᠲᠡᠶ ᠠᠭᠤᠯᠵᠠᠭᠰᠠᠨ ᠤ ᠪᠠᠨ ᠳᠠᠷᠠᠭ᠎ᠠ «ᠬᠠᠨ ᠵᠢᠷᠭᠠᠯᠠᠩᠲᠤ ᠬᠣᠪᠳᠤ» ᠬᠣᠷᠰᠢᠶᠠᠨ ᠳᠤ ᠣᠴᠢᠯ᠎ᠠ᠃
᠒᠐᠐᠔ ᠣᠨ ᠳᠤ ᠬᠣᠷᠰᠢᠶ᠎ᠠ ᠪᠠᠨ ᠪᠠᠢᠢᠭᠤᠯᠤᠨ᠂ ᠰᠠᠷ᠎ᠠ ᠳᠤ ᠑᠐᠐ ᠮᠢᠩ᠋ᠭᠠᠨ ᠲᠥᠭᠦᠷᠢᠭ᠌ ᠢᠶᠡᠷ ᠪᠠᠢᠢᠷᠢ ᠲᠦᠷᠢᠶᠡᠰᠦᠯᠡᠨ ᠳᠥᠷᠪᠡᠨ ᠲᠥᠷᠦᠯ ᠦᠨ ᠮᠢᠬ᠎ᠠ᠂ ᠮᠢᠬᠠᠨ ᠪᠦᠲᠦᠭᠡᠭ᠍ᠳᠡᠬᠦᠨ ᠦᠢᠯᠡᠳᠪᠦᠷᠢᠯᠡᠵᠦ ᠡᠬᠢᠯᠡᠭᠰᠡᠨ᠃ ᠡᠳᠦᠭᠡ ᠒᠐ ᠭᠠᠷᠤᠢ ᠬᠦᠮᠦᠨ ᠲᠡᠶ᠂ ᠬᠢᠮ᠎ᠠ᠂ ᠴᠠᠷᠴᠠᠭᠠᠮᠠᠭ᠂ ᠡᠯᠢᠭᠡᠨ ᠦ ᠨᠤᠬᠤᠰᠢ ᠭᠡᠳ ᠓᠐ ᠭᠠᠷᠤᠢ ᠨᠡᠷ᠎ᠡ ᠲᠥᠷᠦᠯ ᠦᠨ ᠪᠦᠲᠦᠭᠡᠭ᠍ᠳᠡᠬᠦᠨ ᠦᠢᠯᠡᠳᠪᠦᠷᠢᠯᠡᠨ᠂ ᠠᠢᠢᠮᠠᠭ ᠤᠨ ᠢᠶᠠᠨ ᠬᠡᠷᠡᠭᠴᠡᠭᠡᠨ ᠦ ᠖᠐ ᠬᠤᠪᠢ ᠢᠢ ᠬᠠᠩ᠋ᠭᠠᠵᠤ᠂ ᠵᠠᠪᠬᠠᠨ᠂ ᠤᠪᠰᠤ ᠠᠢᠢᠮᠠᠭ ᠲᠤ ᠨᠡᠢᠢᠯᠡᠭᠦᠯᠵᠦ ᠪᠠᠢᠢᠭ᠎ᠠ ᠲᠤᠬᠠᠢ ᠬᠣᠷᠰᠢᠶᠠᠨ ᠤ ᠳᠠᠷᠤᠭ᠎ᠠ ᠡ᠊·ᠥᠯᠵᠡᠢᠢᠬᠦ᠋ᠦ ᠲᠠᠨᠢᠯᠴᠠᠭᠤᠯᠤᠯ᠎ᠠ᠃


ᠲᠤᠰ ᠬᠣᠷᠰᠢᠶ᠎ᠠ ᠡᠮᠦᠨ᠎ᠡ ᠨᠢ ᠑᠘-᠒᠐ ᠬᠤᠪᠢ ᠢᠢᠨ ᠬᠦ᠋ᠦ ᠲᠡᠶ ᠵᠢᠭᠡᠯᠡ ᠠᠪᠳᠠᠭ ᠪᠠᠢᠢᠭᠰᠠᠨ ᠪᠣᠯ «ᠬᠦᠨᠡᠰᠦᠨ ᠦ ᠬᠤᠪᠢᠰᠬᠠᠯ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠵᠢᠷᠭᠤᠭᠠᠨ ᠬᠤᠪᠢ ᠢᠢᠨ ᠬᠦ᠋ᠦ ᠲᠡᠶ᠂ ᠲᠡᠷᠪᠤᠮ ᠭᠠᠷᠤᠢ ᠲᠥᠭᠦᠷᠢᠭ᠌ ᠦᠨ ᠬᠥᠷᠦᠩ᠋ᠭᠡ ᠣᠷᠤᠭᠤᠯᠤᠯᠲᠠ ᠢᠢᠨ ᠪᠣᠯᠤᠨ ᠡᠷᠭᠢᠯᠲᠡ ᠢᠢᠨ ᠬᠥᠷᠦᠩ᠋ᠭᠡ ᠢᠢᠨ ᠵᠢᠭᠡᠯᠡ ᠠᠪᠤᠭᠰᠠᠨ ᠪᠠᠢᠢᠨ᠎ᠠ᠃
ᠡᠨᠡ ᠵᠢᠭᠡᠯᠡ ᠪᠡᠷ ᠲᠣᠨᠤᠭ ᠲᠥᠬᠦᠭᠡᠷᠦᠮᠵᠢ ᠪᠡᠨ ᠰᠢᠨᠡᠴᠢᠯᠠᠨ᠂ ᠓᠐᠐ ᠲᠣᠨ᠋᠊ᠨ᠋ ᠪᠠᠭᠲᠠᠭᠠᠮᠵᠢ ᠪᠦᠬᠦᠢ ᠬᠥᠷᠦᠭᠡᠭᠦᠷ ᠲᠡᠶ ᠵᠣᠭᠤᠷᠢ᠂ ᠠᠭᠤᠯᠬᠤ ᠪᠠᠷᠢᠵᠠᠶ᠃ ᠢᠩ᠋ᠭᠢᠭ᠍ᠰᠡᠨ ᠢᠶᠡᠷ ᠳᠣᠯᠤᠭᠠᠨ ᠬᠦᠮᠦᠨ ᠢ ᠪᠠᠢᠢᠩ᠋ᠭᠤ ᠢᠢᠨ ᠠᠵᠢᠯ ᠤᠨ ᠪᠠᠢᠢᠷᠢ ᠪᠠᠷ ᠬᠠᠩ᠋ᠭᠠᠵᠤ᠂ ᠰᠢᠨ᠎ᠡ ᠪᠡᠷ ᠲᠠᠪᠤᠨ ᠪᠦᠲᠦᠭᠡᠭ᠍ᠳᠡᠬᠦᠨ ᠦᠢᠯᠡᠳᠪᠦᠷᠢᠯᠡᠳᠡᠭ ᠪᠣᠯᠤᠭᠰᠠᠨ ᠪᠠᠢᠢᠨ᠎ᠠ᠃
«ᠬᠦᠨᠡᠰᠦᠨ ᠦ ᠬᠤᠪᠢᠰᠬᠠᠯ» ᠬᠥᠳᠡᠯᠭᠡᠭᠡᠨ ᠦ ᠬᠦᠷᠢᠶᠡᠨ ᠳᠥ ᠮᠢᠬ᠎ᠠ ᠠᠩ᠋ᠭᠢᠯᠠᠨ ᠰᠠᠪᠠᠯᠠᠬᠤ ᠲᠥᠬᠦᠭᠡᠷᠦᠮᠵᠢ᠂ ᠬᠠᠶᠢᠭ ᠱᠣᠰᠢᠭ᠎ᠠ᠂ ᠰᠠᠪᠠ᠂ ᠪᠠᠭᠯᠠᠭ᠎ᠠ᠂ ᠪᠣᠭᠤᠳᠠᠯ ᠵᠡᠷᠭᠡ ᠪᠡᠨ ᠰᠢᠨᠡᠴᠢᠯᠠᠬᠦ ᠢᠢ ᠵᠣᠷᠢᠵᠤ ᠪᠠᠢᠢᠭ᠎ᠠ ᠪᠠᠨ ᠬᠣᠷᠰᠢᠶᠠᠨ ᠤ ᠤᠳᠤᠷᠢᠳᠤᠯᠭ᠎ᠠ ᠨᠤᠭᠤᠳ ᠬᠡᠯᠡᠯ᠎ᠡ᠃
ᠴᠢᠨᠠᠭᠰᠢᠳᠠ ᠡᠨᠡ ᠬᠥᠳᠡᠯᠭᠡᠭᠡᠨ ᠢ ᠲᠤᠭᠤᠰᠢᠲᠠᠢ ᠦᠷᠭᠦᠯᠵᠢᠯᠡᠭᠦᠯᠬᠦ᠂ ᠲᠣᠮᠣᠬᠠᠨ ᠰᠦᠯᠵᠢᠶ᠎ᠡ ᠳᠡᠯᠭᠡᠭᠦᠷ ᠦᠳ ᠣᠷᠤᠨ ᠨᠤᠲᠤᠭ ᠤᠨ ᠪᠦᠲᠦᠭᠡᠭ᠍ᠳᠡᠬᠦᠨ ᠢ ᠪᠣᠷᠤᠯᠠᠭᠤᠯᠬᠤ ᠲᠣᠳᠤᠷᠬᠠᠢ ᠬᠡᠮᠵᠢᠶᠡᠨ ᠦ ᠲᠠᠯᠠᠪᠠᠢ ᠭᠠᠷᠭᠠᠬᠤ᠂ ᠵᠢᠵᠢᠭ ᠪᠢᠽᠢᠨᠧᠰ ᠡᠷᠬᠢᠯᠡᠭᠴᠢᠳ ᠦᠨ ᠰᠠᠩᠬᠦᠦ᠂ ᠮᠧᠨᠧᠵᠮᠧᠨ᠋ᠲ᠂ ᠲᠥᠯᠥᠪᠯᠡᠯᠲᠡ᠂ ᠡᠷᠦᠰᠳᠡᠯ ᠢ ᠲᠣᠳᠤᠷᠬᠠᠢᠢᠯᠠᠬᠤ ᠵᠡᠷᠭᠡ ᠳᠥ ᠨᠢ ᠳᠡᠮᠵᠢᠨ ᠲᠤᠰᠠᠯᠠᠳᠠᠭ ᠲᠥᠪ ᠪᠠᠢᠢᠭᠤᠯᠬᠤ ᠢᠢ ᠪᠣᠳᠤᠯᠭ᠎ᠠ ᠪᠠᠷ ᠳᠡᠮᠵᠢᠬᠦ ᠢᠢ ᠬᠦᠰᠡᠯ᠎ᠡ᠃
«ᠬᠦᠨᠡᠰᠦᠨ ᠦ ᠬᠤᠪᠢᠰᠬᠠᠯ» ᠬᠥᠳᠡᠯᠭᠡᠭᠡᠨ ᠳᠥ ᠨᠢᠭᠡᠳᠴᠦ᠂ ᠣᠷᠤᠨ ᠨᠤᠲᠤᠭ ᠲᠤ ᠲᠣᠭᠲᠠᠪᠤᠷᠢᠲᠠᠶ ᠦᠢᠯᠡ ᠠᠵᠢᠯᠯᠠᠭ᠎ᠠ ᠶᠠᠪᠤᠭᠤᠯᠤᠨ᠂ ᠣᠯᠠᠨ ᠬᠦᠮᠦᠨ ᠢ ᠠᠵᠢᠯ ᠤᠨ ᠪᠠᠢᠢᠷᠢ ᠪᠠᠷ ᠬᠠᠩ᠋ᠭᠠᠵᠤ᠂ ᠲᠠᠲᠠᠪᠤᠷᠢ ᠪᠠᠨ ᠲᠥᠯᠦᠵᠥ᠂ ᠤᠯᠤᠰ᠂ ᠣᠷᠤᠨ ᠨᠤᠲᠤᠭ ᠤᠨ ᠬᠥᠭ᠍ᠵᠢᠯ ᠳᠥ ᠬᠤᠪᠢ ᠨᠡᠮᠡᠷᠢ ᠪᠡᠨ ᠣᠷᠤᠭᠤᠯᠵᠤ ᠪᠠᠢᠢᠭ᠎ᠠ ᠬᠣᠷᠰᠢᠶᠠᠨ ᠤ ᠬᠠᠮᠲᠤ ᠣᠯᠠᠨ ᠳᠤ ᠶᠡᠷᠦᠩᠬᠡᠢᠢᠯᠡᠭᠴᠢ ᠲᠠᠯᠠᠷᠬᠠᠯ ᠢᠯᠡᠷᠬᠡᠢᠢᠯᠡᠯ᠎ᠡ᠃


«ᠬᠠᠨ ᠵᠢᠷᠭᠠᠯᠠᠩᠲᠤ ᠬᠣᠪᠳᠤ» ᠬᠣᠷᠰᠢᠶ᠎ᠠ ᠵᠢᠯ ᠳᠥ ᠪᠡᠨ ᠑·᠒ ᠲᠡᠷᠪᠤᠮ ᠲᠥᠭᠦᠷᠢᠭ᠌ ᠦᠨ ᠪᠣᠷᠤᠯᠠᠭᠤᠯᠤᠯᠲᠠ ᠬᠢᠳᠡᠭ᠃ ᠴᠢᠨᠠᠭᠰᠢᠳᠠ ᠤᠯᠠᠮᠵᠢᠯᠠᠯ᠂ ᠰᠢᠨᠡᠴᠢᠯᠡᠯ ᠢ ᠬᠤᠤᠰᠯᠠᠭᠤᠯᠤᠭᠰᠠᠨ ᠪᠦᠲᠦᠭᠡᠭ᠍ᠳᠡᠬᠦᠨ ᠦ ᠪᠡᠨ ᠨᠡᠷ᠎ᠡ ᠲᠥᠷᠦᠯ ᠢ ᠤᠯᠠᠮ ᠣᠯᠠᠰᠢᠷᠠᠭᠤᠯᠵᠤ᠂ ᠠᠵᠢᠯᠴᠢᠳ ᠲᠤ ᠪᠠᠨ ᠬᠠᠮᠤᠭ ᠤᠨ ᠥᠨᠳᠦᠷ ᠴᠠᠯᠢᠩ ᠣᠯᠭᠤᠳᠠᠭ ᠪᠠᠢᠢᠭᠤᠯᠤᠯᠭ᠎ᠠ ᠪᠣᠯᠬᠤ ᠵᠣᠷᠢᠯᠲᠠ ᠲᠠᠯᠪᠢᠵᠠᠶ᠃
ᠮᠥᠨ ᠬᠣᠷᠰᠢᠶᠠᠨ ᠤ ᠬᠠᠮᠲᠤ ᠣᠯᠠᠨ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠳᠥ ᠨᠢᠭᠡᠳᠦᠨ ᠒·᠕ ᠭᠠ ᠭᠠᠵᠠᠷ ᠲᠤ ᠠᠯᠢᠮ᠎ᠠ᠂ ᠮᠣᠨᠤᠰᠤ᠂ ᠨᠣᠬᠠᠢ ᠢᠢᠨ ᠬᠣᠰᠢᠭᠤ ᠭᠡᠳ ᠑᠂᠘᠐᠐ ᠣᠷᠴᠢᠮ ᠮᠣᠳᠤ ᠲᠠᠷᠢᠵᠤ ᠤᠷᠭᠤᠭᠤᠯᠤᠭᠠᠳ ᠪᠠᠢᠢᠨ᠎ᠠ᠃






