Та "Internet explorer"-ийн сүүлийн хувилбар болох "Microsoft edge"-г ашиглана уу

Хэрэв "Microsoft edge"-г татах бол энд дарж татаж авна уу

ᠶᠡᠷᠦᠩᠬᠡᠢᠢᠯᠡᠭᠴᠢ ᠤ·ᠬᠦᠷᠡᠯᠰᠦ᠋ᠬᠡ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠲᠤ ᠲᠥᠷᠦ ᠢᠢᠨ ᠠᠢᠢᠯᠴᠢᠯᠠᠯ ᠬᠢᠬᠦ ᠪᠡᠷ ᠬᠦᠷᠦᠯᠴᠡᠨ ᠢᠷᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠤᠨ ᠶᠡᠷᠦᠩᠬᠡᠢᠢᠯᠡᠭᠴᠢ ᠻᠠᠰᠢᠮ-ᠵᠣᠮᠠᠷᠲ᠋ ᠻᠧᠮᠧᠯᠧᠸᠢᠴ ᠲᠣᠻᠠᠶᠧᠸ ᠤᠨ ᠤᠷᠢᠯᠭ᠎ᠠ ᠪᠠᠷ ᠒᠐᠒᠖ ᠣᠨ ᠤ ᠐᠔ ᠊ᠳ᠋ᠦᠭᠡᠷ ᠰᠠᠷ᠎ᠠ ᠢᠢᠨ ᠒᠐-᠒᠓ ᠤ ᠡᠳᠦᠷ ᠲᠤᠰ ᠤᠯᠤᠰ ᠲᠤ ᠲᠥᠷᠦ ᠢᠢᠨ ᠠᠢᠢᠯᠴᠢᠯᠠᠯ ᠬᠢᠬᠦ ᠪᠡᠷ ᠬᠦᠷᠦᠯᠴᠡᠨ ᠢᠷᠡᠯ᠎ᠡ᠃

ᠶᠡᠷᠦᠩᠬᠡᠢᠢᠯᠡᠭᠴᠢ ᠢᠢ ᠠᠰᠲ᠋ᠠᠨᠠ ᠬᠣᠲᠠ ᠢᠢᠨ ᠨᠦᠷᠰᠦ᠋ᠯᠲ᠋ᠠᠨ ᠨᠠᠽᠠᠷᠪᠠᠶᠧᠸ ᠤᠨ ᠨᠡᠷᠡᠮᠵᠢᠲᠦ ᠣᠯᠠᠨ ᠤᠯᠤᠰ ᠤᠨ ᠨᠢᠰᠬᠦ ᠣᠩ᠋ᠭᠤᠴᠠᠨ ᠤ ᠪᠠᠭᠤᠳᠠᠯ ᠳᠤ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠤᠨ ᠭᠠᠳᠠᠭᠠᠳᠤ ᠬᠡᠷᠡᠭ ᠦᠨ ᠰᠠᠢᠢᠳ ᠧ᠊·ᠻᠣᠱᠧᠷᠪᠠᠶᠧᠸ᠂ ᠮᠣᠩ᠋ᠭᠣᠯ ᠤᠯᠤᠰ ᠠᠴᠠ ᠲᠤᠰ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠭᠦ᠊·ᠪᠠᠲᠤᠵᠢᠷᠭᠠᠯ ᠨᠠᠷ ᠤᠨ ᠠᠯᠪᠠᠨ ᠤ ᠬᠦᠮᠦᠨ ᠤᠭᠲᠤᠵᠤ ᠠᠪᠤᠯ᠎ᠠ᠃

ᠠᠢᠢᠯᠴᠢᠯᠠᠯ ᠤᠨ ᠬᠦᠷᠢᠶᠡᠨ ᠳᠥ ᠬᠣᠶᠠᠷ ᠤᠯᠤᠰ ᠤᠨ ᠲᠥᠷᠦ ᠢᠢᠨ ᠲᠡᠷᠢᠭᠦᠨ ᠭᠠᠭᠴᠠᠭᠠᠷᠴᠢᠯᠠᠭᠰᠠᠨ ᠠᠭᠤᠯᠵᠠᠯᠲᠠ᠂ ᠠᠯᠪᠠᠨ ᠶᠣᠰᠤᠨ ᠤ ᠬᠡᠯᠡᠯᠴᠡᠭᠡ ᠬᠢᠵᠦ᠂ ᠬᠡᠪᠯᠡᠯ ᠮᠡᠳᠡᠭᠡᠯᠡᠯ ᠦᠨ ᠪᠠᠢᠢᠭᠤᠯᠤᠯᠭ᠎ᠠ ᠢᠢᠨ ᠲᠥᠯᠦᠭᠡᠯᠡᠯ ᠳᠥ ᠮᠡᠳᠡᠭᠡᠯᠡᠯ ᠥᠭ᠍ᠭᠦᠨ᠎ᠡ᠃

ᠶᠡᠷᠦᠩᠬᠡᠢᠢᠯᠡᠭᠴᠢ ᠤ·ᠬᠦᠷᠡᠯᠰᠦ᠋ᠬᠡ ᠳᠥ ᠻᠠᠽᠠᠻᠰᠲ᠋ᠠᠨ ᠤ ᠫᠠᠷᠯᠠᠮᠧᠨ᠋ᠲ ᠤᠨ ᠳᠠᠷᠤᠭ᠎ᠠ᠂ ᠶᠡᠷᠦᠩᠬᠡᠢ ᠰᠠᠢᠢᠳ ᠨᠠᠷ ᠪᠠᠷᠠᠭᠠᠯᠬᠠᠵᠤ᠂ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠴᠢᠭᠯᠡᠯ ᠢᠶᠡᠷ ᠰᠠᠨᠠᠯ ᠰᠣᠯᠢᠯᠴᠠᠬᠤ ᠪᠠᠷ ᠲᠥᠯᠦᠪᠯᠡᠵᠦ ᠪᠠᠢᠢᠨ᠎ᠠ᠃

ᠠᠢᠢᠯᠴᠢᠯᠠᠯ ᠤᠨ ᠬᠦᠷᠢᠶᠡᠨ ᠳᠥ ᠲᠠᠯ᠎ᠠ ᠨᠤᠭᠤᠳ ᠬᠣᠶᠠᠷ ᠤᠯᠤᠰ ᠤᠨ ᠡᠷᠬᠡ ᠵᠦᠢ ᠢᠢᠨ ᠦᠨᠳᠦᠰᠦ ᠢᠢ ᠪᠡᠬᠢᠵᠢᠭᠦᠯᠬᠦ ᠳᠥ ᠴᠢᠬᠤᠯᠠ ᠬᠤᠪᠢ ᠨᠡᠮᠡᠷᠢ ᠣᠷᠤᠭᠤᠯᠬᠤ ᠵᠠᠰᠠᠭ ᠤᠨ ᠭᠠᠵᠠᠷ ᠪᠣᠯᠤᠨ ᠪᠠᠢᠢᠭᠤᠯᠤᠯᠭ᠎ᠠ ᠬᠣᠭᠤᠷᠤᠨᠳᠤ ᠢᠢᠨ ᠪᠠᠷᠢᠮᠲᠠ ᠪᠢᠴᠢᠭ᠌ ᠦᠳ ᠲᠥ ᠭᠠᠷ ᠤᠨ ᠦᠰᠦᠭ ᠵᠢᠷᠤᠨ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠲᠥᠷᠦ ᠢᠢᠨ ᠠᠢᠢᠯᠴᠢᠯᠠᠯ ᠤᠨ ᠢᠶᠠᠨ ᠬᠦᠷᠢᠶᠡᠨ ᠳᠥ ᠠᠰᠲ᠋ᠠᠨᠠ ᠬᠣᠲᠠᠨ᠎ᠠ ᠪᠣᠯᠬᠤ ᠡᠻᠣᠯᠣᠭᠢ ᠢᠢᠨ ᠠᠰᠠᠭᠤᠳᠠᠯ ᠢᠶᠠᠷ ᠬᠢ ᠪᠦᠰᠡ ᠨᠤᠲᠤᠭ ᠤᠨ ᠳᠡᠭᠡᠳᠦ ᠲᠥᠪᠰᠢᠨ ᠦ ᠠᠭᠤᠯᠵᠠᠯᠲᠠ ᠳᠤ ᠣᠷᠤᠯᠴᠠᠨ᠎ᠠ᠃

ᠻᠠᠽᠠᠻᠰᠲ᠋ᠠᠨ ᠨᠢ ᠑᠙᠙᠑ ᠣᠨ ᠤ ᠑᠒ ᠳ᠋ᠤᠭᠠᠷ ᠰᠠᠷ᠎ᠠ ᠢᠢᠨ ᠑᠖ ᠳᠤ ᠲᠤᠰᠠᠭᠠᠷ ᠲᠣᠭᠲᠠᠨᠢᠯ ᠢᠶᠠᠨ ᠵᠠᠷᠯᠠᠭᠰᠠᠨ᠃ ᠒᠐ ᠭᠠᠷᠤᠢ ᠰᠠᠶ᠎ᠠ ᠬᠦᠮᠦᠨ ᠠᠮᠠ ᠲᠠᠢ᠂ ᠨᠤᠲᠤᠭ ᠳᠡᠪᠢᠰᠬᠡᠷ ᠦᠨ ᠬᠡᠮᠵᠢᠶ᠎ᠡ ᠪᠡᠷ ᠳᠡᠯᠡᠬᠡᠢ ᠳᠥ ᠙ ᠊ᠳ᠋ᠦᠭᠡᠷ ᠲᠥ ᠣᠷᠤᠳᠠᠭ᠂ ᠮᠠᠨ ᠤ ᠤᠯᠤᠰ ᠲᠠᠢ ᠠᠳᠠᠯᠢ ᠳᠠᠯᠠᠢ ᠳᠤ ᠭᠠᠷᠴᠠ ᠦᠭᠡᠢ᠃

ᠶᠡᠷᠦᠩᠬᠡᠢᠢᠯᠡᠭᠴᠢ ᠢᠢᠨ ᠵᠠᠰᠠᠭᠯᠠᠯ ᠲᠠᠢ᠃ ᠶᠡᠷᠦᠩᠬᠡᠢᠢᠯᠡᠭᠴᠢ ᠢᠢᠨ ᠪᠦᠷᠢᠨ ᠡᠷᠬᠡ ᠢᠢᠨ ᠬᠤᠭᠤᠴᠠᠭ᠎ᠠ ᠕ ᠵᠢᠯ ᠪᠠᠢᠢᠭᠰᠠᠨ ᠢ ᠒᠐᠒᠒ ᠣᠨ ᠳᠤ ᠦᠨᠳᠦᠰᠦᠨ ᠬᠠᠤᠯᠢ ᠢᠢᠨ ᠥᠭᠡᠷᠡᠴᠢᠯᠡᠯᠲᠡ ᠪᠡᠷ ᠗ ᠵᠢᠯ ᠪᠣᠯᠭᠠᠭᠰᠠᠨ᠃ ᠶᠡᠷᠦᠩᠬᠡᠢᠢᠯᠡᠭᠴᠢ ᠻᠠ᠊·ᠲᠣᠻᠠᠶᠧᠸ ᠮᠥᠨ ᠣᠨ ᠳᠤ ᠗ ᠵᠢᠯ ᠢᠶᠡᠷ ᠳᠠᠬᠢᠨ ᠰᠣᠩ᠋ᠭᠤᠭᠳᠠᠭᠰᠠᠨ᠃

ᠳᠣᠲᠤᠭᠠᠳᠤ ᠢᠢᠨ ᠨᠡᠢᠢᠲᠡ ᠪᠦᠲᠦᠭᠡᠭ᠍ᠳᠡᠬᠦᠨ ᠦ ᠬᠡᠮᠵᠢᠶ᠎ᠡ ᠓᠐᠐ ᠲᠡᠷᠪᠤᠮ ᠠᠮ᠊·ᠳ᠋ᠣᠯᠯᠠᠷ᠃ ᠨᠢᠭᠡ ᠬᠦᠮᠦᠨ ᠳᠥ ᠨᠣᠭᠳᠠᠬᠤ ᠳᠣᠲᠤᠭᠠᠳᠤ ᠢᠢᠨ ᠨᠡᠢᠢᠲᠡ ᠪᠦᠲᠦᠭᠡᠭ᠍ᠳᠡᠬᠦᠨ ᠑᠔᠂᠗᠐᠐ ᠠᠮ᠊·ᠳ᠋ᠣᠯᠯᠠᠷ᠃

ᠡᠳ᠋ ᠦᠨ ᠵᠠᠰᠠᠭ ᠤᠨ ᠭᠣᠣᠯ ᠰᠠᠯᠪᠤᠷᠢ ᠨᠢ ᠪᠠᠢᠢᠭᠠᠯᠢ ᠢᠢᠨ ᠬᠡᠶ᠂ ᠭᠠᠵᠠᠷ ᠤᠨ ᠲᠣᠰᠤ᠂ ᠠᠭᠤᠯᠠ ᠠᠭᠤᠷᠬᠠᠢ ᠢᠢᠨ ᠪᠤᠰᠤᠳ ᠣᠯᠪᠤᠷᠢᠯᠠᠯᠲᠠ᠂ ᠮᠠᠱᠢᠨ ᠤ ᠦᠢᠯᠡᠳᠪᠦᠷᠢᠯᠡᠯ᠂ ᠬᠥᠩ᠋ᠭᠡᠨ ᠦᠢᠯᠡᠳᠪᠦᠷᠢ᠂ ᠬᠦᠨᠡᠰᠦ᠂ ᠬᠥᠳᠡᠭᠡ ᠠᠵᠤ ᠠᠬᠤᠢ᠂ ᠮᠠᠯ ᠠᠵᠤ ᠠᠬᠤᠢ᠂ ᠭᠠᠵᠠᠷ ᠲᠠᠷᠢᠶᠠᠯᠠᠩ᠃

ᠭᠠᠵᠠᠷ ᠤᠨ ᠲᠣᠰᠤᠨ ᠤ ᠬᠡᠮᠵᠢᠶ᠎ᠡ ᠪᠡᠷ ᠳᠡᠯᠡᠬᠡᠢ ᠳᠥ ᠑᠒᠂ ᠴᠢᠯᠠᠭᠤᠨ ᠨᠡᠭᠦᠷᠡᠰᠦ ᠙᠂ ᠤᠷᠠᠨ᠂ ᠸᠣᠯᠢᠹᠷᠠᠮ ᠑᠂ ᠾᠷᠣᠮ᠂ ᠹᠣᠰᠹᠣᠷ ᠒᠂ ᠲᠤᠭᠤᠯᠭ᠎ᠠ᠂ ᠮᠣᠯᠢᠪᠳᠧᠨ᠎ ᠦ ᠨᠥᠭᠡᠴᠡ ᠪᠡᠷ ᠔ ᠊ᠳ᠋ᠦᠭᠡᠷ ᠪᠠᠢᠢᠷᠢᠨ ᠳᠤ ᠣᠷᠤᠳᠠᠭ᠃

ᠻᠠᠽᠠᠻᠰᠲ᠋ᠠᠨ ᠤ ᠭᠠᠳᠠᠭᠠᠳᠤ ᠬᠤᠳᠠᠯᠳᠤᠭᠠᠨ ᠤ ᠨᠡᠢᠢᠲᠡ ᠡᠷᠭᠢᠯᠲᠡ ᠥᠩ᠋ᠭᠡᠷᠡᠭᠰᠡᠨ ᠣᠨ ᠳᠤ ᠑᠔᠔ ᠲᠡᠷᠪᠤᠮ ᠠᠮ᠊·ᠳ᠋ᠣᠯᠯᠠᠷ᠂ ᠡᠭᠦᠨ ᠡᠴᠡ ᠡᠻᠰᠫᠣᠷᠲ ᠘᠐ ᠲᠡᠷᠪᠤᠮ᠂ ᠢᠮᠫᠣᠷᠲ ᠖᠕ ᠲᠡᠷᠪᠤᠮ ᠠᠮ᠊·ᠳ᠋ᠣᠯᠯᠠᠷ ᠪᠣᠯᠤᠭᠰᠠᠨ᠃

ᠬᠠᠷ᠎ᠠ ᠪᠣᠯᠤᠨ ᠥᠩ᠋ᠭᠡᠲᠦ ᠮᠧᠲ᠋ᠠᠯ᠂ ᠬᠦᠳᠡᠷ ᠦᠨ ᠲᠡᠭᠦᠬᠡᠢ ᠡᠳ᠋᠂ ᠲᠦᠯᠡᠰᠢ᠂ ᠭᠠᠵᠠᠷ ᠤᠨ ᠲᠣᠰᠤ᠂ ᠭᠠᠵᠠᠷ ᠤᠨ ᠲᠣᠰᠤᠨ ᠤ ᠪᠦᠲᠦᠭᠡᠭ᠍ᠳᠡᠬᠦᠨ ᠡᠻᠰᠫᠣᠷᠲ᠂ ᠮᠠᠱᠢᠨ᠂ ᠲᠣᠨᠤᠭ ᠲᠥᠬᠦᠭᠡᠷᠦᠮᠵᠢ᠂ ᠲᠡᠭᠡᠭᠡᠪᠦᠷᠢ ᠢᠢᠨ ᠬᠡᠷᠡᠭᠰᠡᠯ᠂ ᠥᠷᠭᠡᠨ ᠬᠡᠷᠡᠭᠯᠡᠭᠡᠨ ᠦ ᠪᠠᠷᠠᠭ᠎ᠠ ᠪᠦᠲᠦᠭᠡᠭ᠍ᠳᠡᠬᠦᠨ ᠢᠮᠫᠣᠷᠲ ᠢᠶᠠᠷ ᠠᠪᠳᠠᠭ ᠶᠤᠮ ᠪᠠᠢᠢᠨ᠎ᠠ᠃

ᠮᠠᠨ ᠤ ᠬᠣᠶᠠᠷ ᠤᠯᠤᠰ ᠤᠨ ᠬᠤᠳᠠᠯᠳᠤᠭᠠᠨ ᠤ ᠡᠷᠭᠢᠯᠲᠡ ᠥᠩ᠋ᠭᠡᠷᠡᠭᠰᠡᠨ ᠣᠨ ᠳᠤ ᠕᠘ ᠰᠠᠶ᠎ᠠ ᠠᠮ᠊·ᠳ᠋ᠣᠯᠯᠠᠷ ᠳᠠᠪᠠᠭᠰᠠᠨ ᠨᠢ ᠒᠐᠒᠔ ᠣᠨ ᠲᠠᠶ ᠬᠠᠷᠢᠴᠠᠭᠤᠯᠬᠤ ᠳᠤ ᠗·᠒ ᠬᠤᠪᠢ ᠪᠠᠷ ᠥᠰᠦᠭᠰᠡᠨ ᠭᠡᠰᠡᠨ ᠦᠭᠡ ᠶᠤᠮ᠃

ᠮᠠᠨ ᠤ ᠤᠯᠤᠰ ᠻᠠᠽᠠᠻᠰᠲ᠋ᠠᠨ ᠳᠤ ᠬᠦᠨᠡᠰᠦᠨ ᠦ ᠪᠦᠲᠦᠭᠡᠭ᠍ᠳᠡᠬᠦᠨ᠂ ᠠᠳᠤᠭᠤᠨ ᠤ ᠮᠢᠬ᠎ᠠ᠂ ᠨᠣᠣᠰᠤ᠂ ᠨᠣᠯᠤᠤᠷ ᠤᠨ ᠪᠦᠲᠦᠭᠡᠭ᠍ᠳᠡᠬᠦᠨ᠂ ᠬᠡᠪᠢᠰ᠂ ᠬᠡᠪᠢᠰᠡᠨᠴᠢᠷ᠂ ᠲᠷᠠᠨ᠋ᠵᠢᠲ ᠠᠦ᠋ᠲ᠋ᠣᠮᠠᠱᠢᠨ ᠨᠡᠢᠢᠯᠡᠭᠦᠯᠵᠦ᠂ ᠭᠤᠯᠢᠷ ᠤᠨ ᠪᠦᠲᠦᠭᠡᠭ᠍ᠳᠡᠬᠦᠨ᠂ ᠰᠢᠬᠢᠷ᠂ ᠵᠢᠮᠢᠰ᠂ ᠴᠠᠭᠠᠨ ᠪᠤᠳᠠᠭ᠎ᠠ᠂ ᠲᠠᠮᠠᠬᠢ᠂ ᠻᠣᠨᠢᠶᠠᠻ ᠵᠡᠷᠭᠡ ᠢᠢ ᠠᠪᠳᠠᠭ᠃

ᠻᠠᠽᠠᠻᠰᠲ᠋ᠠᠨ ᠤ ᠑᠐᠐ ᠬᠤᠪᠢ ᠢᠢᠨ ᠪᠣᠯᠤᠨ ᠬᠠᠮᠲᠤᠷᠠᠭᠰᠠᠨ ᠬᠥᠷᠦᠩ᠋ᠭᠡ ᠣᠷᠤᠭᠤᠯᠤᠯᠲᠠ ᠲᠠᠢ ᠗᠔ ᠠᠵᠤ ᠠᠬᠤᠢ ᠢᠢᠨ ᠨᠢᠭᠡᠴᠡ ᠮᠠᠨ ᠤ ᠤᠯᠤᠰ ᠲᠤ ᠪᠦᠷᠢᠳᠬᠡᠯ ᠲᠡᠶ ᠪᠠᠢᠢᠨ᠎ᠠ᠃

᠒᠐᠒᠕ ᠣᠨ ᠳᠤ ᠻᠠᠽᠠᠻᠰᠲ᠋ᠠᠨ ᠠᠴᠠ ᠒᠔ ᠮᠢᠩ᠋ᠭ᠎ᠠ ᠭᠠᠷᠤᠢ ᠬᠦᠮᠦᠨ ᠮᠠᠨ ᠤ ᠤᠯᠤᠰ ᠲᠤ᠂ ᠮᠠᠨ ᠤ ᠮᠥᠨ ᠲᠣᠭᠠᠨ ᠤ ᠢᠷᠭᠡᠨ ᠻᠠᠽᠠᠻᠰᠲ᠋ᠠᠨ ᠳᠤ ᠵᠣᠷᠴᠢᠭᠰᠠᠨ᠃ ᠻᠠᠽᠠᠻᠰᠲ᠋ᠠᠨ ᠤ ᠕᠗᠕ ᠢᠷᠭᠡᠨ ᠮᠠᠨ ᠤ ᠤᠯᠤᠰ ᠲᠤ ᠣᠷᠤᠰᠢᠨ ᠰᠠᠭᠤᠬᠤ ᠡᠷᠬᠡ ᠲᠡᠶ ᠪᠣᠯ ᠲᠤᠰ ᠤᠯᠤᠰ ᠲᠤ ᠮᠠᠨ ᠤ ᠔᠂᠐᠐᠐ ᠭᠠᠷᠤᠢ ᠢᠷᠭᠡᠨ ᠣᠷᠤᠰᠢᠨ ᠰᠠᠭᠤᠬᠤ ᠡᠷᠬᠡ ᠲᠡᠶ ᠶᠤᠮ᠃

᠒᠐᠑᠙ ᠣᠨ ᠠᠴᠠ ᠬᠣᠢᠢᠰᠢ ᠻᠠᠽᠠᠻᠰᠲ᠋ᠠᠨ ᠤ ᠵᠠᠰᠠᠭ ᠤᠨ ᠭᠠᠵᠠᠷ ᠤᠨ ᠲᠡᠳᠬᠦᠯᠭᠡ ᠪᠡᠷ ᠵᠢᠯ ᠪᠦᠷᠢ ᠒᠕ ᠮᠣᠩ᠋ᠭᠤᠯ ᠣᠶᠤᠲᠠᠨ ᠰᠤᠷᠤᠯᠴᠠᠳᠠᠭ ᠪᠣᠯᠤᠭᠰᠠᠨ᠃

᠒᠐᠒᠔-᠒᠐᠒᠕ ᠣᠨ ᠤ ᠬᠢᠴᠢᠶᠡᠯ ᠦᠨ ᠵᠢᠯ ᠳᠥ ᠪᠠᠻᠠᠯᠠᠸᠷ᠂ ᠮᠠᠭᠢᠰᠲ᠋ᠷ ᠤᠨ ᠲᠥᠪᠰᠢᠨ ᠳᠥ ᠑᠑ ᠣᠶᠤᠲᠠᠨ᠂ ᠒᠐᠒᠕-᠒᠐᠒᠖ ᠣᠨ ᠤ ᠬᠢᠴᠢᠶᠡᠯ ᠦᠨ ᠵᠢᠯ ᠳᠥ ᠒᠒ ᠣᠶᠤᠲᠠᠨ ᠡᠯᠰᠡᠨ ᠰᠤᠷᠤᠯᠴᠠᠵᠤ ᠪᠠᠢᠢᠨ᠎ᠠ᠃