ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠶᠠᠫᠣᠨ ᠤ «ᠨᠢᠫᠫᠣᠨ ᠰᠠᠩ» ᠤᠨ ᠬᠦᠨᠳᠦᠲᠦ ᠲᠡᠷᠢᠭᠦᠨ ᠰᠠᠰᠠᠻᠠᠸᠠ ᠶᠣᠬᠡᠶ ᠢᠢ ᠬᠦᠯᠢᠶᠡᠨ ᠠᠪᠴᠤ ᠠᠭᠤᠯᠵᠠᠯ᠎ᠠ᠃
«ᠨᠢᠫᠫᠣᠨ ᠰᠠᠩ» ᠤᠨ ᠪᠣᠯᠪᠠᠰᠤᠷᠠᠯ᠂ ᠬᠦᠮᠦᠨ ᠦ ᠨᠥᠭᠡᠴᠡ᠂ ᠤᠯᠠᠮᠵᠢᠯᠠᠯᠲᠤ ᠠᠨᠠᠭᠠᠬᠤ ᠤᠬᠠᠭᠠᠨ᠂ ᠡᠷᠳᠡᠮ ᠰᠢᠨᠵᠢᠯᠡᠭᠡᠨ ᠦ ᠰᠠᠯᠪᠤᠷᠢ ᠳᠥ ᠬᠡᠷᠡᠭᠵᠢᠭᠦᠯᠦᠭᠰᠡᠨ ᠲᠥᠰᠦᠯ᠂ ᠬᠥᠲᠦᠯᠪᠦᠷᠢ ᠨᠤᠭᠦᠳ ᠨᠡᠢᠢᠭᠡᠮ᠂ ᠡᠳ᠋ ᠦᠨ ᠵᠠᠰᠠᠭ ᠤᠨ ᠲᠣᠭᠲᠠᠪᠤᠷᠢᠲᠠᠶ᠂ ᠬᠦᠷᠲᠡᠭᠡᠮᠵᠢᠲᠡᠶ ᠬᠥᠭ᠍ᠵᠢᠯ ᠳᠥ ᠴᠢᠬᠤᠯᠠ ᠲᠦᠯᠬᠢᠴᠡ ᠪᠣᠯᠤᠭᠰᠠᠨ ᠳᠤ ᠶᠡᠷᠦᠩᠬᠡᠢᠢᠯᠡᠭᠴᠢ ᠲᠠᠯᠠᠷᠬᠠᠯ ᠢᠯᠡᠷᠬᠡᠢᠢᠯᠡᠯ᠎ᠡ᠃
ᠢᠯᠠᠩ᠋ᠭᠤᠶ᠎ᠠ ᠣᠷᠤᠨ ᠨᠤᠲᠤᠭ ᠤᠨ ᠑᠂᠐᠐᠐ ᠣᠶᠤᠲᠠᠨ ᠳᠤ ᠮᠣᠩ᠋ᠭᠤᠯ ᠤᠯᠤᠰ ᠤᠨ ᠶᠡᠬᠡ ᠰᠤᠷᠭᠠᠭᠤᠯᠢ᠂ ᠠᠨᠠᠭᠠᠬᠤ ᠢᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ᠂ ᠬᠥᠳᠡᠭᠡ ᠠᠵᠤ ᠠᠬᠤᠶ ᠢᠢᠨ ᠶᠡᠬᠡ ᠰᠤᠷᠭᠠᠭᠤᠯᠢ᠂ ᠰᠢᠨᠵᠢᠯᠡᠬᠦ ᠤᠬᠠᠭᠠᠨ᠂ ᠲᠧᠺᠨᠣᠯᠣᠭᠢ ᠢᠢᠨ ᠶᠡᠬᠡ ᠰᠤᠷᠭᠠᠭᠤᠯᠢ ᠳ᠋ᠤ ᠪᠦᠷᠢᠨ ᠲᠡᠳᠬᠦᠯᠭᠡ ᠪᠡᠷ ᠰᠤᠷᠤᠯᠴᠠᠬᠤ ᠪᠣᠯᠤᠮᠵᠢ ᠣᠯᠭᠤᠭᠰᠠᠨ ᠤ ᠳᠠᠭᠠᠭᠤ ᠡᠬᠢᠨ ᠦ ᠑᠐᠐ ᠨᠢ ᠠᠮᠵᠢᠯᠲᠠᠲᠠᠢ ᠰᠤᠷᠤᠯᠴᠠᠵᠤ ᠪᠠᠢᠢᠭᠠᠳ ᠰᠡᠳᠬᠢᠯ ᠬᠠᠩ᠋ᠭᠠᠯᠤᠭᠤᠨ ᠪᠠᠢᠢᠭ᠎ᠠ ᠪᠠᠨ ᠬᠡᠯᠡᠯ᠎ᠡ᠃
ᠲᠡᠳᠬᠦᠯᠭᠡᠲᠦ ᠬᠥᠲᠦᠯᠪᠦᠷᠢ ᠨᠢ «ᠲᠡᠷᠪᠤᠮ ᠮᠣᠳᠤ»᠂ «ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ»᠂ «ᠡᠷᠡᠭᠦᠯ ᠮᠣᠩ᠋ᠭᠣᠯ ᠬᠦᠮᠦᠨ» ᠵᠡᠷᠭᠡ ᠦᠨᠳᠦᠰᠦᠨ ᠦ ᠬᠥᠳᠡᠯᠭᠡᠭᠡᠨ ᠢ ᠬᠡᠷᠡᠭᠵᠢᠭᠦᠯᠬᠦ ᠳᠥ ᠱᠠᠭᠠᠷᠳᠠᠯᠭ᠎ᠠ ᠲᠠᠢ ᠪᠣᠯᠪᠠᠰᠤᠨ ᠬᠦᠴᠦᠨ ᠢ ᠪᠡᠯᠡᠳᠬᠡᠬᠦ ᠳᠥ ᠦᠨ᠎ᠡ ᠲᠡᠶ ᠬᠤᠪᠢ ᠨᠡᠮᠡᠷᠢ ᠣᠷᠤᠭᠤᠯᠤᠨ᠎ᠠ ᠭᠡᠳᠡᠭ ᠢ ᠲᠡᠮᠳᠡᠭᠯᠡᠯ᠎ᠡ᠃
᠑᠂᠐᠐᠐ ᠣᠶᠤᠲᠠᠨ ᠢ ᠮᠠᠨ ᠤ ᠶᠡᠬᠡ ᠰᠤᠷᠭᠠᠭᠤᠯᠢ ᠪᠦᠷᠢᠨ ᠲᠡᠳᠬᠦᠯᠭᠡ ᠪᠡᠷ ᠰᠤᠷᠭᠠᠬᠤ ᠬᠥᠲᠦᠯᠪᠦᠷᠢ ᠬᠡᠷᠡᠭᠵᠢᠭᠦᠯᠬᠦ ᠲᠠᠯ᠎ᠠ ᠪᠠᠷ ᠶᠡᠷᠦᠩᠬᠡᠢᠢᠯᠡᠭᠴᠢ ᠤ·ᠬᠦᠷᠡᠯᠰᠦ᠋ᠬᠡ ᠢᠢᠨ ᠒᠐᠒᠒ ᠣᠨ ᠳᠤ ᠶᠠᠫᠣᠨ ᠤᠯᠤᠰ ᠲᠤ ᠬᠢᠭ᠍ᠰᠡᠨ ᠲᠥᠷᠦ ᠢᠢᠨ ᠠᠢᠢᠯᠴᠢᠯᠠᠯ ᠤᠨ ᠦᠶ᠎ᠡ ᠪᠡᠷ ᠶᠠᠷᠢᠯᠴᠠᠵᠤ ᠲᠣᠬᠢᠷᠠᠯᠴᠠᠭᠰᠠᠨ᠃
ᠡᠨᠡ ᠳᠠᠭᠠᠭᠤ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ «ᠨᠢᠫᠫᠣᠨ ᠰᠠᠩ» ᠬᠠᠮᠲᠤᠷᠠᠨ «ᠶᠠᠫᠣᠨ–ᠮᠣᠩ᠋ᠭᠣᠯ ᠤᠨ ᠰᠠᠰᠠᠻᠠᠸᠠ ᠲᠡᠳᠬᠦᠯᠭᠡᠲᠦ ᠬᠥᠲᠦᠯᠪᠦᠷᠢ» ᠬᠡᠷᠡᠭᠵᠢᠭᠦᠯᠬᠦ ᠬᠠᠮᠲᠤ ᠢᠢᠨ ᠠᠵᠢᠯᠯᠠᠭᠠᠨ ᠤ ᠰᠠᠨᠠᠮᠵᠢ ᠪᠢᠴᠢᠭ᠌ ᠲᠥ ᠒᠐᠒᠕ ᠣᠨ ᠳᠤ ᠭᠠᠷ ᠤᠨ ᠦᠰᠦᠭ ᠵᠢᠷᠤᠭᠰᠠᠨ ᠶᠤᠮ᠃

ᠣᠶᠤᠲᠠᠨ ᠨᠤᠭᠤᠳ ᠬᠦᠷᠢᠶᠡᠯᠡᠩ ᠪᠤᠢ ᠣᠷᠴᠢᠨ᠂ ᠣᠢ ᠰᠤᠳᠤᠯᠤᠯ᠂ ᠡᠻᠣᠯᠣᠭᠢ᠂ ᠡᠮᠨᠡᠯ ᠵᠦᠢ᠂ ᠨᠡᠢᠢᠲᠡ ᠢᠢᠨ ᠡᠷᠡᠭᠦᠯ ᠮᠡᠨᠳᠦ᠂ ᠬᠣᠭᠤᠯᠠ ᠵᠦᠢ᠂ ᠮᠠᠯ ᠠᠵᠤ ᠠᠬᠤᠢ᠂ ᠠᠭ᠋ᠷᠣᠨᠣᠮᠢ᠂ ᠤᠷᠭᠤᠮᠠᠯ ᠬᠠᠮᠠᠭᠠᠯᠠᠯ᠂ ᠬᠦᠨᠡᠰᠦᠨ ᠦ ᠦᠢᠯᠡᠳᠪᠦᠷᠢᠯᠡᠯ᠂ ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ᠂ ᠬᠣᠭᠤᠯᠠ ᠵᠦᠢ ᠪᠢᠣᠲ᠋ᠧᠺᠨᠣᠯᠣᠭᠢ᠂ ᠮᠢᠻᠷᠣᠪᠢᠤᠯᠤᠭᠢ᠂ ᠢᠨ᠋ᠵᠧᠨᠧᠷᠴᠢᠯᠡᠯ ᠮᠡᠷᠭᠡᠵᠢᠯ ᠢᠶᠡᠷ ᠰᠤᠷᠤᠯᠴᠠᠵᠤ ᠲᠡᠭᠦᠰᠦᠭᠡᠳ ᠣᠷᠤᠨ ᠨᠤᠲᠤᠭ ᠲᠤ ᠪᠠᠨ ᠭᠤᠷᠪᠠᠨ ᠵᠢᠯ ᠠᠵᠢᠯᠯᠠᠬᠤ ᠶᠤᠮ᠃ ᠲᠡᠳᠬᠦᠯᠭᠡᠲᠦ ᠬᠥᠲᠦᠯᠪᠦᠷᠢ ᠢᠢ ᠑᠒ ᠵᠢᠯ ᠬᠡᠷᠡᠭᠵᠢᠭᠦᠯᠬᠦ ᠪᠥᠭᠡᠳ ᠕ ᠰᠠᠶ᠎ᠠ ᠭᠠᠷᠤᠢ ᠠᠮ᠊·ᠳ᠋ᠣᠯᠯᠠᠷ ᠤᠨ ᠪᠤᠴᠠᠯᠲᠠ ᠦᠭᠡᠢ ᠰᠠᠩᠬᠦᠵᠢᠯᠲᠡ ᠣᠯᠭᠤᠨ᠎ᠠ᠃
«ᠨᠢᠫᠫᠣᠨ ᠰᠠᠩ» ᠴᠢᠨᠠᠭᠰᠢᠳᠠ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠭᠠᠳᠠᠭᠠᠳᠤ ᠬᠠᠷᠢᠯᠴᠠᠭᠠᠨ ᠤ ᠶᠠᠮᠤᠨ ᠤ ᠵᠠᠯᠠᠭᠤ ᠠᠵᠢᠯᠲᠠᠨ ᠨᠤᠭᠤᠳ ᠢ ᠶᠠᠫᠣᠨ ᠤᠯᠤᠰ ᠲᠤ ᠮᠡᠷᠭᠡᠵᠢᠯ ᠳᠡᠭᠡ᠍ᠭ᠍ᠰᠢᠯᠠᠭᠦᠯᠬᠦ ᠪᠣᠭᠤᠨᠢ ᠬᠤᠭᠤᠴᠠᠭᠠᠨ ᠤ ᠰᠤᠷᠭᠠᠯᠲᠠ ᠳᠤ ᠬᠠᠮᠤᠷᠤᠭᠤᠯᠬᠤ ᠬᠥᠲᠦᠯᠪᠦᠷᠢ ᠬᠡᠷᠡᠭᠵᠢᠭᠦᠯᠬᠦ ᠪᠡᠷ ᠲᠥᠯᠦᠪᠯᠡᠵᠡᠶ᠃
ᠶᠡᠷᠦᠩᠬᠡᠢᠢᠯᠡᠭᠴᠢ ᠤ·ᠬᠦᠷᠡᠯᠰᠦ᠋ᠬᠡ «ᠨᠢᠫᠫᠣᠨ ᠰᠠᠩ» ᠤᠨ ᠬᠦᠨᠳᠦᠲᠦ ᠲᠡᠷᠢᠭᠦᠨ ᠰᠠᠰᠠᠻᠠᠸᠠ ᠶᠣᠬᠡᠶ ᠢᠢ ᠬᠥᠳᠡᠯᠮᠦᠷᠢ ᠢᠢᠨ ᠭᠠᠪᠢᠶᠠᠨ ᠤ ᠤᠯᠠᠭᠠᠨ ᠲᠤᠭ ᠤᠨ ᠣᠳᠤᠨ᠂ ᠲᠤᠰ ᠰᠠᠩ ᠤᠨ ᠲᠤᠰᠬᠠᠢ ᠵᠥᠪᠯᠡᠬᠦ ᠮᠣᠷᠢ ᠶᠦᠵᠢ ᠢᠢ ᠠᠯᠲᠠᠨ ᠭᠠᠳᠠᠰᠤ ᠣᠳᠣᠨ ᠢᠢᠠᠷ ᠱᠠᠩᠨᠠᠯ᠎ᠠ᠃






