ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠤᠨ ᠶᠡᠷᠦᠩᠬᠡᠢᠢᠯᠡᠭᠴᠢ ᠻᠠᠰᠢᠮ-ᠵᠣᠮᠠᠷᠲ᠋ ᠻᠧᠮᠧᠯᠧᠸᠢᠴ ᠲᠣᠻᠠᠶᠧᠸ ᠤᠨ ᠤᠷᠢᠯᠭ᠎ᠠ ᠪᠠᠷ ᠒᠐᠒᠖ ᠣᠨ ᠤ ᠐᠔ ᠊ᠳ᠋ᠦᠭᠡᠷ ᠰᠠᠷ᠎ᠠ ᠢᠢᠨ ᠒᠐-᠒᠓ ᠤ ᠡᠳᠦᠷ ᠲᠤᠰ ᠤᠯᠤᠰ ᠲᠤ ᠲᠥᠷᠦ ᠢᠢᠨ ᠠᠢᠢᠯᠴᠢᠯᠠᠯ ᠬᠢᠬᠦ ᠪᠡᠷ ᠡᠬᠡ ᠣᠷᠤᠨ ᠠᠴᠠ ᠪᠠᠨ ᠮᠣᠷᠳᠠᠯ᠎ᠠ᠃
ᠡᠨᠡ ᠠᠢᠢᠯᠴᠢᠯᠠᠯ ᠬᠣᠶᠠᠷ ᠤᠯᠤᠰ ᠤᠨ ᠬᠣᠭᠤᠷᠤᠨᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠠᠴᠠ ᠬᠣᠢᠢᠰᠢ ᠓᠔ ᠵᠢᠯ᠂ ᠮᠣᠩ᠋ᠭᠣᠯ ᠤᠯᠤᠰ ᠤᠨ ᠲᠥᠷᠦ ᠢᠢᠨ ᠲᠡᠷᠢᠭᠦᠨ ᠦ ᠲᠥᠪᠰᠢᠨ ᠳᠥ ᠲᠤᠰ ᠤᠯᠤᠰ ᠲᠤ ᠒᠐ ᠵᠢᠯ ᠦᠨ ᠳᠠᠷᠠᠭ᠎ᠠ ᠬᠢᠵᠦ ᠪᠠᠢᠢᠭ᠎ᠠ ᠠᠢᠢᠯᠴᠢᠯᠠᠯ ᠶᠤᠮ᠃
ᠶᠡᠷᠦᠩᠬᠡᠢᠢᠯᠡᠭᠴᠢ ᠤ·ᠬᠦᠷᠡᠯᠰᠦ᠋ᠬᠡ᠂ ᠻᠠ᠊·ᠲᠣᠻᠠᠶᠧᠸ ᠨᠠᠷ ᠭᠠᠭᠴᠠᠭᠠᠷᠴᠢᠯᠠᠭᠰᠠᠨ ᠠᠭᠤᠯᠵᠠᠯᠲᠠ᠂ ᠠᠯᠪᠠᠨ ᠶᠣᠰᠤᠨ ᠤ ᠬᠡᠯᠡᠯᠴᠡᠭᠡ ᠬᠢᠵᠦ᠂ ᠬᠡᠪᠯᠡᠯ ᠮᠡᠳᠡᠭᠡᠯᠡᠯ ᠦᠨ ᠪᠠᠢᠢᠭᠤᠯᠤᠯᠭ᠎ᠠ ᠨᠤᠭᠤᠳ ᠤᠨ ᠲᠥᠯᠦᠭᠡᠯᠡᠯ ᠳᠥ ᠮᠡᠳᠡᠭᠡᠯᠡᠯ ᠥᠭ᠍ᠭᠦᠨ᠎ᠡ᠃
ᠲᠤᠬᠠᠢᠢᠯᠠᠪᠠᠯ᠂ ᠥᠩ᠋ᠭᠡᠷᠡᠭᠰᠡᠨ ᠓᠐ ᠭᠠᠷᠤᠢ ᠵᠢᠯ ᠦᠨ ᠬᠠᠷᠢᠯᠴᠠᠭᠠᠨ ᠤ ᠣᠯᠤᠯᠲᠠ᠂ ᠠᠮᠵᠢᠯᠲᠠ ᠢᠢ ᠳ᠋ᠦᠩᠨᠡᠨ᠂ «ᠰᠲ᠋ᠷᠠᠲ᠋ᠧᠭᠢ ᠢᠢᠨ ᠲᠦᠩᠰᠢᠯᠡᠯ» ᠤᠨ ᠬᠠᠷᠢᠯᠴᠠᠭ᠎ᠠ ᠢᠢ ᠥᠷᠭᠡᠵᠢᠭᠦᠯᠬᠦ᠂ ᠬᠠᠮᠲᠤ ᠢᠢᠨ ᠠᠵᠢᠯᠯᠠᠭ᠎ᠠ ᠢᠢ ᠡᠳ᠋ ᠦᠨ ᠵᠠᠰᠠᠭ ᠤᠨ ᠠᠭᠤᠯᠭ᠎ᠠ ᠪᠠᠷ ᠪᠠᠶᠠᠵᠢᠭᠤᠯᠬᠤ᠂ ᠣᠯᠠᠨ ᠤᠯᠤᠰ᠂ ᠪᠦᠰᠡ ᠨᠤᠲᠤᠭ ᠤᠨ ᠲᠠᠪᠴᠠᠩ ᠳ᠋ᠠᠬᠢ ᠬᠠᠮᠲᠤ ᠢᠢᠨ ᠠᠵᠢᠯᠯᠠᠭ᠎ᠠ ᠢᠢ ᠤᠯᠠᠮ ᠭᠦᠨᠵᠡᠭᠡᠢᠢᠷᠡᠭᠦᠯᠬᠦ ᠲᠠᠯ᠎ᠠ ᠪᠠᠷ ᠰᠠᠨᠠᠯ ᠰᠣᠯᠢᠯᠴᠠᠬᠤ ᠶᠤᠮ᠃
ᠠᠢᠢᠯᠴᠢᠯᠠᠯ ᠤᠨ ᠦᠶ᠎ᠡ ᠪᠡᠷ ᠲᠠᠯ᠎ᠠ ᠨᠤᠭᠤᠳ ᠬᠤᠳᠠᠯᠳᠤᠭ᠎ᠠ᠂ ᠡᠳ᠋ ᠦᠨ ᠵᠠᠰᠠᠭ᠂ ᠪᠠᠩᠻᠢ᠂ ᠭᠠᠵᠠᠷ ᠤᠨ ᠲᠣᠰᠤ᠂ ᠡᠷᠴᠢᠮ ᠬᠦᠴᠦ᠂ ᠬᠣᠲᠠ ᠪᠠᠢᠢᠭᠤᠯᠤᠯᠲᠠ᠂ ᠰᠢᠨᠵᠢᠯᠡᠬᠦ ᠤᠬᠠᠭᠠᠨ᠂ ᠰᠣᠶᠤᠯ᠂ ᠵᠠᠯᠠᠭᠤᠴᠤᠳ᠂ ᠰᠫᠣᠷᠲ᠂ ᠠᠶᠠᠯᠠᠯ ᠵᠢᠭᠤᠯᠴᠢᠯᠠᠯ᠂ ᠬᠡᠪᠯᠡᠯ ᠮᠡᠳᠡᠭᠡᠯᠡᠯ᠂ ᠮᠦᠽᠧᠢ ᠵᠡᠷᠭᠡ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ ᠵᠠᠰᠠᠭ ᠤᠨ ᠭᠠᠵᠠᠷ ᠪᠣᠯᠤᠨ ᠪᠠᠢᠢᠭᠤᠯᠤᠯᠭ᠎ᠠ ᠬᠣᠭᠤᠷᠤᠨᠳᠤ ᠢᠢᠨ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠨ᠎ᠠ᠃
ᠮᠥᠨ ᠻᠠᠽᠠᠻᠰᠲ᠋ᠠᠨ-ᠮᠣᠩ᠋ᠭᠣᠯ ᠤᠨ ᠪᠢᠽᠢᠨᠧᠰ ᠹᠣᠷᠦᠢᠮ ᠪᠣᠯᠬᠤ ᠢᠢᠨ ᠵᠡᠷᠭᠡᠴᠡᠭᠡ ᠠᠰᠲ᠋ᠠᠨᠠ ᠬᠣᠲᠠᠨ᠎ᠠ ᠠᠩᠬ᠎ᠠ ᠤᠳᠠᠭ᠎ᠠ «ᠮᠣᠩ᠋ᠭᠣᠯ ᠤᠨ ᠰᠠᠢᠢᠬᠠᠨ ᠣᠷᠤᠨ» ᠬᠦᠨᠳᠦᠳᠬᠡᠯ ᠦᠨ ᠻᠣᠨ᠋ᠼᠧᠷᠲ᠂ ᠭᠡᠷᠡᠯ ᠵᠢᠷᠤᠭ ᠤᠨ ᠦᠵᠡᠰᠬᠦᠯᠡᠩ ᠲᠣᠯᠢᠯᠠᠭᠤᠯᠤᠨ᠎ᠠ᠃
ᠶᠡᠷᠦᠩᠬᠡᠢᠢᠯᠡᠭᠴᠢ ᠤ·ᠬᠦᠷᠡᠯᠰᠦ᠋ᠬᠡ ᠠᠢᠢᠯᠴᠢᠯᠠᠯ ᠤᠨ ᠦᠶ᠎ᠡ ᠪᠡᠷ ᠠᠰᠲ᠋ᠠᠨᠠ ᠬᠣᠲᠠᠨ᠎ᠠ ᠪᠣᠯᠬᠤ ᠡᠻᠣᠯᠣᠭᠢ ᠢᠢᠨ ᠠᠰᠠᠭᠤᠳᠠᠯ ᠢᠶᠠᠷ ᠬᠢ ᠪᠦᠰᠡ ᠨᠤᠲᠤᠭ ᠤᠨ ᠳᠡᠭᠡᠳᠦ ᠲᠥᠪᠰᠢᠨ ᠦ ᠠᠭᠤᠯᠵᠠᠯᠲᠠ ᠳᠤ ᠣᠷᠤᠯᠴᠠᠬᠤ ᠪᠠᠷ ᠲᠥᠯᠦᠪᠯᠡᠵᠦ ᠪᠠᠢᠢᠨ᠎ᠠ᠃

ᠻᠠᠽᠠᠻᠰᠲ᠋ᠠᠨ ᠤ ᠶᠡᠷᠦᠩᠬᠡᠢᠢᠯᠡᠭᠴᠢ ᠻᠠ᠊·ᠲᠣᠻᠠᠶᠧᠸ ᠒᠐᠒᠔ ᠣᠨ ᠳᠤ ᠶᠡᠷᠦᠩᠬᠡᠢᠢᠯᠡᠭᠴᠢ ᠢᠢᠨ ᠤᠷᠢᠯᠭ᠎ᠠ ᠪᠠᠷ ᠮᠠᠨ ᠤ ᠤᠯᠤᠰ ᠲᠤ ᠲᠥᠷᠦ ᠢᠢᠨ ᠠᠢᠢᠯᠴᠢᠯᠠᠯ ᠬᠢᠭ᠍ᠰᠡᠨ ᠨᠢ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠪᠦᠬᠦ ᠰᠠᠯᠪᠤᠷᠢ ᠳᠤ ᠭᠦᠨᠵᠡᠭᠡᠢᠢᠷᠡᠭᠦᠯᠦᠨ ᠬᠥᠭ᠍ᠵᠢᠭᠦᠯᠬᠦ ᠳᠥ ᠴᠢᠬᠤᠯᠠ ᠬᠤᠪᠢ ᠨᠡᠮᠡᠷᠢ ᠪᠣᠯᠤᠭᠰᠠᠨ᠃
ᠡᠨᠡ ᠦᠶ᠎ᠡ ᠪᠡᠷ ᠬᠣᠶᠠᠷ ᠤᠯᠤᠰ ᠤᠨ ᠲᠥᠷᠦ ᠢᠢᠨ ᠲᠡᠷᠢᠭᠦᠨ ᠤᠯᠠᠮᠵᠢᠯᠠᠯᠲᠤ ᠨᠠᠢᠢᠷᠰᠠᠭ ᠬᠠᠷᠢᠯᠴᠠᠭᠠᠨ ᠤ ᠲᠥᠪᠰᠢᠨ ᠢ ᠱᠠᠲᠤ ᠠᠬᠢᠭᠤᠯᠤᠨ «ᠰᠲ᠋ᠷᠠᠲ᠋ᠧᠭᠢ ᠢᠢᠨ ᠲᠦᠩᠰᠢᠯᠡᠯ» ᠳ᠋ᠦ ᠬᠦᠷᠭᠡᠭ᠍ᠰᠡᠨ ᠢᠶᠡᠨ ᠲᠤᠩᠬᠠᠭᠯᠠᠨ ᠵᠠᠷᠯᠠᠭᠰᠠᠨ ᠶᠤᠮ᠃
ᠢᠩ᠋ᠭᠢᠭ᠍ᠰᠡᠨ ᠢᠶᠡᠷ ᠻᠠᠽᠠᠻᠰᠲ᠋ᠠᠨ ᠨᠢ ᠲᠥᠪ ᠠᠽᠢ ᠢᠢᠨ ᠪᠦᠰᠡ ᠨᠤᠲᠤᠭ ᠳ᠋ᠠᠬᠢ ᠮᠠᠨ ᠤ ᠤᠯᠤᠰ ᠤᠨ ᠠᠩᠬᠠᠨ ᠤ ᠰᠲ᠋ᠷᠠᠲ᠋ᠧᠭᠢ ᠢᠢᠨ ᠲᠦᠩᠰᠢ ᠣᠷᠤᠨ ᠪᠣᠯᠵᠤ ᠪᠠᠢᠢᠯ᠎ᠠ᠃
ᠮᠣᠩ᠋ᠭᠣᠯ ᠤᠯᠤᠰ᠂ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠑᠙᠙᠒ ᠣᠨ ᠤ ᠐᠑ ᠊ᠳ᠋ᠦᠭᠡᠷ ᠰᠠᠷ᠎ᠠ ᠢᠢᠨ ᠒᠒ ᠤ ᠡᠳᠦᠷ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠲᠡᠦᠬᠡ ᠲᠡᠶ᠃
᠑᠙᠙᠘ ᠣᠨ ᠳᠤ ᠶᠡᠷᠦᠩᠬᠡᠢᠢᠯᠡᠭᠴᠢ ᠨᠠ᠊·ᠪᠠᠭᠠᠪᠠᠨᠳᠢ᠂ ᠒᠐᠐᠗ ᠣᠨ ᠳᠤ ᠶᠡᠷᠦᠩᠬᠡᠢᠢᠯᠡᠭᠴᠢ ᠨᠠ᠊·ᠡᠩᠬᠡᠪᠠᠶᠠᠷ ᠻᠠᠽᠠᠻᠰᠲ᠋ᠠᠨ ᠳᠤ ᠲᠥᠷᠦ ᠢᠢᠨ ᠠᠢᠢᠯᠴᠢᠯᠠᠯ ᠬᠢᠭ᠍ᠰᠡᠨ᠃ ᠻᠠᠽᠠᠻᠰᠲ᠋ᠠᠨ ᠤ ᠲᠠᠯ᠎ᠠ ᠠᠴᠠ ᠑᠙᠙᠓᠂ ᠑᠙᠙᠙᠂ ᠒᠐᠐᠘ ᠣᠨ ᠳᠤ ᠶᠡᠷᠦᠩᠬᠡᠢᠢᠯᠡᠭᠴᠢ ᠨᠦ᠊·ᠨᠠᠽᠠᠷᠪᠠᠶᠧᠸ᠂ ᠒᠐᠒᠔ ᠣᠨ ᠳᠤ ᠶᠡᠷᠦᠩᠬᠡᠢᠢᠯᠡᠭᠴᠢ ᠻᠠ᠊·ᠲᠣᠻᠠᠶᠧᠸ ᠠᠢᠢᠯᠴᠢᠯᠠᠭᠰᠠᠨ ᠶᠤᠮ᠃


