ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ «ᠲᠡᠦᠬᠡ ᠢᠢᠨ ᠪᠠᠭᠰᠢ ᠨᠠᠷ ᠤᠨ ᠤᠯᠤᠰ ᠤᠨ ᠠᠩᠬᠠᠳᠤᠭᠠᠷ ᠵᠥᠪᠯᠡᠭᠡᠨ» ᠢ ᠨᠡᠭᠡᠭᠡᠵᠦ ᠬᠡᠯᠡᠭᠰᠡᠨ ᠦᠭᠡ ᠢᠢ ᠪᠦᠷᠢᠨ ᠡᠬᠡ ᠪᠡᠷ ᠨᠢ ᠬᠦᠷᠭᠡᠵᠦ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ:
ᠡᠷᠬᠢᠮ ᠬᠦᠨᠳᠦᠲᠦ ᠰᠤᠷᠭᠠᠨ ᠬᠦᠮᠦᠵᠢᠭᠦᠯᠦᠭᠴᠢ᠂ ᠰᠣᠶᠣᠨ ᠭᠡᠭᠡᠷᠡᠭᠦᠯᠦᠭᠴᠢᠳ ᠡ᠂
«ᠲᠡᠦᠬᠡ ᠢᠢᠨ ᠪᠠᠭᠰᠢ ᠨᠠᠷ ᠤᠨ ᠤᠯᠤᠰ ᠤᠨ ᠠᠩᠬᠠᠳᠤᠭᠠᠷ ᠵᠥᠪᠯᠡᠭᠡᠨ» ᠊ᠥ ᠡᠷᠬᠢᠮ ᠬᠦᠨᠳᠦᠲᠦ ᠵᠣᠴᠢᠳ᠂ ᠲᠥᠯᠦᠭᠡᠯᠡᠭᠴᠢᠳ ᠡ᠂
ᠮᠣᠩ᠋ᠭᠣᠯ ᠦᠨᠳᠦᠰᠦᠲᠡᠨ ᠦ ᠲᠡᠦᠬᠡ᠂ ᠰᠣᠶᠤᠯ ᠢ ᠰᠤᠳᠤᠯᠤᠨ ᠰᠤᠷᠪᠤᠯᠵᠢᠯᠠᠵᠤ᠂ ᠰᠤᠷᠲᠠᠯᠴᠢᠯᠠᠨ ᠲᠠᠨᠢᠭᠤᠯᠵᠤ᠂ ᠦᠨᠳᠦᠰᠦᠨ ᠦ ᠤᠬᠠᠮᠰᠠᠷ᠂ ᠦᠨᠡᠲᠦ ᠵᠦᠢᠯ ᠢ ᠰᠡᠷᠭᠦᠭᠡᠨ ᠬᠥᠭ᠍ᠵᠢᠭᠦᠯᠦᠭᠴᠢ᠂ ᠮᠣᠩ᠋ᠭᠤᠯ ᠲᠥᠷᠦ ᠢᠢᠨ ᠣᠢ ᠰᠠᠨᠠᠮᠵᠢ ᠢᠢ ᠰᠠᠬᠢᠨ ᠬᠠᠮᠠᠭᠠᠯᠠᠭᠴᠢ ᠲᠠ ᠪᠦᠬᠦᠨ ᠳᠥ ᠡᠨᠡ ᠰᠠᠢᠢᠬᠠᠨ ᠡᠳᠦᠷ ᠦᠨ ᠮᠡᠨᠳᠦ ᠢᠢ ᠡᠷᠭᠦᠨ ᠳᠡᠪᠰᠢᠭᠦᠯᠦᠶ ᠡ᠃
ᠲᠩᠷᠢ ᠵᠠᠶᠠᠭᠠᠲᠤ ᠮᠣᠩ᠋ᠭᠤᠯᠴᠤᠳ ᠪᠢᠳᠡ ᠥᠨᠢ ᠡᠷᠲᠡᠨ ᠡᠴᠡ ᠨᠡᠭᠦᠳᠡᠯ ᠦᠨ ᠰᠣᠶᠤᠯ ᠢᠷᠭᠡᠨᠰᠢᠯ ᠢ ᠴᠣᠭᠴᠠᠯᠠᠭᠠᠨ ᠬᠥᠭ᠍ᠵᠢᠭᠦᠯᠵᠦ᠂ ᠧᠦ᠋ᠷᠣᠠᠽᠢ ᠢᠢᠨ ᠥᠷᠭᠡᠨ ᠠᠭᠤᠳᠠᠮ ᠨᠤᠲᠤᠭ ᠲᠤ ᠰᠦᠷ ᠬᠦᠴᠦ ᠪᠡᠨ ᠮᠠᠨᠳᠤᠭᠤᠯᠤᠨ᠂ ᠬᠦᠮᠦᠨ ᠲᠥᠷᠦᠯᠬᠢᠲᠡᠨ ᠦ ᠲᠡᠦᠬᠡᠨ ᠳᠥ ᠰᠤᠤ ᠠᠯᠳᠠᠷ ᠢᠶᠠᠨ ᠪᠠᠳᠠᠷᠠᠭᠠᠭᠰᠠᠨ ᠾᠦᠩᠨᠦ ᠭᠦᠷᠦᠨ᠂ ᠮᠣᠩ᠋ᠭᠣᠯ ᠤᠨ ᠡᠵᠡᠨᠲᠦ ᠭᠦᠷᠦᠨ ᠢ ᠡᠭᠦᠰᠬᠡᠨ ᠪᠠᠢᠢᠭᠤᠯᠵᠤ᠂ ᠡᠵᠡᠨ ᠪᠣᠭᠳᠠ ᠴᠢᠩᠬᠢᠰ ᠬᠠᠭᠠᠨ ᠪᠣᠯᠤᠨ ᠲᠡᠭᠦᠨ ᠢ ᠵᠠᠯᠭᠠᠮᠵᠢᠯᠠᠭᠴᠢᠳ ᠲ᠋ᠢᠢᠪ᠂ ᠳᠡᠯᠡᠬᠡᠢ ᠳᠥ ᠮᠣᠩ᠋ᠭᠣᠯ ᠤᠨ ᠶᠡᠬᠡ ᠠᠮᠤᠷ ᠠᠮᠤᠭᠤᠯᠠᠩ ᠢ ᠲᠣᠭᠲᠠᠭᠠᠵᠤ ᠪᠠᠢᠢᠭᠰᠠᠨ ᠪᠠᠬᠠᠳᠤᠮ᠎ᠠ ᠰᠠᠢᠢᠬᠠᠨ ᠲᠡᠦᠬᠡ ᠲᠡᠶ ᠪᠢᠯᠡ᠃
ᠮᠣᠩ᠋ᠭᠤᠯᠴᠤᠳ ᠪᠢᠳᠡᠨ ᠦ ᠲᠡᠦᠬᠡ ᠪᠣᠯ ᠬᠦᠮᠦᠨ ᠲᠥᠷᠦᠯᠬᠢᠲᠡᠨ ᠦ ᠬᠥᠭ᠍ᠵᠢᠯ ᠳᠡᠪᠰᠢᠯ ᠢ ᠤᠷᠤᠭᠰᠢᠯᠠᠭᠤᠯᠵᠤ᠂ ᠣᠷᠴᠢᠨ ᠴᠠᠭ ᠤᠨ ᠰᠣᠶᠤᠯ ᠢᠷᠭᠡᠨᠰᠢᠯ ᠦᠨ ᠦᠨᠡᠲᠦ ᠵᠦᠢᠯᠡᠰ ᠦᠨ ᠦᠨᠳᠦᠰᠦ ᠰᠠᠭᠤᠷᠢ ᠢᠢ ᠲᠠᠯᠪᠢᠭᠰᠠᠨ ᠳᠡᠯᠡᠬᠡᠢ ᠢᠢᠨ ᠲᠡᠦᠬᠡ ᠶᠤᠮ᠃
ᠶᠡᠬᠡ ᠮᠣᠩ᠋ᠭᠣᠯ ᠤᠯᠤᠰ ᠪᠠᠢᠢᠭᠤᠯᠤᠭᠳᠠᠭᠰᠠᠨ ᠤ ᠘᠐᠐ ᠵᠢᠯ ᠦᠨ ᠣᠢ ᠢᠢ ᠲᠣᠬᠢᠶᠠᠯᠳᠤᠭᠤᠯᠤᠨ ᠭᠠᠷᠭᠠᠭᠰᠠᠨ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠢ ᠠᠰᠰᠠᠮᠪᠯᠧᠢ ᠢᠢᠨ ᠒᠐᠐᠕ ᠣᠨ ᠤ ᠑᠑ ᠳ᠋ᠤᠭᠡᠷ ᠰᠠᠷ᠎ᠠ ᠢᠢᠨ ᠑᠔ ᠤ ᠲᠣᠭᠲᠠᠭᠠᠯ ᠳᠤ ᠮᠣᠩ᠋ᠭᠤᠯᠴᠤᠳ ᠪᠢᠳᠡᠨ ᠦ ᠬᠦᠮᠦᠨ ᠲᠥᠷᠦᠯᠬᠢᠲᠡᠨ ᠦ ᠲᠡᠦᠬᠡᠨ ᠳᠥ ᠣᠷᠤᠭᠤᠯᠤᠭᠰᠠᠨ ᠬᠤᠪᠢ ᠨᠡᠮᠡᠷᠢ ᠢᠢ ᠥᠨᠳᠦᠷ ᠢᠶᠡᠷ ᠦᠨᠡᠯᠡᠵᠦ᠂ «ᠮᠣᠩ᠋ᠭᠤᠯᠴᠤᠳ ᠥᠷᠦᠨ᠎ᠡ ᠳᠣᠷᠤᠨ᠎ᠠ ᠢᠢᠨ ᠰᠣᠶᠤᠯ᠂ ᠤᠯᠠᠮᠵᠢᠯᠠᠯ ᠢ ᠥᠪᠡᠷ ᠲᠥ ᠪᠡᠨ ᠰᠢᠩ᠋ᠭᠡᠭᠡᠨ᠂ ᠬᠦᠮᠦᠨ ᠦ ᠦᠨᠡᠲᠦ ᠵᠦᠢᠯᠡᠰ ᠦᠨ ᠰᠣᠯᠪᠢᠴᠠᠯ᠂ ᠳᠡᠯᠡᠬᠡᠢ ᠢᠢᠨ ᠢᠷᠭᠡᠨᠰᠢᠯ ᠦᠳ ᠢ ᠬᠣᠯᠪᠤᠭᠰᠠᠨ ᠭᠦᠭᠦᠷᠭᠡ ᠪᠣᠯᠵᠤ᠂ ᠬᠤᠳᠠᠯᠳᠤᠭ᠎ᠠ ᠠᠷᠠᠯᠵᠢᠶᠠᠨ ᠤ ᠡᠷᠭᠦᠨ ᠰᠦᠯᠵᠢᠶ᠎ᠡ ᠢᠢ ᠬᠥᠭ᠍ᠵᠢᠭᠦᠯᠦᠨ᠂ ᠵᠠᠰᠠᠭ ᠵᠠᠬᠢᠷᠭ᠎ᠠ᠂ ᠰᠣᠶᠤᠯ᠂ ᠱᠠᠰᠢᠨ ᠪᠣᠯᠤᠨ ᠬᠤᠳᠠᠯᠳᠤᠭᠠᠨ ᠤ ᠲᠣᠮᠣᠬᠠᠨ ᠲᠥᠪ ᠦᠳ ᠢ ᠪᠤᠢ ᠪᠣᠯᠭᠠᠵᠤ᠂ ᠪᠦᠬᠦ ᠬᠡᠯᠪᠡᠷᠢ ᠢᠢᠨ ᠰᠣᠶᠤᠯ ᠢᠷᠭᠡᠨᠰᠢᠯ ᠬᠣᠭᠤᠷᠤᠨᠳᠤ ᠢᠢᠨ ᠶᠠᠷᠢᠶ᠎ᠠ ᠬᠡᠯᠡᠯᠴᠡᠭᠡ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠳᠥ ᠭᠦᠢᠴᠡᠳᠬᠡᠭ᠍ᠰᠡᠨ ᠣᠨᠴᠤᠭᠤᠢ ᠴᠢᠬᠤᠯᠠ ᠡᠭᠦᠷᠭᠡ ᠢᠢ ᠬᠦᠯᠢᠶᠡᠨ ᠵᠥᠪᠰᠢᠶᠡᠷᠡᠵᠦ ᠪᠠᠢᠢᠨ᠎ᠠ» ᠬᠡᠮᠡᠨ ᠴᠣᠬᠤᠨ ᠲᠡᠮᠳᠡᠭᠯᠡᠭᠰᠡᠨ ᠪᠠᠢᠢᠳᠠᠭ᠃
ᠳᠡᠯᠡᠬᠡᠢ ᠶᠢᠷᠲᠢᠨᠴᠦ᠂ ᠬᠦᠮᠦᠨ ᠲᠥᠷᠦᠯᠬᠢᠲᠡᠨ ᠬᠦᠯᠢᠶᠡᠨ ᠵᠥᠪᠰᠢᠶᠡᠷᠡᠭᠰᠡᠨ ᠠᠤᠭ᠎ᠠ ᠲᠡᠦᠬᠡ ᠢᠢ ᠠᠷᠠᠳ ᠲᠦᠮᠡᠨ᠂ ᠦᠷ᠎ᠡ ᠬᠣᠢᠢᠴᠢᠳ ᠢᠶᠠᠨ ᠥᠪᠯᠡᠭᠦᠯᠦᠨ ᠦᠯᠡᠳᠡᠭᠡᠬᠦ᠂ ᠡᠬᠡ ᠣᠷᠤᠨ᠂ ᠲᠥᠷᠦᠲᠦ ᠶᠣᠰᠤ᠂ ᠡᠪᠦᠭᠡ ᠳᠡᠭᠡᠳᠦᠰ᠂ ᠥᠪ ᠰᠣᠶᠤᠯ ᠢᠶᠠᠷ ᠢᠶᠠᠨ ᠪᠠᠬᠠᠷᠬᠠᠬᠤ ᠰᠡᠳᠬᠢᠯ ᠢ ᠬᠡᠦᠬᠡᠳ᠂ ᠵᠠᠯᠠᠭᠤᠰ ᠲᠤ ᠲᠥᠯᠦᠪᠰᠢᠭᠦᠯᠬᠦ᠂ ᠳᠡᠯᠡᠬᠡᠢ ᠳ᠋ᠠᠬᠢᠨ ᠢᠶᠠᠨ ᠰᠤᠷᠲᠠᠯᠴᠢᠯᠠᠨ ᠲᠠᠨᠢᠭᠤᠯᠬᠤ ᠡᠷᠬᠢᠮ ᠪᠥᠭᠡᠳ ᠬᠠᠷᠢᠭᠤᠴᠠᠯᠭ᠎ᠠ ᠲᠠᠢ ᠡᠭᠦᠷᠭᠡ ᠢᠢᠨ ᠡᠵᠡᠳ ᠪᠣᠯ ᠲᠡᠦᠬᠡ ᠢᠢᠨ ᠪᠠᠭᠰᠢ᠂ ᠲᠡᠦᠬᠡᠴᠢᠳ᠂ ᠰᠣᠶᠣᠨ ᠭᠡᠭᠡᠷᠡᠭᠦᠯᠦᠭᠴᠢᠳ ᠲᠠ ᠪᠦᠬᠦᠨ ᠪᠢᠯᠡ᠃
ᠡᠬᠡ ᠣᠷᠤᠨ ᠤ ᠪᠠᠨ ᠢᠷᠡᠭᠡᠳᠦᠢ ᠬᠣᠢᠢᠴᠢ ᠦᠶ᠎ᠡ ᠢᠢᠨ ᠣᠶᠤᠨ ᠰᠠᠨᠠᠭ᠎ᠠ᠂ ᠦᠨᠳᠦᠰᠦᠨ ᠦ ᠤᠬᠠᠮᠰᠠᠷ᠂ ᠡᠬᠡ ᠣᠷᠤᠨᠴᠢ ᠦᠵᠡᠯ᠂ ᠲᠡᠦᠬᠡ᠂ ᠰᠣᠶᠤᠯ ᠤᠨ ᠳᠠᠷᠬᠠᠯᠠᠭ᠎ᠠ ᠢᠢ ᠲᠥᠯᠦᠪᠰᠢᠭᠦᠯᠬᠦ ᠡᠷᠬᠢᠮ ᠦᠢᠯᠡᠰ ᠲᠥ ᠬᠦᠴᠦᠨ ᠵᠢᠳᠬᠦᠵᠦ ᠢᠷᠡᠭᠰᠡᠨ ᠦᠶ᠎ᠡ ᠦᠶ᠎ᠡ ᠢᠢᠨ ᠲᠡᠦᠬᠡ ᠢᠢᠨ ᠪᠠᠭᠰᠢ᠂ ᠲᠡᠦᠬᠡᠴᠢ᠂ ᠡᠷᠳᠡᠮᠲᠡᠨ ᠰᠤᠳᠤᠯᠤᠭᠠᠴᠢᠳ ᠲᠠ ᠪᠦᠬᠦᠨ ᠳᠥ ᠪᠡᠨ ᠠᠷᠠᠳ ᠲᠦᠮᠡᠨ ᠦ ᠪᠡᠨ ᠨᠡᠷ᠎ᠡ ᠢᠢᠨ ᠡᠮᠦᠨ᠎ᠡ ᠡᠴᠡ ᠭᠦᠨ ᠲᠠᠯᠠᠷᠬᠠᠯ ᠢᠯᠡᠷᠬᠡᠢᠢᠯᠡᠶ ᠡ᠃

ᠡᠷᠬᠢᠮ ᠬᠦᠨᠳᠦᠲᠦ ᠪᠠᠭᠰᠢ᠂ ᠰᠤᠷᠭᠠᠨ ᠬᠦᠮᠦᠵᠢᠭᠦᠯᠦᠭᠴᠢᠳ ᠡ᠂
ᠶᠡᠬᠡ ᠵᠣᠬᠢᠶᠠᠯᠴᠢ ᠳᠠᠰᠢᠳᠣᠷᠵᠢ ᠢᠢᠨ ᠨᠠᠴᠤᠭᠳᠣᠷᠵᠢ «ᠮᠠᠨ ᠤ ᠮᠣᠩ᠋ᠭᠣᠯ ᠤᠯᠤᠰ ᠮᠠᠰᠢ ᠡᠷᠲᠡᠨ ᠦ ᠤᠯᠤᠰ ᠠ᠋᠂ ᠮᠣᠩ᠋ᠭᠣᠯ ᠤᠨ ᠢᠷᠠᠭᠤ ᠲᠡᠦᠬᠡ ᠮᠠᠭᠠᠳ ᠶᠡᠬᠡ ᠭᠡᠷᠡᠯ ᠲᠡᠶ᠂ ᠮᠣᠩ᠋ᠭᠣᠯ ᠬᠡᠮᠡᠬᠦ ᠨᠢᠭᠡᠨ ᠨᠡᠷ᠎ᠡ ᠶᠢᠷᠲᠢᠨᠴᠦ ᠢᠢᠨ ᠴᠢᠬᠢᠨ᠎ᠡ ᠳᠠᠭᠤᠷᠢᠰᠬᠠᠯᠲᠠᠢ᠂ ᠮᠣᠩ᠋ᠭᠣᠯ ᠤᠨ ᠲᠥᠯᠦᠭᠡ ᠬᠡᠮᠡᠬᠦ ᠰᠡᠳᠬᠢᠯ ᠪᠢᠳᠡᠨ ᠦ ᠵᠢᠷᠦᠬᠡᠨ᠎ᠡ ᠬᠣᠯᠪᠤᠭ᠎ᠠ ᠲᠠᠢ» ᠬᠡᠮᠡᠨ ᠰᠢᠯᠦᠭᠯᠡᠭᠰᠡᠨ ᠪᠠᠢᠢᠳᠠᠭ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠡᠪᠦᠭᠡ ᠳᠡᠭᠡᠳᠦᠰ ᠦᠨ ᠢᠶᠡᠨ ᠪᠠᠬᠠᠳᠤᠮ᠎ᠠ ᠲᠡᠦᠬᠡ᠂ ᠪᠠᠭᠠᠲᠤᠷᠯᠢᠭ ᠭᠠᠪᠢᠶ᠎ᠠ᠂ ᠲᠡᠦᠬᠡ ᠰᠣᠶᠤᠯ᠂ ᠥᠪ ᠤᠯᠠᠮᠵᠢᠯᠠᠯ᠂ ᠵᠠᠩ ᠵᠠᠩᠰᠢᠯ ᠢ ᠬᠠᠳᠠᠭᠠᠯᠠᠨ ᠬᠠᠮᠠᠭᠠᠯᠠᠵᠤ᠂ ᠲᠦᠭᠡᠭᠡᠨ ᠳᠡᠯᠭᠡᠷᠡᠭᠦᠯᠬᠦ᠂ ᠢᠷᠡᠭᠡᠳᠦᠢ ᠬᠣᠢᠢᠴᠢ ᠦᠶ᠎ᠡ ᠳᠥ ᠪᠡᠨ ᠥᠪᠯᠡᠭᠦᠯᠦᠨ ᠦᠯᠡᠳᠡᠭᠡᠬᠦ ᠵᠣᠷᠢᠯᠭ᠎ᠠ ᠪᠠᠷ ᠡᠵᠡᠨ ᠪᠣᠭᠳᠠ ᠴᠢᠩᠬᠢᠰ ᠬᠠᠭᠠᠨ ᠤ ᠡᠰᠢ ᠬᠥᠷᠦᠭ ᠢ ᠬᠦᠨᠳᠦᠳᠬᠡᠨ ᠵᠠᠯᠠᠬᠤ᠂ ᠡᠷᠲᠡᠨ ᠦ ᠨᠡᠢᠢᠰᠯᠡᠯ ᠬᠠᠷᠠᠬᠣᠷᠤᠮ ᠬᠣᠲᠠ ᠢᠢ ᠰᠡᠷᠭᠦᠭᠡᠨ ᠪᠠᠢᠢᠭᠤᠯᠬᠤ᠂ ᠮᠣᠩ᠋ᠭᠤᠯ ᠦᠨᠳᠦᠰᠦᠲᠡᠨ ᠦ ᠪᠠᠬᠠᠷᠬᠠᠯ ᠮᠣᠷᠢᠨ ᠬᠤᠭᠤᠷ ᠢ ᠡᠷᠬᠢᠮᠯᠡᠨ ᠳᠡᠭᠡᠳᠦᠯᠡᠵᠦ᠂ ᠲᠦᠭᠡᠭᠡᠨ ᠳᠡᠯᠭᠡᠷᠡᠭᠦᠯᠬᠦ ᠲᠤᠬᠠᠢ ᠵᠠᠷᠯᠢᠭ ᠤᠳ ᠭᠠᠷᠭᠠᠵᠤ᠂ «ᠴᠢᠩᠬᠢᠰ ᠬᠠᠭᠠᠨ» ᠦᠨᠳᠦᠰᠦᠨ ᠦ ᠮᠦᠽᠧᠢ ᠪᠠᠢᠢᠭᠤᠯᠤᠨ ᠶᠡᠬᠡ ᠬᠠᠭᠠᠨ ᠤ ᠠᠯᠲᠠᠨ ᠰᠢᠲᠦᠭᠡᠨ᠂ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢ ᠪᠦᠲᠡᠭᠡᠯᠭᠡᠨ᠂ ᠶᠣᠰᠤᠯᠠᠯ ᠲᠡᠭᠦᠯᠳᠡᠷ ᠬᠦᠨᠳᠦᠳᠬᠡᠨ ᠵᠠᠯᠠᠵᠤ᠂ ᠮᠣᠩ᠋ᠭᠤᠯ ᠲᠦᠮᠡᠨ ᠦ ᠪᠡᠨ ᠶᠡᠬᠡ ᠰᠢᠲᠦᠭᠡᠨ ᠪᠣᠯᠭᠠᠭᠰᠠᠨ ᠢ ᠲᠠ ᠪᠦᠬᠦᠨ ᠮᠡᠳᠡᠵᠦ ᠪᠠᠢᠢᠭ᠎ᠠ᠃
ᠮᠣᠩ᠋ᠭᠤᠯᠴᠤᠳ ᠪᠢᠳᠡ ᠲᠥᠷᠦ ᠢᠢᠨ ᠢᠶᠡᠨ ᠰᠦᠯᠳᠡ ᠳᠥ ᠬᠦᠯᠦᠭ ᠮᠣᠷᠢ ᠪᠠᠨ ᠳᠡᠭᠡᠳᠦᠯᠡᠨ ᠵᠠᠯᠠᠵᠤ᠂ ᠠᠷᠭᠠᠮᠠᠭ ᠬᠤᠷᠳᠤᠨ ᠬᠦᠯᠦᠭ ᠦᠨ ᠢᠶᠡᠨ ᠳᠡᠯ᠂ ᠰᠡᠭᠦᠯ ᠢᠶᠡᠷ ᠲᠥᠷᠦ ᠢᠢᠨ ᠲᠤᠭ ᠢᠶᠠᠨ ᠨᠠᠨᠳᠢᠩᠨᠠᠨ ᠤᠷᠠᠯᠠᠵᠤ᠂ ᠮᠣᠷᠢᠨ ᠬᠤᠭᠤᠷ ᠤᠨ ᠢᠶᠠᠨ ᠠᠶᠠᠯᠭᠤ ᠪᠠᠷ ᠬᠣᠷᠸ᠎ᠠ ᠶᠢᠷᠲᠢᠨᠴᠦ ᠢᠢ ᠤᠶᠠᠷᠠᠭᠠᠳᠠᠭ ᠬᠣᠣᠰ ᠦᠭᠡᠢ ᠥᠪ ᠰᠣᠶᠤᠯ ᠲᠠᠶ ᠠᠷᠠᠳ ᠲᠦᠮᠡᠨ ᠪᠢᠯᠡ᠃
ᠲᠡᠢᠢᠮᠦ ᠡᠴᠡ ᠠᠳᠤᠭᠤᠨ ᠤ ᠥᠪ ᠰᠣᠶᠤᠯ᠂ ᠤᠯᠠᠮᠵᠢᠯᠠᠯ ᠢ ᠬᠠᠳᠠᠭᠠᠯᠠᠨ ᠬᠠᠮᠠᠭᠠᠯᠠᠬᠤ᠂ ᠬᠦᠮᠦᠨ ᠲᠥᠷᠦᠯᠬᠢᠲᠡᠨ ᠦ ᠠᠬᠤᠢ ᠠᠮᠢᠳᠤᠷᠠᠯ ᠳᠤ ᠭᠦᠢᠴᠡᠳᠬᠡᠵᠦ ᠪᠤᠢ ᠡᠭᠦᠷᠭᠡ᠂ ᠠᠴᠢ ᠬᠣᠯᠪᠤᠭᠳᠠᠯ ᠢ ᠨᠢ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠪᠠᠷ ᠮᠣᠩ᠋ᠭᠣᠯ ᠤᠯᠤᠰ «ᠳᠡᠯᠡᠬᠡᠢ ᠢᠢᠨ ᠠᠳᠤᠭᠤᠨ ᠤ ᠡᠳᠦᠷ» ᠢ ᠰᠠᠨᠠᠭᠠᠴᠢᠯᠠᠭᠰᠠᠨ ᠢ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠢ ᠠᠰᠰᠠᠮᠪᠯᠧᠢ ᠬᠡᠯᠡᠯᠴᠡᠭᠡᠳ ᠵᠢᠯ ᠪᠦᠷᠢ ᠢᠢᠨ ᠳᠣᠯᠤᠭᠠᠳ᠋ᠤᠭᠠᠷ ᠰᠠᠷ᠎ᠠ ᠢᠢᠨ ᠑᠑ ᠤ ᠡᠳᠦᠷ ᠪᠤᠶᠤ ᠮᠣᠩ᠋ᠭᠣᠯ ᠤᠨ ᠦᠨᠳᠦᠰᠦᠨ ᠦ ᠶᠡᠬᠡ ᠪᠠᠶᠠᠷ ᠨᠠᠭᠠᠳᠤᠮ ᠢᠶᠠᠷ «ᠳᠡᠯᠡᠬᠡᠢ ᠢᠢᠨ ᠠᠳᠤᠭᠤᠨ ᠤ ᠡᠳᠦᠷ» ᠢ ᠳᠡᠯᠡᠬᠡᠢ ᠨᠡᠢᠢᠲᠡ ᠪᠡᠷ ᠢᠶᠡᠨ ᠲᠡᠮᠳᠡᠭᠯᠡᠳᠡᠭ ᠰᠠᠢᠢᠬᠠᠨ ᠤᠯᠠᠮᠵᠢᠯᠠᠯ ᠲᠣᠭᠲᠠᠵᠤ ᠪᠠᠢᠢᠭ᠎ᠠ ᠢᠢ ᠲᠡᠮᠳᠡᠭᠯᠡᠨ ᠬᠡᠯᠡᠬᠦ ᠳᠥ ᠨᠡᠩ ᠲᠠᠭᠠᠲᠠᠢ ᠪᠠᠢᠢᠨ᠎ᠠ᠃
ᠡᠨᠡ ᠪᠣᠯ ᠮᠣᠩ᠋ᠭᠤᠯᠴᠤᠳ ᠪᠢᠳᠡᠨ ᠦ ᠡᠬᠡ ᠲᠡᠦᠬᠡ᠂ ᠥᠪ ᠰᠣᠶᠤᠯ᠂ ᠨᠡᠭᠦᠳᠡᠯ ᠦᠨ ᠰᠣᠶᠤᠯ ᠢᠷᠭᠡᠨᠰᠢᠯ ᠦᠨ ᠨᠢᠭᠡᠨ ᠪᠠᠬᠠᠷᠬᠠᠯ ᠪᠢᠯᠡ᠃
ᠲᠡᠢᠢᠮᠦ ᠡᠴᠡ ᠮᠣᠩ᠋ᠭᠤᠯᠴᠤᠳ ᠪᠢᠳᠡᠨ ᠦ ᠡᠷᠬᠢᠮ ᠳᠡᠭᠡᠳᠦ ᠰᠢᠲᠦᠭᠡᠨ ᠪᠣᠯ ᠡᠵᠡᠨ ᠪᠣᠭᠳᠠ ᠴᠢᠩᠬᠢᠰ ᠬᠠᠭᠠᠨ᠂
ᠮᠣᠩ᠋ᠭᠤᠯᠴᠤᠳ ᠪᠢᠳᠡᠨ ᠦ ᠪᠠᠬᠠᠷᠬᠠᠯ ᠪᠣᠯ ᠮᠣᠩ᠋ᠭᠤᠯ ᠮᠣᠷᠢ᠂
ᠮᠣᠩ᠋ᠭᠤᠯᠴᠤᠳ ᠪᠢᠳᠡᠨ ᠦ ᠭᠠᠢᠢᠬᠠᠮᠰᠢᠭ ᠪᠣᠯ ᠮᠣᠷᠢᠨ ᠬᠤᠭᠤᠷ᠂
ᠮᠣᠩ᠋ᠭᠤᠯᠴᠤᠳ ᠪᠢᠳᠡᠨ ᠦ ᠣᠨᠳᠤᠤᠰᠢᠯ ᠪᠣᠯ ᠡᠬᠡ ᠬᠡᠯᠡ᠂ ᠲᠡᠦᠬᠡ ᠰᠣᠶᠤᠯ᠂ ᠵᠠᠩ ᠵᠠᠩᠰᠢᠯ᠂ ᠥᠪ ᠤᠯᠠᠮᠵᠢᠯᠠᠯ ᠶᠤᠮ᠃
ᠮᠥᠨ ᠰᠡᠭᠦᠯ ᠦᠨ ᠵᠢᠯ ᠦᠳ ᠲᠥ «ᠡᠵᠡᠨ ᠪᠣᠭᠳᠠ ᠴᠢᠩᠬᠢᠰ ᠬᠠᠭᠠᠨ»᠂ «ᠮᠣᠩ᠋ᠭᠣᠯ ᠤᠨ ᠡᠵᠡᠨᠲᠦ ᠭᠦᠷᠦᠨ»᠂ «ᠥᠨᠳᠦᠷ ᠭᠡᠭᠡᠨ ᠵᠠᠨᠠᠪᠠᠵᠠᠷ»᠂ «ᠲᠣᠷᠭᠠᠨ ᠤ ᠵᠠᠮ» ᠵᠡᠷᠭᠡ ᠦᠵᠡᠰᠬᠦᠯᠡᠩ ᠢ ᠹᠷᠠᠨ᠋ᠼᠠ᠂ ᠭᠧᠷᠮᠠᠨ᠂ ᠴᠧᠬᠣ᠋᠂ ᠢᠲ᠋ᠠᠯᠢ᠂ ᠣᠷᠤᠰ ᠤᠨ ᠬᠣᠯᠪᠤᠭᠠᠨ ᠤ ᠤᠯᠤᠰ ᠵᠡᠷᠭᠡ ᠳᠡᠯᠡᠬᠡᠢ ᠢᠢᠨ ᠤᠯᠤᠰ ᠣᠷᠤᠨ ᠤ ᠨᠡᠷ᠎ᠡ ᠬᠦᠨᠳᠦ ᠲᠡᠶ ᠮᠦᠽᠧᠢ᠂ ᠬᠠᠭᠠᠳ ᠤᠨ ᠣᠷᠳᠤᠨ᠂ ᠭᠠᠯᠧᠷᠧᠢ ᠳᠥ ᠳᠡᠯᠭᠡᠨ ᠦᠵᠡᠭᠦᠯᠵᠦ᠂ ᠮᠣᠩ᠋ᠭᠣᠯ ᠤᠨ ᠲᠡᠦᠬᠡ᠂ ᠰᠣᠶᠤᠯ ᠢ ᠳᠡᠯᠡᠬᠡᠢ ᠳ᠋ᠠᠬᠢᠨ ᠳᠤ ᠰᠤᠷᠲᠠᠯᠴᠢᠯᠠᠵᠤ᠂ ᠲᠡᠦᠬᠡ ᠢᠢ ᠦᠨᠡᠨ ᠵᠥᠪ ᠢᠶᠡᠷ ᠲᠠᠨᠢᠨ ᠮᠡᠳᠡᠭᠦᠯᠬᠦ ᠠᠵᠢᠯ ᠢ ᠲᠣᠭᠲᠠᠮᠠᠯ ᠵᠣᠬᠢᠶᠠᠨ ᠪᠠᠢᠢᠭᠤᠯᠵᠤ ᠪᠠᠢᠢᠨ᠎ᠠ᠃
ᠮᠠᠨ ᠤ ᠲᠡᠦᠬᠡ ᠰᠤᠳᠤᠯᠤᠯ ᠤᠨ ᠵᠠᠯᠭᠠᠮᠵᠢ ᠬᠠᠯᠠᠭ᠎ᠠ ᠪᠣᠯᠤᠭᠰᠠᠨ ᠨᠢᠭᠡᠨ ᠰᠢᠨ᠎ᠡ ᠦᠶ᠎ᠡ ᠲᠥᠷᠦᠨ ᠭᠠᠷᠴᠤ᠂ ᠣᠯᠠᠨ ᠠᠷᠪᠠᠨ ᠰᠤᠷᠪᠤᠯᠵᠢ ᠰᠤᠳᠤᠯᠭᠠᠨ ᠤ ᠪᠦᠲᠦᠭᠡᠯ ᠲᠤᠭᠤᠷᠪᠢᠯ ᠬᠡᠪᠯᠡᠨ ᠨᠡᠢᠢᠲᠡᠯᠡᠵᠦ᠂ ᠲᠡᠦᠬᠡ ᠢᠢᠨ ᠰᠤᠳᠤᠯᠭᠠᠨ ᠳᠤ ᠣᠯᠤᠯᠲᠠ ᠠᠮᠵᠢᠯᠲᠠ ᠭᠠᠷᠴᠤ᠂ ᠤᠯᠠᠮ ᠢᠶᠠᠷ ᠲᠡᠦᠬᠡ ᠰᠤᠳᠤᠯᠤᠯ ᠤᠨ ᠣᠨᠤᠯ᠂ ᠠᠷᠭ᠎ᠠ ᠵᠦᠢ ᠢᠢᠨ ᠰᠢᠨᠡᠯᠢᠭ ᠬᠠᠨᠳᠤᠯᠭ᠎ᠠ ᠪᠤᠢ ᠪᠣᠯᠵᠤ᠂ ᠲᠡᠦᠬᠡ ᠪᠢᠴᠢᠯᠭᠡ ᠤᠯᠠᠮ ᠪᠦᠷᠢ ᠭᠦᠨᠵᠡᠭᠡᠢᠢᠷᠡᠨ ᠬᠥᠭ᠍ᠵᠢᠭᠰᠡᠭᠡᠷ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠡᠨᠡ ᠬᠦ ᠣᠯᠤᠯᠲᠠ ᠠᠮᠵᠢᠯᠲᠠ ᠳᠤ ᠦᠨᠳᠦᠰᠦᠯᠡᠨ᠂ ᠮᠣᠩ᠋ᠭᠣᠯ ᠤᠨ ᠲᠡᠦᠬᠡ ᠰᠤᠳᠤᠯᠤᠯ ᠢ ᠤᠯᠠᠮ ᠡᠷᠴᠢᠮᠵᠢᠭᠦᠯᠬᠦ᠂ ᠮᠣᠩ᠋ᠭᠤᠯ ᠦᠨᠳᠦᠰᠦᠲᠡᠨ ᠦ ᠤᠭ ᠭᠠᠷᠤᠯ᠂ ᠲᠥᠷᠦᠲᠦ ᠶᠣᠰᠤᠨ ᠤ ᠤᠯᠠᠮᠵᠢᠯᠠᠯ᠂ ᠨᠡᠭᠦᠳᠡᠯ ᠦᠨ ᠰᠣᠶᠤᠯ ᠢᠷᠭᠡᠨᠰᠢᠯ ᠦᠨ ᠥᠪ ᠰᠣᠶᠤᠯ᠂ ᠮᠣᠩ᠋ᠭᠤᠯ ᠦᠨᠳᠦᠰᠦᠲᠡᠨ ᠦ ᠳᠡᠯᠡᠬᠡᠢ ᠢᠢᠨ ᠲᠡᠦᠬᠡᠨ ᠳᠥ ᠣᠷᠤᠭᠤᠯᠤᠭᠰᠠᠨ ᠬᠤᠪᠢ ᠨᠡᠮᠡᠷᠢ ᠢᠢ ᠰᠤᠳᠤᠯᠤᠨ ᠰᠢᠨᠵᠢᠯᠡᠵᠦ᠂ ᠰᠤᠷᠲᠠᠯᠴᠢᠯᠠᠨ ᠲᠠᠨᠢᠭᠤᠯᠬᠤ᠂ ᠦᠨᠳᠦᠰᠦᠨ ᠦ ᠨᠢᠭᠡᠳᠦᠮᠡᠯ ᠦᠨᠡᠲᠦ ᠵᠦᠢᠯᠡᠰ᠂ ᠲᠤᠰᠠᠭᠠᠷ ᠲᠣᠭᠲᠠᠨᠢᠯ ᠢ ᠪᠠᠲᠤᠳᠬᠠᠨ ᠪᠡᠬᠢᠵᠢᠭᠦᠯᠬᠦ ᠡᠭᠦᠳᠡᠨ ᠡᠴᠡ «ᠮᠣᠩ᠋ᠭᠣᠯ ᠤᠨ ᠲᠡᠦᠬᠡ ᠰᠤᠳᠤᠯᠤᠯ ᠢ ᠳᠡᠮᠵᠢᠬᠦ ᠲᠤᠬᠠᠢ» ᠵᠠᠷᠯᠢᠭ ᠭᠠᠷᠭᠠᠵᠤ᠂ ᠮᠣᠩ᠋ᠭᠣᠯ ᠤᠨ ᠲᠡᠦᠬᠡ ᠢᠢᠨ ᠢᠵᠢ ᠪᠦᠷᠢᠨ ᠓᠐ ᠪᠣᠲᠢ ᠨᠣᠮ ᠢ ᠰᠢᠨ᠎ᠡ ᠪᠡᠷ ᠪᠦᠲᠦᠭᠡᠬᠦ ᠠᠵᠢᠯ ᠢ ᠡᠬᠢᠯᠡᠭᠦᠯᠦᠭᠰᠡᠨ᠃
ᠮᠥᠨ ᠲᠥᠷᠦ ᠢᠢᠨ ᠲᠡᠷᠢᠭᠦᠨ ᠦ ᠰᠠᠨᠠᠭᠠᠴᠢᠯᠠᠭ᠎ᠠ ᠪᠠᠷ «ᠳᠡᠯᠬᠡᠷᠡᠩᠬᠦᠢ ᠲᠠᠢᠢᠯᠪᠤᠷᠢ ᠲᠠᠢ ᠮᠣᠩ᠋ᠭᠣᠯ ᠤᠨ ᠨᠢᠭᠤᠴᠠ ᠲᠣᠪᠴᠢᠶᠠᠨ»᠂ ᠮᠣᠩ᠋ᠭᠣᠯ ᠤᠨ ᠨᠢᠭᠤᠴᠠ ᠲᠣᠪᠴᠢᠶᠠᠨ ᠤ ᠠᠯᠪᠠᠨ ᠶᠣᠰᠤᠨ ᠤ ᠠᠩ᠋ᠭ᠍ᠯᠢ ᠣᠷᠤᠭᠤᠯᠭᠠ ᠪᠣᠯᠤᠨ «ᠴᠢᠩᠬᠢᠰ ᠬᠠᠭᠠᠨ ᠤ ᠪᠢᠯᠢᠭ᠌ ᠰᠤᠷᠭᠠᠯ»᠂ «ᠮᠣᠩ᠋ᠭᠣᠯ ᠬᠡᠮᠡᠬᠦ ᠨᠡᠷ᠎ᠡ ᠢᠢᠨ ᠰᠤᠳᠤᠯᠭ᠎ᠠ» ᠪᠦᠲᠦᠭᠡᠯ ᠲᠤᠭᠤᠷᠪᠢᠨ ᠲᠦᠮᠡᠨ ᠣᠯᠠᠨ ᠤ ᠬᠦᠷᠲᠡᠭᠡᠯ ᠪᠣᠯᠭᠠᠭᠰᠠᠨ ᠢ ᠲᠡᠮᠳᠡᠭᠯᠡᠨ ᠬᠡᠯᠡᠬᠦ ᠳᠥ ᠲᠠᠭᠠᠲᠠᠢ ᠪᠠᠢᠢᠨ᠎ᠠ᠃
ᠠᠯᠢᠪᠠ ᠤᠯᠤᠰ ᠤᠨ ᠲᠡᠦᠬᠡ ᠦᠵᠡᠯ ᠰᠤᠷᠲᠠᠯ ᠠᠴᠠ ᠠᠩ᠋ᠭᠢᠳᠠ᠂ ᠦᠨᠡᠨ ᠦ ᠰᠢᠯᠭᠠᠭᠤᠷ ᠢᠶᠠᠷ ᠰᠢᠭᠦᠭ᠍ᠳᠡᠭᠰᠡᠨ ᠪᠠᠢᠢᠬᠤ ᠨᠢ ᠨᠡᠩ ᠴᠢᠬᠤᠯᠠ ᠶᠤᠮ᠃
ᠨᠡᠩ ᠡᠷᠲᠡᠨ ᠦ ᠦᠶ᠎ᠡ ᠡᠴᠡ ᠡᠳᠦᠭᠡ ᠬᠦᠷᠲᠡᠯᠡᠬᠢ ᠮᠣᠩ᠋ᠭᠣᠯ ᠤᠨ ᠲᠡᠦᠬᠡ ᠢᠢ ᠢᠵᠢ ᠪᠦᠷᠢᠨ ᠰᠤᠳᠤᠯᠤᠨ ᠰᠢᠨᠵᠢᠯᠡᠵᠦ᠂ ᠤᠯᠤᠰ ᠤᠨ ᠢᠶᠠᠨ ᠲᠡᠦᠬᠡ ᠢᠢ ᠮᠠᠳᠠᠭ ᠦᠭᠡᠢ ᠦᠨᠡᠨ ᠢᠶᠡᠷ ᠡᠮᠬᠢᠳᠬᠡᠨ ᠪᠢᠴᠢᠬᠦ ᠠᠵᠢᠯ ᠳᠤ ᠪᠠᠨ ᠢᠳᠡᠪᠬᠢᠯᠡᠨ ᠵᠢᠳᠬᠦᠵᠦ ᠪᠤᠢ ᠡᠷᠳᠡᠮᠲᠡᠨ ᠰᠤᠳᠤᠯᠤᠭᠠᠴᠢᠳ ᠲᠤ ᠪᠠᠨ ᠲᠥᠷᠦ ᠢᠢᠨ ᠲᠡᠷᠢᠭᠦᠨ ᠲᠠᠯᠠᠷᠬᠠᠯ ᠢᠯᠡᠷᠬᠡᠢᠢᠯᠡᠵᠦ᠂ ᠡᠷᠳᠡᠮ ᠰᠤᠳᠤᠯᠤᠯ ᠤᠨ ᠠᠵᠢᠯ ᠳᠤ ᠨᠢ ᠥᠨᠳᠦᠷ ᠠᠮᠵᠢᠯᠲᠠ ᠬᠦᠰᠡᠶ ᠡ᠃
ᠡᠷᠬᠢᠮ ᠬᠦᠨᠳᠦᠲᠦ ᠲᠡᠦᠬᠡ ᠢᠢᠨ ᠪᠠᠭᠰᠢ᠂ ᠲᠡᠦᠬᠡᠴᠢᠳ ᠡ᠂
ᠬᠦᠮᠦᠨ ᠦ ᠨᠡᠢᠢᠭᠡᠮ ᠦᠨ ᠬᠥᠭ᠍ᠵᠢᠯ ᠥᠩ᠋ᠭᠡᠷᠡᠭᠰᠡᠨ᠂ ᠣᠳᠤ᠂ ᠢᠷᠡᠭᠡᠳᠦᠢ ᠭᠤᠷᠪᠠᠨ ᠴᠠᠭ ᠤᠨ ᠠᠯᠲᠠᠨ ᠬᠡᠯᠬᠢᠶ᠎ᠡ᠂ ᠠᠮᠢᠳᠤ ᠰᠢᠲᠦᠯᠴᠡᠭᠡᠨ ᠳᠥ ᠦᠷᠭᠦᠯᠵᠢᠯᠡᠳᠡᠭ ᠤᠴᠢᠷ ᠲᠠᠢ᠃
ᠥᠴᠦᠭᠡᠳᠦᠷ ᠦᠭᠡᠢ ᠥᠨᠦᠳᠦᠷ᠂ ᠥᠨᠦᠳᠦᠷ ᠦᠭᠡᠢ ᠮᠠᠷᠭᠠᠰᠢ ᠭᠡᠵᠦ ᠦᠭᠡᠢ᠃
ᠲᠡᠦᠬᠡ ᠪᠣᠯ ᠥᠩ᠋ᠭᠡᠷᠡᠭᠰᠡᠨ ᠢᠶᠡᠨ ᠲᠤᠩ᠋ᠭᠠᠵᠤ᠂ ᠥᠨᠦᠳᠦᠷ ᠢᠶᠡᠨ ᠪᠦᠲᠦᠭᠡᠨ᠂ ᠢᠷᠡᠭᠡᠳᠦᠢ ᠪᠡᠨ ᠴᠣᠭᠴᠠᠯᠠᠭᠠᠨ ᠬᠥᠭ᠍ᠵᠢᠭᠦᠯᠬᠦ ᠦᠨᠳᠦᠰᠦ ᠰᠠᠭᠤᠷᠢ᠂ ᠲᠥᠷᠦᠲᠦ ᠶᠣᠰᠤᠨ ᠤ ᠣᠢ ᠰᠠᠨᠠᠮᠵᠢ ᠪᠢᠯᠡ᠃
ᠡᠬᠡ ᠲᠡᠦᠬᠡ ᠪᠣᠯ ᠦᠨᠳᠦᠰᠦᠲᠡᠨ ᠦ ᠣᠢ ᠰᠠᠨᠠᠮᠵᠢ᠂ ᠦᠨᠡᠲᠦ ᠵᠦᠢᠯ᠂ ᠲᠥᠷᠦᠲᠦ ᠶᠣᠰᠤᠨ ᠤ ᠳᠠᠷᠬᠠᠯᠠᠭ᠎ᠠ᠂ ᠲᠤᠰᠠᠭᠠᠷ ᠲᠣᠭᠲᠠᠨᠢᠯ ᠤᠨ ᠪᠠᠲᠤᠯᠠᠭ᠎ᠠ᠂ ᠢᠷᠡᠭᠡᠳᠦᠢ ᠪᠡᠨ ᠴᠢᠭᠯᠡᠭᠦᠯᠬᠦ ᠯᠤᠤᠵᠢᠩ ᠪᠣᠯᠳᠠᠭ᠃
ᠢᠷᠭᠡᠳ ᠣᠯᠠᠨ ᠨᠡᠢᠢᠲᠡ᠂ ᠬᠡᠦᠬᠡᠳ᠂ ᠵᠠᠯᠠᠭᠤᠰ ᠲᠤ ᠡᠬᠡ ᠲᠡᠦᠬᠡ ᠢᠢᠨ ᠪᠣᠯᠪᠠᠰᠤᠷᠠᠯ ᠢ ᠰᠠᠢᠢᠲᠤᠷ ᠡᠵᠡᠮᠰᠢᠭᠦᠯᠦᠨ᠂ ᠦᠨᠳᠦᠰᠦᠲᠡᠨ ᠦ ᠨᠢᠭᠡᠳᠦᠮᠡᠯ ᠦᠨᠡᠲᠦ ᠵᠦᠢᠯᠡᠰ ᠢ ᠪᠡᠬᠢᠵᠢᠭᠦᠯᠬᠦ᠂ ᠲᠡᠦᠬᠡ᠂ ᠰᠣᠶᠤᠯ ᠤᠨ ᠬᠦᠴᠦᠷᠬᠡᠭ᠌ ᠳᠠᠷᠬᠠᠯᠠᠭ᠎ᠠ ᠲᠠᠢ ᠮᠣᠩ᠋ᠭᠤᠯ ᠬᠦᠮᠦᠨ ᠢ ᠲᠥᠯᠦᠪᠰᠢᠭᠦᠯᠦᠨ ᠬᠥᠭ᠍ᠵᠢᠭᠦᠯᠬᠦ ᠢᠢ ᠨᠡᠢᠢᠭᠡᠮ᠂ ᠴᠠᠭ ᠦᠶ᠎ᠡ ᠲᠠ ᠪᠢᠳᠡ ᠡᠴᠡ ᠱᠠᠭᠠᠷᠳᠠᠵᠤ ᠪᠠᠢᠢᠨ᠎ᠠ᠃
ᠡᠪᠦᠭᠡ ᠳᠡᠭᠡᠳᠦᠰ ᠦᠨ ᠢᠶᠡᠨ ᠪᠠᠢᠢᠭᠤᠯᠤᠭᠰᠠᠨ ᠲᠥᠷᠦᠲᠦ ᠤᠯᠤᠰ ᠤᠳ ᠤᠨ ᠪᠠᠬᠠᠳᠤᠮ᠎ᠠ ᠲᠡᠦᠬᠡ᠂ ᠲᠤᠰᠠᠭᠠᠷ ᠲᠣᠭᠲᠠᠨᠢᠯ ᠤᠨ ᠲᠥᠯᠦᠭᠡ ᠲᠡᠮᠡᠴᠡᠭᠰᠡᠨ ᠡᠬᠡ ᠣᠷᠤᠨᠴᠢᠳ ᠤᠨ ᠪᠠᠭᠠᠲᠤᠷᠯᠢᠭ ᠭᠠᠪᠢᠶ᠎ᠠ ᠢᠢ ᠠᠯᠳᠠᠷᠰᠢᠭᠤᠯᠤᠨ᠂ ᠮᠣᠩ᠋ᠭᠤᠯ ᠬᠦᠮᠦᠨ ᠪᠣᠯᠵᠤ ᠲᠥᠷᠦᠭᠰᠡᠨ ᠢᠶᠡᠷ ᠢᠶᠡᠨ ᠪᠠᠬᠠᠷᠬᠠᠬᠤ ᠰᠡᠳᠬᠢᠯ ᠢ ᠬᠡᠦᠬᠡᠳ᠂ ᠵᠠᠯᠠᠭᠤᠰ ᠤᠨ ᠵᠢᠷᠦᠬᠡ ᠰᠡᠳᠬᠢᠯ ᠳᠥ ᠠᠰᠠᠭᠠᠵᠤ᠂ ᠦᠨᠳᠦᠰᠦᠲᠡᠨ ᠦ ᠣᠢ ᠰᠠᠨᠠᠮᠵᠢ ᠢᠢ ᠪᠠᠲᠤᠳᠬᠠᠨ ᠪᠡᠬᠢᠵᠢᠭᠦᠯᠬᠦ ᠳᠥ ᠲᠡᠦᠬᠡ ᠢᠢᠨ ᠪᠠᠭᠰᠢ᠂ ᠰᠣᠶᠣᠨ ᠭᠡᠭᠡᠷᠡᠭᠦᠯᠦᠭᠴᠢ ᠲᠠ ᠪᠦᠬᠦᠨ ᠮᠠᠩᠯᠠᠢᠢᠯᠠᠨ ᠦᠯᠢᠭᠡᠷᠯᠡᠬᠦ ᠤᠴᠢᠷ ᠲᠠᠢ᠃
ᠡᠬᠡ ᠲᠡᠦᠬᠡ ᠢᠢᠨ ᠪᠠᠭᠰᠢ ᠲᠠ ᠪᠦᠬᠦᠨ ᠪᠣᠯ ᠮᠣᠩ᠋ᠭᠣᠯ ᠤᠯᠤᠰ ᠤᠨ ᠲᠤᠰᠠᠭᠠᠷ ᠲᠣᠭᠲᠠᠨᠢᠯ ᠤᠨ ᠮᠠᠨᠠᠭᠠᠴᠢ᠂ ᠦᠨᠳᠦᠰᠦᠨ ᠦ ᠦᠵᠡᠯ᠂ ᠣᠶᠤᠨ ᠰᠠᠨᠠᠭᠠᠨ ᠤ ᠬᠥᠲᠦᠴᠢ᠂ ᠥᠩ᠋ᠭᠡᠷᠡᠭᠰᠡᠨ ᠢ ᠥᠨᠦᠳᠦᠷ ᠲᠥ᠂ ᠥᠨᠦᠳᠦᠷ ᠢ ᠮᠠᠷᠭᠠᠰᠢ ᠳᠤ ᠥᠷᠲᠡᠭᠡᠯᠡᠨ ᠬᠦᠷᠭᠡᠬᠦ ᠰᠣᠶᠣᠨ ᠭᠡᠭᠡᠷᠡᠭᠦᠯᠦᠭᠴᠢ᠂ ᠰᠤᠷᠭᠠᠨ ᠬᠦᠮᠦᠵᠢᠭᠦᠯᠦᠭᠴᠢᠳ ᠪᠢᠯᠡ᠃
ᠡᠵᠡᠨ ᠪᠣᠭᠳᠠ ᠴᠢᠩᠬᠢᠰ ᠬᠠᠭᠠᠨ ᠮᠣᠩ᠋ᠭᠤᠯ ᠣᠪᠤᠭ ᠠᠢᠢᠮᠠᠭ ᠤᠳ ᠢ ᠨᠢᠭᠡᠳᠬᠡᠨ᠂ ᠮᠣᠩ᠋ᠭᠤᠯ ᠦᠨᠳᠦᠰᠦᠲᠡᠨ ᠢ ᠴᠣᠭᠴᠠᠯᠠᠭᠠᠨ ᠪᠠᠳᠠᠷᠠᠭᠠᠵᠤ᠂ ᠶᠡᠬᠡ ᠮᠣᠩ᠋ᠭᠣᠯ ᠤᠯᠤᠰ ᠢ ᠪᠠᠢᠢᠭᠤᠯᠤᠭᠰᠠᠨ ᠘᠒᠐ ᠵᠢᠯ ᠦᠨ ᠲᠡᠭᠰᠢ ᠰᠠᠢᠢᠬᠠᠨ ᠣᠢ ᠡᠨᠡ ᠵᠢᠯ ᠲᠣᠬᠢᠶᠠᠵᠤ ᠪᠠᠢᠢᠨ᠎ᠠ᠃
ᠶᠡᠬᠡ ᠮᠣᠩ᠋ᠭᠣᠯ ᠤᠯᠤᠰ ᠤᠨ ᠠᠷᠢᠭᠤᠨ ᠭᠠᠯ ᠭᠣᠯᠤᠮᠲᠠ ᠢᠢ ᠰᠠᠬᠢᠨ ᠰᠠᠭᠤᠭ᠎ᠠ ᠮᠣᠩ᠋ᠭᠤᠯᠴᠤᠳ ᠪᠢᠳᠡ ᠨᠢᠭᠡ ᠮᠣᠩ᠋ᠭᠤᠯ᠂ ᠨᠢᠭᠡ ᠭᠡᠷ ᠪᠦᠯᠦ᠂ ᠨᠢᠭᠡ ᠠᠷᠠᠳ ᠲᠦᠮᠡᠨ ᠭᠡᠳᠡᠭ ᠢᠶᠡᠨ ᠭᠦᠨ ᠢᠶᠡᠨ ᠤᠬᠠᠮᠰᠠᠷᠯᠠᠵᠤ᠂ ᠡᠬᠡ ᠲᠡᠦᠬᠡ᠂ ᠦᠨᠡᠲᠦ ᠵᠦᠢᠯ ᠢᠶᠡᠷ ᠢᠶᠡᠨ ᠨᠢᠭᠡᠳᠦᠨ ᠨᠡᠢᠢᠯᠡᠵᠦ᠂ ᠬᠣᠲᠠᠯᠠ ᠲᠦᠮᠡᠨ ᠢᠶᠡᠷ ᠢᠶᠡᠨ ᠰᠡᠳᠬᠢᠯ ᠢᠶᠡᠨ ᠲᠥᠪᠰᠢᠳᠬᠡᠨ᠂ ᠢᠲᠡᠭᠡᠯ ᠢᠶᠡᠨ ᠪᠡᠬᠢᠯᠡᠵᠦ᠂ ᠡᠪ ᠢᠶᠡᠨ ᠵᠠᠩ᠋ᠭᠢᠳᠤᠨ᠂ ᠥᠭᠡᠳᠡᠷᠡᠭ ᠲᠡᠮᠡᠦᠯᠦᠯ᠂ ᠥᠷᠨᠢᠭᠦᠨ ᠵᠢᠳᠬᠦᠯ ᠢᠶᠡᠷ ᠡᠬᠡ ᠣᠷᠤᠨ ᠢᠶᠠᠨ ᠬᠥᠭ᠍ᠵᠢᠭᠦᠯᠬᠦ ᠢᠢᠨ ᠲᠥᠯᠦᠭᠡ ᠬᠠᠮᠲᠤ ᠳᠤ ᠪᠠᠨ ᠬᠦᠴᠦᠨ ᠵᠢᠳᠬᠦᠬᠦ ᠤᠴᠢᠷ ᠲᠠᠢ᠃
«ᠡᠬᠡ ᠲᠡᠦᠬᠡ-ᠨᠢᠭᠡ ᠮᠣᠩ᠋ᠭᠣᠯ» ᠤᠷᠢᠶ᠎ᠠ ᠲᠠᠢ ᠪᠠᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠵᠣᠬᠢᠶᠠᠨ ᠪᠠᠢᠢᠭᠤᠯᠵᠤ ᠪᠤᠢ «ᠲᠡᠦᠬᠡ ᠢᠢᠨ ᠪᠠᠭᠰᠢ ᠨᠠᠷ ᠤᠨ ᠤᠯᠤᠰ ᠤᠨ ᠠᠩᠬᠠᠳᠤᠭᠠᠷ ᠵᠥᠪᠯᠡᠭᠡᠨ» ᠡᠴᠡ ᠭᠠᠷᠬᠤ ᠰᠠᠨᠠᠯ᠂ ᠵᠥᠪᠯᠡᠮᠵᠢ ᠨᠢ ᠲᠡᠦᠬᠡ ᠢᠢᠨ ᠪᠣᠯᠪᠠᠰᠤᠷᠠᠯ ᠤᠨ ᠪᠣᠳᠤᠯᠭ᠎ᠠ᠂ ᠰᠤᠷᠭᠠᠯᠲᠠ ᠢᠢᠨ ᠬᠥᠲᠦᠯᠪᠦᠷᠢ᠂ ᠰᠤᠷᠬᠤ ᠪᠢᠴᠢᠭ᠌᠂ ᠲᠡᠭᠦᠨ ᠦ ᠠᠭᠤᠯᠭ᠎ᠠ ᠢᠢ ᠰᠢᠨᠡᠴᠢᠯᠠᠨ ᠪᠠᠶᠠᠵᠢᠭᠤᠯᠬᠤ᠂ ᠲᠤᠯᠭᠠᠮᠳᠠᠵᠤ ᠪᠤᠢ ᠠᠰᠠᠭᠤᠳᠠᠯ ᠤᠳ ᠢ ᠰᠢᠢᠳᠪᠦᠷᠢᠯᠡᠬᠦ ᠣᠨᠤᠪᠴᠢᠲᠠᠶ ᠠᠷᠭ᠎ᠠ ᠵᠠᠮ ᠢ ᠲᠣᠳᠤᠷᠬᠠᠢᠢᠯᠠᠬᠤ᠂ ᠬᠡᠦᠬᠡᠳ᠂ ᠵᠠᠯᠠᠭᠤᠰ᠂ ᠠᠷᠠᠳ ᠢᠷᠭᠡᠳ ᠲᠥ ᠪᠡᠨ ᠡᠬᠡ ᠲᠡᠦᠬᠡ ᠪᠡᠨ ᠰᠤᠳᠤᠯᠤᠨ ᠮᠡᠳᠡᠵᠦ᠂ ᠰᠤᠷᠭᠠᠨ ᠵᠢᠭᠠᠵᠤ᠂ ᠰᠤᠷᠲᠠᠯᠴᠢᠯᠠᠨ ᠲᠠᠨᠢᠭᠤᠯᠬᠤ ᠰᠢᠨᠡᠯᠢᠭ ᠰᠠᠨᠠᠭ᠎ᠠ᠂ ᠪᠦᠲᠦᠭᠡᠯᠴᠢ ᠰᠢᠢᠳᠦᠯ ᠢ ᠲᠣᠳᠤᠷᠬᠠᠢᠢᠯᠠᠨᠠ ᠭᠡᠳᠡᠭ ᠲᠥ ᠢᠲᠡᠭᠡᠯ ᠲᠡᠶ ᠪᠠᠢᠢᠨ᠎ᠠ᠃
ᠡᠬᠡ ᠣᠷᠤᠨ ᠤ ᠪᠠᠨ ᠥᠨᠴᠦᠭ ᠪᠤᠯᠤᠩ ᠪᠦᠷᠢ ᠡᠴᠡ ᠮᠣᠩ᠋ᠭᠣᠯ ᠲᠥᠷᠦ ᠢᠢᠨ ᠭᠠᠯ ᠭᠣᠯᠤᠮᠲᠠ ᠪᠣᠯᠤᠭᠰᠠᠨ ᠲᠥᠷᠦ ᠢᠢᠨ ᠣᠷᠳᠤᠨ ᠳᠤ ᠪᠠᠨ ᠬᠤᠷᠠᠨ ᠴᠢᠭᠤᠯᠵᠤ᠂ ᠲᠡᠦᠬᠡ ᠢᠢᠨ ᠪᠣᠯᠪᠠᠰᠤᠷᠠᠯ ᠢ ᠰᠢᠨ᠎ᠡ ᠡᠬᠡ ᠰᠤᠷᠪᠤᠯᠵᠢ ᠪᠠᠷ ᠪᠠᠶᠠᠵᠢᠭᠤᠯᠬᠤ᠂ ᠲᠡᠦᠬᠡ ᠢᠢᠨ ᠰᠤᠷᠭᠠᠯᠲᠠ᠂ ᠰᠤᠳᠤᠯᠭᠠᠨ ᠳᠤ ᠲᠧᠺᠨᠣᠯᠤᠭᠢ ᠢᠢᠨ ᠣᠯᠤᠯᠲᠠ ᠠᠮᠵᠢᠯᠲᠠ ᠢᠢ ᠨᠡᠪᠲᠡᠷᠡᠭᠦᠯᠬᠦ᠂ ᠲᠡᠦᠬᠡ᠂ ᠰᠣᠶᠤᠯ ᠤᠨ ᠥᠪ ᠢ ᠰᠤᠷᠲᠠᠯᠴᠢᠯᠠᠨ ᠲᠠᠨᠢᠭᠤᠯᠬᠤ ᠲᠠᠯ᠎ᠠ ᠪᠠᠷ ᠪᠦᠲᠦᠭᠡᠯᠴᠢ ᠬᠡᠯᠡᠯᠴᠡᠭᠦᠯᠭᠡ ᠢᠢ ᠢᠳᠡᠪᠬᠢᠲᠡᠢ ᠥᠷᠨᠢᠭᠦᠯᠵᠦ᠂ ᠪᠣᠳᠤᠯᠭ᠎ᠠ ᠵᠣᠷᠢᠯᠲᠠ ᠪᠠᠨ ᠲᠣᠳᠤᠷᠬᠠᠢᠢᠯᠠᠵᠤ ᠪᠤᠢ ᠲᠠ ᠪᠦᠬᠦᠨ ᠳᠥ ᠴᠢᠩ ᠰᠡᠳᠬᠢᠯ ᠦᠨ ᠲᠠᠯᠠᠷᠬᠠᠯ ᠢᠯᠡᠷᠬᠡᠢᠢᠯᠡᠵᠦ᠂ ᠠᠮᠵᠢᠯᠲᠠ ᠬᠦᠰᠡᠶ ᠡ᠃
«ᠲᠡᠦᠬᠡ ᠢᠢᠨ ᠪᠠᠭᠰᠢ ᠨᠠᠷ ᠤᠨ ᠤᠯᠤᠰ ᠤᠨ ᠵᠥᠪᠯᠡᠭᠡᠨ» ᠢ ᠕ ᠵᠢᠯ ᠲᠤᠲᠤᠮ ᠵᠣᠬᠢᠶᠠᠨ ᠪᠠᠢᠢᠭᠤᠯᠵᠤ᠂ ᠣᠯᠤᠯᠲᠠ ᠠᠮᠵᠢᠯᠲᠠ᠂ ᠠᠵᠢᠯ ᠦᠢᠯᠡᠰ ᠢᠶᠡᠨ ᠳ᠋ᠦᠩᠨᠡᠨ᠂ ᠪᠣᠳᠤᠯᠭ᠎ᠠ ᠵᠣᠷᠢᠯᠲᠠ ᠪᠠᠨ ᠰᠢᠨᠡᠴᠢᠯᠠᠨ ᠲᠣᠳᠤᠷᠬᠠᠢᠢᠯᠠᠵᠤ ᠪᠠᠢᠢᠬᠤ ᠨᠢ ᠨᠡᠩ ᠴᠢᠬᠤᠯᠠ ᠬᠡᠮᠡᠨ ᠲᠥᠷᠦ ᠢᠢᠨ ᠲᠡᠷᠢᠭᠦᠨ ᠦᠵᠡᠵᠦ ᠪᠠᠢᠢᠨ᠎ᠠ᠃
ᠳᠠᠶᠠᠩ ᠳᠡᠯᠡᠬᠡᠢ ᠳᠥ ᠰᠤᠤ ᠠᠯᠳᠠᠷ ᠢᠶᠠᠨ ᠪᠠᠳᠠᠷᠠᠭᠠᠭᠰᠠᠨ ᠮᠣᠩ᠋ᠭᠤᠯ ᠲᠦᠮᠡᠨ ᠦ ᠲᠡᠦᠬᠡ᠂ ᠰᠣᠶᠤᠯ ᠥᠨᠢ ᠮᠥᠩᠬᠡᠳᠡ ᠬᠥᠭ᠍ᠵᠢᠨ ᠳᠡᠯᠭᠡᠷᠡᠬᠦ ᠢᠢᠨ ᠥᠯᠵᠡᠢ ᠲᠡᠶ ᠰᠠᠢᠢᠬᠠᠨ ᠢᠷᠦᠭᠡᠯ ᠢ ᠡᠷᠭᠦᠨ ᠳᠡᠪᠰᠢᠭᠦᠯᠦᠶ ᠡ᠃
ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠶ᠃


