ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠰᠠᠨᠠᠭᠠᠴᠢᠯᠠᠭ᠎ᠠ᠂ ᠳᠡᠮᠵᠢᠯᠭᠡ ᠪᠡᠷ ᠡᠷᠳᠡᠮᠲᠡᠨ᠂ ᠰᠤᠳᠤᠯᠤᠭᠠᠴᠢᠳ ᠤᠨ ᠪᠠᠭ «ᠮᠣᠩ᠋ᠭᠣᠯ ᠬᠡᠮᠡᠬᠦ ᠨᠡᠷ᠎ᠡ ᠢᠢᠨ ᠰᠤᠳᠤᠯᠭ᠎ᠠ» ᠨᠣᠮ ᠪᠦᠲᠦᠭᠡᠯ᠎ᠡ᠃
᠒᠔ ᠬᠦᠮᠦᠨ ᠦ ᠪᠦᠷᠢᠯᠳᠦᠬᠦᠨ ᠲᠡᠶ ᠠᠵᠢᠯ ᠤᠨ ᠬᠡᠰᠡᠭ ᠲᠥ ᠰᠢᠨᠵᠢᠯᠡᠬᠦ ᠤᠬᠠᠭᠠᠨ ᠤ ᠠᠻᠠᠳᠧᠮᠢ᠂ ᠦᠨᠳᠦᠰᠦᠨ ᠦ ᠲᠥᠪ ᠠᠷᠬᠢᠸ᠂ ᠮᠣᠩ᠋ᠭᠤᠯ ᠤᠯᠤᠰ ᠤᠨ ᠶᠡᠬᠡ ᠰᠤᠷᠭᠠᠭᠤᠯᠢ᠂ ᠮᠣᠩ᠋ᠭᠤᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠵᠡᠷᠭᠡ ᠪᠠᠢᠢᠭᠤᠯᠤᠯᠭ᠎ᠠ ᠢᠢᠨ ᠒᠐ ᠰᠤᠳᠤᠯᠤᠭᠠᠴᠢ ᠠᠴᠠ ᠭᠠᠳᠠᠨ᠎ᠠ ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠫᠷᠣᠷᠧᠻᠲ᠋ᠣᠷ᠂ ᠮᠣᠩ᠋ᠭᠣᠯ ᠰᠤᠳᠤᠯᠤᠯ ᠤᠨ ᠬᠣᠯᠪᠤᠭᠠᠨ ᠤ ᠵᠠᠬᠢᠷᠤᠯ᠂ ᠳ᠋ᠣᠻᠲ᠋ᠤᠷ ᠳᠠ᠊·ᠵᠠᠶᠠᠭᠠᠪᠠᠭᠠᠲᠤᠷ᠂ ᠰᠢᠨᠵᠢᠯᠡᠬᠦ ᠤᠬᠠᠭᠠᠨ ᠤ ᠠᠻᠠᠳᠧᠮᠢ ᠢᠢᠨ ᠳᠡᠳ᠋ ᠶᠡᠷᠦᠩᠬᠡᠢᠢᠯᠡᠭᠴᠢ᠂ ᠠᠻᠠᠳᠧᠮᠢᠴᠢ ᠴ᠊·ᠴᠡᠷᠢᠩᠳᠣᠷᠵᠢ᠂ ᠰᠲ᠋ᠷᠠᠲ᠋ᠧᠭᠢ ᠰᠤᠳᠤᠯᠭᠠᠨ ᠤ ᠬᠦᠷᠢᠶᠡᠯᠡᠩ ᠦᠨ ᠠᠯᠪᠠᠨ ᠤ ᠳᠠᠷᠤᠭ᠎ᠠ᠂ ᠳ᠋ᠣᠻᠲ᠋ᠤᠷ ᠴ᠊·ᠮᠢᠨᠵᠢᠨ ᠨᠠᠷ ᠷᠧᠳᠠᠻᠲ᠋ᠣᠷ ᠢᠶᠠᠷ᠂ ᠶᠡᠷᠦᠩᠬᠡᠢᠢᠯᠡᠭᠴᠢ ᠢᠢᠨ ᠪᠣᠯᠪᠠᠰᠤᠷᠠᠯ᠂ ᠰᠢᠨᠵᠢᠯᠡᠬᠦ ᠤᠬᠠᠭᠠᠨ᠂ ᠲᠧᠺᠨᠣᠯᠤᠭᠢ ᠢᠢᠨ ᠪᠣᠳᠤᠯᠭ᠎ᠠ ᠢᠢᠨ ᠵᠥᠪᠯᠡᠬᠦ ᠴᠣ᠊·ᠯᠣᠳᠤᠢᠢᠷᠠᠪᠰᠠᠯ ᠵᠥᠪᠯᠡᠬᠦ ᠪᠡᠷ ᠠᠵᠢᠯᠯᠠᠵᠠᠶ᠃

ᠡᠷᠳᠡᠮᠲᠦᠨ᠂ ᠰᠤᠳᠤᠯᠤᠭᠠᠴᠢᠳ ᠤᠨ ᠪᠠᠭ ᠪᠠᠷᠢᠮᠲᠠ ᠨᠤᠭᠤᠳ ᠲᠤ ᠦᠨᠳᠦᠰᠦᠯᠡᠨ ᠮᠣᠩ᠋ᠭᠣᠯ ᠤᠯᠤᠰ ᠢ ᠤᠤᠭᠠᠯ ᠨᠡᠷ᠎ᠡ ᠳᠥ ᠨᠡᠢᠢᠴᠡᠭᠦᠯᠦᠨ᠂ «Mongolia» ᠪᠤᠰᠤ «Mongol» ᠬᠡᠮᠡᠨ ᠨᠡᠷᠡᠯᠡᠵᠦ᠂ ᠪᠢᠴᠢᠵᠦ ᠬᠡᠪᠰᠢᠭᠦᠯᠬᠦ ᠨᠢ ᠵᠦᠢ ᠲᠡᠶ ᠭᠡᠵᠦ ᠦᠵᠡᠭᠰᠡᠨ ᠪᠠᠢᠢᠨ᠎ᠠ᠃
«ᠮᠣᠩ᠋ᠭᠣᠯ ᠬᠡᠮᠡᠬᠦ ᠨᠡᠷ᠎ᠡ ᠢᠢᠨ ᠰᠤᠳᠤᠯᠭ᠎ᠠ» ᠨᠣᠮ ᠳᠤ ᠑᠗᠐᠐ ᠣᠨ ᠠᠴᠠ ᠬᠣᠢᠢᠰᠢ ᠣᠯᠠᠨ ᠤᠯᠤᠰ ᠲᠤ ᠬᠡᠪᠯᠡᠭᠳᠡᠭᠰᠡᠨ ᠶᠢᠰᠦᠨ ᠭᠠᠵᠠᠷ ᠤᠨ ᠵᠢᠷᠤᠭ ᠢ ᠵᠣᠬᠢᠶᠠᠭᠴᠢ ᠢᠢᠨ ᠡᠷᠬᠡ ᠢᠢᠨ ᠠᠯᠪᠠᠨ ᠶᠣᠰᠤᠨ ᠤ ᠵᠥᠪᠰᠢᠶᠡᠷᠡᠯ ᠲᠡᠶ ᠪᠡᠷ ᠬᠤᠳᠠᠯᠳᠤᠨ ᠠᠪᠴᠤ᠂ ᠡᠮᠦᠨ᠎ᠡ ᠨᠢ ᠣᠯᠠᠨ ᠤ ᠬᠦᠷᠲᠡᠭᠡᠯ ᠪᠣᠯᠤᠭ᠎ᠠ ᠦᠭᠡᠢ ᠠᠷᠬᠢᠸ ᠤᠨ ᠪᠠᠷᠢᠮᠲᠠ᠂ ᠥᠷᠦᠨ᠎ᠡ᠂ ᠳᠣᠷᠤᠨ᠎ᠠ ᠢᠢᠨ ᠬᠡᠯᠡ ᠪᠡᠷ ᠬᠢ ᠡᠬᠡ ᠰᠤᠷᠪᠤᠯᠵᠢ ᠨᠤᠭᠤᠳ ᠢ ᠠᠰᠢᠭᠯᠠᠨ ᠰᠤᠳᠤᠯᠭ᠎ᠠ ᠬᠢᠵᠡᠶ᠃
«ᠮᠣᠩ᠋ᠭᠣᠯ» ᠭᠡᠳᠡᠭ ᠦᠭᠡ ᠤᠭᠰᠠᠭᠠᠲᠠᠨ᠂ ᠦᠨᠳᠦᠰᠦᠲᠡᠨ ᠦ ᠨᠡᠷ᠎ᠡ ᠪᠣᠯᠵᠤ ᠨᠠᠩ᠋ᠭᠢᠶᠠᠳ ᠤᠨ ᠲᠡᠦᠬᠡᠨ᠎ᠡ ᠬᠠᠨᠵᠢ ᠦᠰᠦᠭ ᠢᠶᠡᠷ ᠲᠡᠮᠳᠡᠭᠯᠡᠭᠳᠡᠭᠰᠡᠨ ᠨᠢ ᠨᠡᠢᠢᠲᠡ ᠢᠢᠨ ᠲᠣᠭᠠᠯᠠᠯ ᠤᠨ VI-VII ᠵᠠᠭᠤᠨ ᠳᠤ ᠬᠠᠮᠢᠶᠠᠷᠳᠠᠭ᠃ ᠡᠨᠡ ᠨᠢ ᠡᠭᠦᠨ ᠡᠴᠡ ᠡᠮᠦᠨ᠎ᠡ ᠮᠣᠩ᠋ᠭᠤᠯᠴᠤᠳ ᠪᠠᠢᠢᠭ᠎ᠠ ᠦᠭᠡᠢ ᠭᠡᠰᠡᠨ ᠦᠭᠡ ᠪᠢᠰᠢ ᠪᠥᠭᠡᠳ ᠪᠢᠳᠡ ᠲᠥᠷᠦᠲᠦ ᠤᠯᠤᠰ ᠢᠶᠠᠨ ᠾᠦᠩᠨᠦ᠂ ᠰᠢᠶᠠᠩᠪᠢ᠂ ᠿᠦᠿᠠᠨ᠂ ᠬᠢᠳᠠᠨ ᠭᠡᠬᠦ ᠮᠡᠲᠦ ᠪᠡᠷ ᠨᠡᠷᠡᠯᠡᠵᠦ ᠪᠠᠢᠢᠭᠠᠳ XII ᠵᠠᠭᠤᠨ ᠤ ᠦᠶ᠎ᠡ ᠡᠴᠡ ᠮᠣᠩ᠋ᠭᠣᠯ ᠪᠤᠶᠤ ᠶᠡᠬᠡ ᠮᠣᠩ᠋ᠭᠣᠯ ᠤᠯᠤᠰ ᠬᠡᠮᠡᠭᠰᠡᠨ ᠲᠡᠦᠬᠡ ᠲᠡᠶ᠃
ᠥᠩ᠋ᠭᠡᠷᠡᠭᠰᠡᠨ ᠘᠐᠐ ᠭᠠᠷᠤᠢ ᠵᠢᠯ ᠦᠨ ᠬᠤᠭᠤᠴᠠᠭᠠᠨ ᠳᠤ ᠮᠣᠩ᠋ᠭᠤᠯᠴᠤᠳ ᠡᠨᠡ ᠨᠡᠷ᠎ᠡ᠂ ᠳᠠᠭᠤᠳᠠᠯᠭ᠎ᠠ ᠪᠠᠨ ᠥᠭᠡᠷᠡᠴᠢᠯᠡᠵᠦ ᠬᠤᠪᠢᠷᠠᠭᠠᠯ ᠦᠭᠡᠢ ᠥᠨᠦ ᠢᠢ ᠬᠦᠷᠦᠭᠰᠡᠨ᠃
ᠬᠠᠷᠢᠨ ᠳᠡᠯᠡᠬᠡᠢ ᠢᠢᠨ ᠤᠯᠤᠰ ᠣᠷᠤᠨ ᠨᠤᠭᠤᠳ ᠬᠡᠯᠡ᠂ ᠪᠢᠴᠢᠭ᠌ ᠦᠰᠦᠭ ᠦᠨ ᠣᠨᠴᠠᠯᠢᠭ᠂ ᠬᠠᠷᠢ ᠤᠯᠤᠰ ᠢ ᠨᠡᠷᠡᠯᠡᠳᠡᠭ ᠤᠯᠠᠮᠵᠢᠯᠠᠯ᠂ ᠠᠩᠬ᠎ᠠ ᠶᠠᠮᠠᠷ ᠬᠡᠯᠡ ᠪᠡᠷ ᠳᠠᠮᠵᠢᠵᠤ ᠲᠤᠬᠠᠢ ᠢᠢᠨ ᠬᠡᠯᠡᠨ ᠳᠥ ᠨᠡᠪᠲᠡᠷᠡᠭᠰᠡᠨ ᠵᠡᠷᠭᠡ ᠡᠴᠡ ᠰᠢᠯᠲᠠᠭᠠᠯᠠᠨ ᠮᠣᠩ᠋ᠭᠣᠯ ᠬᠡᠮᠡᠬᠦ ᠨᠡᠷ᠎ᠡ ᠢᠢ ᠥᠭᠡᠷ᠎ᠡ ᠥᠭᠡᠷ᠎ᠡ ᠪᠡᠷ ᠳᠠᠭᠤᠳᠠᠵᠤ᠂ ᠪᠢᠴᠢᠵᠦ ᠢᠷᠡᠵᠡᠶ᠃

«ᠮᠣᠩ᠋ᠭᠣᠯ ᠬᠡᠮᠡᠬᠦ ᠨᠡᠷ᠎ᠡ ᠢᠢᠨ ᠰᠤᠳᠤᠯᠭ᠎ᠠ» ᠨᠣᠮ ᠤᠨ «ᠲᠡᠦᠬᠡᠨ ᠰᠤᠷᠪᠤᠯᠵᠢ ᠳ᠋ᠠᠬᠢ ᠮᠣᠩ᠋ᠭᠣᠯ ᠬᠡᠮᠡᠬᠦ ᠨᠡᠷ᠎ᠡ ᠢᠢᠨ ᠰᠤᠳᠤᠯᠭ᠎ᠠ» I ᠪᠦᠯᠦᠭ ᠲᠥ:
• XIII-XVIII ᠵᠠᠭᠤᠨ ᠤ ᠬᠤᠳᠤᠮ ᠮᠣᠩ᠋ᠭᠤᠯ᠂ ᠳᠥᠷᠪᠡᠯᠵᠢᠨ᠂ ᠲᠣᠳᠤ᠂ ᠬᠢᠲᠠᠳ ᠵᠡᠷᠭᠡ ᠦᠰᠦᠭ ᠢᠶᠡᠷ ᠬᠢ ᠮᠣᠩ᠋ᠭᠤᠯ ᠬᠡᠯᠡᠨ ᠦ ᠳᠤᠷᠠᠰᠬᠠᠯ᠂ ᠠᠷᠠᠪ᠂ ᠫᠧᠷᠰ᠂ ᠯᠠᠲ᠋ᠢᠨ᠂ ᠴᠠᠭᠠᠳᠠᠢ ᠬᠡᠯᠡᠨ ᠦ ᠰᠤᠷᠪᠤᠯᠵᠢ᠂
• ᠮᠠᠨᠵᠤ᠂ ᠲᠥᠪᠡᠳ᠂ ᠬᠢᠲᠠᠳ᠂ ᠶᠠᠫᠣᠨ᠂ ᠰᠣᠯᠤᠩᠭ᠋ᠤᠰ ᠵᠡᠷᠭᠡ ᠳᠣᠷᠤᠨ᠎ᠠ ᠢᠢᠨ ᠬᠡᠯᠡ ᠪᠡᠷ ᠬᠢ ᠰᠤᠷᠪᠤᠯᠵᠢ᠂
• ᠠᠩ᠋ᠭ᠍ᠯᠢ᠂ ᠣᠷᠤᠰ᠂ ᠹᠷᠠᠨ᠋ᠼᠠ᠂ ᠭᠧᠷᠮᠠᠨ᠂ ᠢᠲ᠋ᠠᠯᠢ᠂ ᠢᠰᠫᠠᠨᠢ᠂ ᠴᠧᠬᠣ᠋᠂ ᠲᠦᠷᠻ ᠵᠡᠷᠭᠡ ᠥᠷᠦᠨ᠎ᠡ ᠢᠢᠨ ᠬᠡᠯᠡ ᠪᠡᠷ ᠬᠢ ᠰᠤᠷᠪᠤᠯᠵᠢ᠂ ᠰᠤᠳᠤᠯᠭ᠎ᠠ ᠢᠢ ᠨᠢᠭᠡᠳᠬᠡᠨ ᠳ᠋ᠦᠩᠨᠡᠭᠰᠡᠨ ᠪᠠᠢᠢᠨ᠎ᠠ᠃
«ᠪᠤᠰᠤᠳ ᠰᠤᠷᠪᠤᠯᠵᠢ ᠳ᠋ᠠᠬᠢ ᠮᠣᠩ᠋ᠭᠣᠯ ᠬᠡᠮᠡᠬᠦ ᠨᠡᠷ᠎ᠡ ᠢᠢᠨ ᠰᠤᠳᠤᠯᠭ᠎ᠠ» II ᠪᠦᠯᠦᠭ ᠲᠥ:
• ᠠᠷᠬᠢᠸ ᠤᠨ ᠪᠠᠷᠢᠮᠲᠠ ᠳ᠋ᠠᠬᠢ «ᠮᠣᠩ᠋ᠭᠣᠯ» ᠬᠡᠮᠡᠬᠦ ᠨᠡᠷ᠎ᠡ ᠢᠢ ᠣᠨ ᠳᠠᠷᠠᠭᠠᠯᠠᠯ ᠤᠨ ᠳᠠᠭᠠᠭᠤ ᠰᠤᠷᠪᠤᠯᠵᠢᠯᠠᠨ ᠑᠖᠗᠔ ᠣᠨ ᠤ ᠮᠠᠨᠵᠤ ᠬᠡᠯᠡᠨ ᠦ ᠪᠠᠷᠢᠮᠲᠠ ᠠᠴᠠ ᠡᠬᠢᠯᠡᠨ ᠑᠗᠒᠖ ᠣᠨ ᠤ ᠬᠤᠳᠤᠮ ᠮᠣᠩ᠋ᠭᠤᠯ ᠪᠢᠴᠢᠭ᠌᠂ ᠑᠙᠑᠒ ᠣᠨ ᠤ ᠬᠢᠲᠠᠳ ᠬᠡᠯᠡ᠂ ᠑᠙᠑᠔ ᠣᠨ ᠤ ᠣᠷᠤᠰ ᠬᠡᠯᠡᠨ ᠦ ᠠᠷᠬᠢᠸ ᠤᠨ ᠑᠕ ᠪᠠᠷᠢᠮᠲᠠ ᠢᠢ ᠡᠬᠡ ᠵᠢᠷᠤᠭ ᠢᠶᠠᠷ ᠬᠠᠪᠰᠤᠷᠭᠠᠨ᠂ ᠲᠠᠢᠢᠯᠪᠤᠷᠢ ᠬᠢᠵᠡᠶ᠃
• ᠮᠥᠨ «ᠭᠠᠵᠠᠷ ᠤᠨ ᠵᠢᠷᠤᠭ ᠳ᠋ᠠᠬᠢ ᠮᠣᠩ᠋ᠭᠣᠯ ᠬᠡᠮᠡᠬᠦ ᠨᠡᠷ᠎ᠡ ᠢᠢᠨ ᠰᠤᠳᠤᠯᠭ᠎ᠠ» ᠊ᠢᠢ ᠮᠠᠨ ᠤ ᠡᠷᠢᠨ ᠦ-᠕᠕᠐ ᠣᠨ ᠤ ᠰᠤᠷᠪᠤᠯᠵᠢ ᠳᠤ ᠲᠡᠮᠳᠡᠭᠯᠡᠭᠰᠡᠨ ᠳ᠋ᠠᠲ᠋ᠦᠨᠢ ᠪᠤᠶᠤ ᠲᠠᠲᠠᠷ ᠬᠡᠮᠡᠬᠦ ᠨᠡᠷ᠎ᠡ ᠡᠴᠡ ᠡᠬᠢᠯᠡᠨ ᠳᠤᠷᠠᠳᠴᠤ᠂ ᠑᠔᠕᠙ ᠣᠨ ᠤ ᠵᠢᠷᠤᠭᠲᠤ ᠲᠡᠮᠳᠡᠭᠯᠡᠭᠰᠡᠨ Mongul ᠬᠡᠮᠡᠬᠦ ᠨᠡᠷ᠎ᠡ ᠡᠴᠡ ᠡᠬᠢᠯᠡᠭᠦᠯᠦᠨ ᠑᠗᠙᠔ ᠣᠨ ᠳᠤ «Mongolia» ᠭᠡᠵᠦ ᠠᠩᠬ᠎ᠠ ᠲᠡᠮᠳᠡᠭᠯᠡᠭᠰᠡᠨ ᠭᠠᠵᠠᠷ ᠤᠨ ᠵᠢᠷᠤᠭ ᠤᠳ ᠤᠨ ᠲᠠᠢᠢᠯᠪᠤᠷᠢ᠂ ᠬᠠᠪᠰᠤᠷᠤᠯᠲᠠ ᠨᠤᠭᠤᠳ ᠢ ᠨᠢᠭᠡᠳᠬᠡᠵᠡᠶ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠮᠣᠩ᠋ᠭᠤᠯ ᠦᠨᠳᠦᠰᠦᠲᠡᠨ ᠦ ᠣᠷᠣᠰᠢᠬᠤᠢ ᠢᠢᠨ ᠳᠠᠷᠬᠠᠯᠠᠭ᠎ᠠ ᠢᠢ ᠪᠡᠬᠢᠵᠢᠭᠦᠯᠬᠦ ᠵᠣᠷᠢᠯᠭ᠎ᠠ ᠪᠠᠷ ᠡᠬᠡ ᠬᠡᠯᠡ᠂ ᠲᠡᠦᠬᠡ᠂ ᠰᠣᠶᠤᠯ᠂ ᠵᠠᠩ ᠵᠠᠩᠰᠢᠯ᠂ ᠥᠪ ᠤᠯᠠᠮᠵᠢᠯᠠᠯ ᠵᠡᠷᠭᠡ ᠢᠢ ᠬᠣᠢᠢᠴᠢ ᠦᠶ᠎ᠡ ᠳᠥ ᠪᠡᠨ ᠤᠯᠠᠮᠵᠢᠯᠠᠭᠤᠯᠬᠤ᠂ ᠲᠦᠭᠡᠭᠡᠨ ᠳᠡᠯᠭᠡᠷᠡᠭᠦᠯᠬᠦ᠂ ᠰᠤᠷᠲᠠᠯᠴᠢᠯᠠᠨ ᠲᠠᠨᠢᠭᠤᠯᠬᠤ ᠪᠣᠳᠤᠯᠭ᠎ᠠ ᠪᠠᠷᠢᠮᠲᠠᠯᠠᠵᠤ ᠪᠠᠢᠢᠭ᠎ᠠ᠃
ᠡᠨᠡ ᠬᠦᠷᠢᠶᠡᠨ ᠳᠥ «ᠴᠢᠩᠬᠢᠰ ᠬᠠᠭᠠᠨ» ᠦᠨᠳᠦᠰᠦᠨ ᠦ ᠮᠦᠽᠧᠢ ᠪᠠᠢᠢᠭᠤᠯᠵᠤ᠂ ᠠᠯᠲᠠᠨ ᠰᠢᠲᠦᠭᠡᠨ᠂ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢ ᠵᠠᠯᠠᠬᠤ ᠰᠠᠨᠠᠭᠠᠴᠢᠯᠠᠭ᠎ᠠ ᠭᠠᠷᠭᠠᠨ ᠭᠦᠢᠴᠡᠯᠳᠦᠭᠦᠯᠦᠭᠰᠡᠨ᠃
ᠮᠥᠨ «ᠮᠣᠩ᠋ᠭᠣᠯ ᠬᠡᠯᠡ ᠰᠤᠳᠤᠯᠤᠯ» ᠑᠕ ᠪᠣᠲᠢ᠂ «ᠳᠡᠯᠬᠡᠷᠡᠩᠬᠦᠢ ᠲᠠᠢᠢᠯᠪᠤᠷᠢ ᠲᠠᠢ ᠮᠣᠩ᠋ᠭᠣᠯ ᠤᠨ ᠨᠢᠭᠤᠴᠠ ᠲᠣᠪᠴᠢᠶ᠎ᠠ»᠂ ᠮᠣᠩ᠋ᠭᠣᠯ ᠤᠨ ᠲᠡᠦᠬᠡ ᠢᠢᠨ ᠢᠵᠢ ᠪᠦᠷᠢᠨ ᠓᠐ ᠪᠣᠲᠢ ᠨᠣᠮ ᠪᠦᠲᠦᠭᠡᠵᠦ᠂ ᠡᠵᠡᠨ ᠪᠣᠭᠳᠠ ᠴᠢᠩᠬᠢᠰ ᠬᠠᠭᠠᠨ ᠤ ᠡᠰᠢ ᠬᠥᠷᠦᠭ ᠢ ᠬᠦᠨᠳᠦᠳᠬᠡᠨ ᠵᠠᠯᠠᠬᠤ᠂ ᠡᠷᠲᠡᠨ ᠦ ᠨᠡᠢᠢᠰᠯᠡᠯ ᠬᠠᠷᠠᠬᠣᠷᠤᠮ ᠬᠣᠲᠠ ᠢᠢ ᠰᠡᠷᠭᠦᠭᠡᠨ ᠪᠠᠢᠢᠭᠤᠯᠬᠤ᠂ ᠮᠣᠩ᠋ᠭᠤᠯ ᠦᠨᠳᠦᠰᠦᠲᠡᠨ ᠦ ᠪᠠᠬᠠᠷᠬᠠᠯ ᠪᠣᠯᠤᠭᠰᠠᠨ ᠮᠣᠷᠢᠨ ᠬᠤᠭᠤᠷ ᠢᠶᠠᠨ ᠡᠷᠬᠢᠮᠯᠡᠨ ᠳᠡᠭᠡᠳᠦᠯᠡᠵᠦ᠂ ᠲᠦᠭᠡᠭᠡᠨ ᠳᠡᠯᠭᠡᠷᠡᠭᠦᠯᠬᠦ ᠵᠠᠷᠯᠢᠭ ᠭᠠᠷᠭᠠᠨ ᠬᠡᠷᠡᠭᠵᠢᠭᠦᠯᠵᠦ ᠪᠠᠢᠢᠨ᠎ᠠ᠃





