Та "Internet explorer"-ийн сүүлийн хувилбар болох "Microsoft edge"-г ашиглана уу

Хэрэв "Microsoft edge"-г татах бол энд дарж татаж авна уу

ᠶᠡᠷᠦᠩᠬᠡᠢᠢᠯᠡᠭᠴᠢ ᠤ·ᠬᠦᠷᠡᠯᠰᠦ᠋ᠬᠡ ᠢᠢ ᠻᠠᠽᠠᠻᠰᠲ᠋ᠠᠨ ᠤᠯᠤᠰ ᠤᠨ ᠶᠡᠷᠦᠩᠬᠡᠢᠢᠯᠡᠭᠴᠢ ᠻᠠ᠊·ᠲᠣᠻᠠᠶᠧᠸ ᠠᠯᠪᠠᠨ ᠶᠣᠰᠤᠭᠠᠷ ᠤᠭᠲᠤᠵᠤ ᠠᠪᠤᠯ᠎ᠠ

2026/04/21 6:32:32

ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠤᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢ ᠒᠐᠒᠖ ᠣᠨ ᠤ ᠐᠔ ᠊ᠳ᠋ᠦᠭᠡᠷ ᠰᠠᠷ᠎ᠠ ᠢᠢᠨ ᠒᠑ ᠤ ᠡᠳᠦᠷ ᠶᠡᠷᠦᠩᠬᠡᠢᠢᠯᠡᠭᠴᠢ ᠻᠠ᠊·ᠲᠣᠻᠠᠶᠧᠸ «ᠠᠻᠣᠷᠳᠠ» ᠥᠷᠭᠦᠭᠡᠨ ᠳᠥ ᠪᠡᠨ ᠠᠯᠪᠠᠨ ᠶᠣᠰᠤᠭᠠᠷ ᠤᠭᠲᠤᠵᠤ ᠠᠪᠤᠯ᠎ᠠ᠃

ᠶᠡᠷᠦᠩᠬᠡᠢᠢᠯᠡᠭᠴᠢ ᠢᠢᠨ «ᠠᠻᠣᠷᠳᠠ» ᠥᠷᠭᠦᠭᠡᠨ ᠦ ᠡᠮᠦᠨᠡᠬᠢ ᠲᠠᠯᠠᠪᠠᠢ ᠳᠤ ᠬᠣᠶᠠᠷ ᠣᠷᠤᠨ ᠤ ᠲᠥᠷᠦ ᠢᠢᠨ ᠳᠠᠯᠪᠠᠭ᠎ᠠ ᠢᠢ ᠮᠠᠨᠳᠤᠭᠤᠯᠵᠤ᠂ ᠲᠥᠷᠦ ᠢᠢᠨ ᠬᠦᠨᠳᠦᠲᠦ ᠬᠠᠷᠠᠭᠤᠯ ᠤᠨ ᠵᠠᠬᠢᠷᠤᠭᠴᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳᠥ ᠠᠢᠢᠯᠠᠳᠬᠠᠯ ᠡᠷᠭᠦᠭ᠍ᠰᠡᠨ ᠦ ᠳᠠᠷᠠᠭ᠎ᠠ ᠬᠥᠭ᠍ᠵᠢᠮ ᠳᠥ ᠬᠣᠶᠠᠷ ᠤᠯᠤᠰ ᠤᠨ ᠲᠥᠷᠦ ᠢᠢᠨ ᠳᠠᠭᠤᠯᠠᠯ ᠡᠭᠡᠰᠢᠭᠯᠡᠪᠡ᠃

ᠶᠡᠷᠦᠩᠬᠡᠢᠢᠯᠡᠭᠴᠢ ᠤ·ᠬᠦᠷᠡᠯᠰᠦ᠋ᠬᠡ᠂ ᠻᠠ᠊·ᠲᠣᠻᠠᠶᠧᠸ ᠨᠠᠷ ᠲᠥᠷᠦ ᠢᠢᠨ ᠬᠦᠨᠳᠦᠲᠦ ᠬᠠᠷᠠᠭᠤᠯ ᠤᠨ ᠴᠡᠷᠢᠭ ᠦᠳ ᠪᠣᠯᠤᠨ ᠤᠭᠲᠤᠬᠤ ᠶᠣᠰᠤᠯᠠᠯ ᠳᠤ ᠬᠦᠷᠦᠯᠴᠡᠨ ᠢᠷᠡᠭᠰᠡᠨ ᠬᠣᠶᠠᠷ ᠲᠠᠯ᠎ᠠ ᠢᠢᠨ ᠠᠯᠪᠠᠨ ᠶᠣᠰᠤᠨ ᠤ ᠲᠥᠯᠦᠭᠡᠯᠡᠭᠴᠢᠳ ᠲᠡᠶ ᠮᠡᠨᠳᠦᠴᠢᠯᠡᠵᠦ᠂ ᠳᠤᠷᠠᠰᠬᠠᠯ ᠤᠨ ᠵᠢᠷᠤᠭ ᠠᠪᠬᠤᠭᠤᠯᠤᠯ᠎ᠠ᠃

ᠬᠣᠶᠠᠷ ᠤᠯᠤᠰ ᠤᠨ ᠲᠥᠷᠦ ᠢᠢᠨ ᠲᠡᠷᠢᠭᠦᠨ ᠭᠠᠭᠴᠠᠭᠠᠷᠴᠢᠯᠠᠭᠰᠠᠨ ᠠᠭᠤᠯᠵᠠᠯᠲᠠ᠂ ᠠᠯᠪᠠᠨ ᠶᠣᠰᠤᠨ ᠤ ᠬᠡᠯᠡᠯᠴᠡᠭᠡ ᠬᠢᠨ᠂ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠲᠡᠶ ᠬᠣᠯᠪᠤᠭ᠎ᠠ ᠲᠠᠢ ᠪᠠᠷᠢᠮᠲᠠ ᠪᠢᠴᠢᠭ᠌ ᠦᠳ ᠲᠥ ᠭᠠᠷ ᠤᠨ ᠦᠰᠦᠭ ᠵᠢᠷᠤᠬᠤ ᠶᠣᠰᠤᠯᠠᠯ ᠳᠤ ᠣᠷᠤᠯᠴᠠᠵᠤ᠂ ᠬᠡᠪᠯᠡᠯ ᠮᠡᠳᠡᠭᠡᠯᠡᠯ ᠦᠨ ᠪᠠᠢᠢᠭᠤᠯᠤᠯᠭ᠎ᠠ ᠨᠤᠭᠤᠳ ᠤᠨ ᠲᠥᠯᠦᠭᠡᠯᠡᠭᠴᠢᠳ ᠲᠥ ᠮᠡᠳᠡᠭᠡᠯᠡᠯ ᠥᠭ᠍ᠭᠦᠨ᠎ᠡ᠃

ᠶᠡᠷᠦᠩᠬᠡᠢᠢᠯᠡᠭᠴᠢ ᠻᠠ᠊·ᠲᠣᠻᠠᠶᠧᠸ ᠮᠣᠰᠻᠸᠠ ᠢᠢᠨ ᠣᠯᠠᠨ ᠤᠯᠤᠰ ᠤᠨ ᠬᠠᠷᠢᠯᠴᠠᠭᠠᠨ ᠤ ᠳᠡᠭᠡᠳᠦ ᠰᠤᠷᠭᠠᠭᠤᠯᠢ᠂ ᠣᠷᠤᠰ ᠤᠨ ᠬᠣᠯᠪᠤᠭᠠᠨ ᠤ ᠤᠯᠤᠰ ᠤᠨ ᠭᠠᠳᠠᠭᠠᠳᠤ ᠬᠡᠷᠡᠭ ᠦᠨ ᠶᠠᠮᠤᠨ ᠤ ᠳ᠋ᠢᠫᠯᠣᠮᠠᠲ ᠠᠻᠠᠳᠧᠮᠢ ᠲᠡᠭᠦᠰᠦᠭᠰᠡᠨ᠃

ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠴᠣᠯᠠ ᠲᠠᠶ᠂ ᠤᠯᠤᠰ ᠲᠥᠷᠦ ᠢᠢᠨ ᠰᠢᠨᠵᠢᠯᠡᠬᠦ ᠤᠬᠠᠭᠠᠨ ᠤ ᠳ᠋ᠣᠻᠲ᠋ᠤᠷ᠃ ᠣᠷᠤᠰ᠂ ᠬᠢᠲᠠᠳ᠂ ᠠᠩ᠋ᠭ᠍ᠯᠢ᠂ ᠹᠷᠠᠨ᠋ᠼᠠ ᠬᠡᠯᠡ ᠲᠡᠶ᠃

᠑᠙᠗᠕ ᠣᠨ ᠳᠤ ᠵᠥᠪᠯᠡᠯᠲᠦ ᠬᠣᠯᠪᠤᠭᠠᠲᠤ ᠤᠯᠤᠰ ᠠᠴᠠ ᠰᠢᠩ᠋ᠭᠠᠫᠤᠷ ᠤᠯᠤᠰ ᠲᠤ ᠰᠠᠭᠤᠭ᠎ᠠ ᠡᠯᠴᠢᠨ ᠰᠠᠢᠢᠳ ᠤᠨ ᠶᠠᠮᠤᠨ ᠤ ᠠᠵᠢᠯᠲᠠᠨ ᠢᠶᠠᠷ ᠠᠵᠢᠯ ᠤᠨ ᠭᠠᠷᠠᠭ᠎ᠠ ᠪᠠᠨ ᠡᠬᠢᠯᠡᠭᠰᠡᠨ ᠪᠠᠢᠢᠨ᠎ᠠ᠃ ᠤᠯᠤᠰ ᠤᠨ ᠢᠶᠠᠨ ᠭᠠᠳᠠᠭᠠᠳᠤ ᠬᠡᠷᠡᠭ ᠦᠨ ᠰᠠᠢᠢᠳ᠂ ᠶᠡᠷᠦᠩᠬᠡᠢ ᠰᠠᠢᠢᠳ᠂ ᠰᠧᠨᠠᠲ᠋ ᠤᠨ ᠳᠠᠷᠤᠭ᠎ᠠ ᠪᠠᠷ ᠠᠵᠢᠯᠯᠠᠵᠤ ᠪᠠᠢᠢᠭᠠᠳ ᠒᠐᠑᠙ ᠣᠨ ᠳᠤ ᠲᠥᠷᠦ ᠢᠢᠨ ᠲᠡᠷᠢᠭᠦᠨ ᠢᠶᠡᠷ ᠰᠣᠩ᠋ᠭᠤᠭᠳᠠᠭᠰᠠᠨ᠃

ᠮᠥᠨ ᠦᠨᠳᠦᠰᠦᠨ ᠬᠠᠤᠯᠢ ᠢᠢᠨ ᠥᠭᠡᠷᠡᠴᠢᠯᠡᠯᠲᠡ ᠢᠢᠨ ᠳᠠᠭᠠᠭᠤ ᠒᠐᠒᠒ ᠣᠨ ᠳᠤ ᠪᠣᠯᠤᠭᠰᠠᠨ ᠡᠭᠡᠯᠵᠢᠲᠦ ᠪᠤᠰᠤ ᠰᠣᠩ᠋ᠭᠤᠭᠤᠯᠢ ᠳᠤ ᠘᠑·᠓᠑ ᠬᠤᠪᠢ ᠢᠢᠨ ᠰᠠᠨᠠᠯ ᠠᠪᠴᠤ ᠳᠠᠬᠢᠨ ᠰᠣᠩ᠋ᠭᠤᠭᠳᠠᠵᠠᠶ᠃

ᠻᠠᠽᠠᠻᠰᠲ᠋ᠠᠨ ᠤ ᠶᠡᠷᠦᠩᠬᠡᠢᠢᠯᠡᠭᠴᠢ ᠢᠢᠨ «ᠠᠻᠣᠷᠳᠠ» ᠥᠷᠭᠦᠭᠡ ᠒᠐᠐᠔ ᠣᠨ ᠳᠤ ᠠᠰᠢᠭᠯᠠᠯᠲᠠ ᠳᠤ ᠣᠷᠤᠭᠰᠠᠨ᠃ «ᠴᠠᠭᠠᠨ ᠣᠷᠳᠤᠨ» ᠭᠡᠰᠡᠨ ᠤᠳᠬ᠎ᠠ ᠲᠠᠢ᠃ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠪᠣᠯᠤᠨ ᠠᠵᠢᠯ ᠤᠨ ᠠᠯᠪᠠ ᠪᠠᠢᠢᠷᠢᠯᠠᠳᠠᠭ᠃

᠗ ᠳᠠᠪᠬᠤᠷ ᠡᠨᠡ ᠥᠷᠭᠦᠭᠡ «ᠭᠠᠨᠲᠢᠭ ᠲᠠᠩᠬᠢᠮ»᠂ «ᠠᠯᠲᠠᠨ ᠲᠠᠩᠬᠢᠮ»᠂ «ᠵᠤᠤᠪᠠᠩ ᠲᠠᠩᠬᠢᠮ»᠂ «ᠳᠣᠷᠤᠨ᠎ᠠ ᠢᠢᠨ ᠲᠠᠩᠬᠢᠮ»᠂ «ᠵᠣᠴᠢᠳ ᠤᠨ ᠲᠠᠩᠬᠢᠮ»᠂ «ᠦᠷᠭᠡᠳᠬᠡᠭ᠍ᠰᠡᠨ ᠬᠡᠯᠡᠯᠴᠡᠭᠡᠷ ᠦᠨ ᠲᠠᠩᠬᠢᠮ»᠂ «ᠠᠶᠤᠯ ᠦᠭᠡᠢ ᠪᠠᠢᠢᠳᠠᠯ ᠤᠨ ᠵᠥᠪᠯᠡᠯ ᠦᠨ ᠬᠤᠷᠠᠯᠳᠤᠭᠠᠨ ᠤ ᠲᠠᠩᠬᠢᠮ» ᠵᠡᠷᠭᠡ ᠑᠒ ᠥᠷᠦᠭᠡ ᠲᠡᠶ᠂ ᠨᠣᠮ ᠤᠨ ᠰᠠᠩ᠂ ᠴᠡᠴᠡᠷᠯᠢᠭ ᠲᠥ ᠬᠦᠷᠢᠶᠡᠯᠡᠩ ᠲᠡᠶ᠃

ᠣᠷᠤᠢ ᠢᠢᠨ ᠴᠡᠩᠬᠡᠷ ᠥᠩ᠋ᠭᠡ ᠢᠢᠨ ᠪᠥᠮᠪᠦᠯᠢᠭ᠌ ᠨᠢ ᠮᠥᠩᠬᠡ ᠬᠥᠬᠡ ᠲᠩᠷᠢ ᠢᠢ ᠪᠡᠯᠭᠡᠳᠡᠳᠡᠭ ᠪᠥᠭᠡᠳ ᠻᠠᠽᠠᠻᠰᠲ᠋ᠠᠨ ᠤ ᠲᠥᠷᠦ ᠢᠢᠨ ᠳᠠᠯᠪᠠᠭᠠᠨ ᠤ ᠥᠩ᠋ᠭᠡ ᠲᠡᠶ ᠢᠵᠢᠯ ᠪᠠᠢᠢᠳᠠᠭ᠃

ᠡᠷᠬᠡ ᠴᠢᠯᠦᠭᠡ᠂ ᠲᠤᠰᠠᠭᠠᠷ ᠲᠣᠭᠲᠠᠨᠢᠯ᠂ ᠡᠩᠬᠡ ᠲᠠᠢᠢᠪᠤᠩ᠂ ᠠᠷᠠᠳ ᠲᠦᠮᠡᠨ ᠦ ᠡᠪ ᠨᠢᠭᠡᠳᠦᠯ ᠦᠨ ᠢᠯᠡᠷᠬᠡᠢᠢᠯᠡᠯ ᠪᠣᠯᠭᠠᠵᠤ ᠥᠷᠭᠦᠭᠡᠨ ᠦ ᠣᠷᠤᠢ ᠳᠡᠭᠡᠷ᠎ᠡ ᠨᠠᠷᠠᠨ ᠤ ᠰᠠᠴᠤᠷᠠᠭ ᠪᠦᠬᠦᠢ ᠭᠡᠷ ᠦᠨ ᠲᠣᠭᠤᠨ᠎ᠠ᠂ ᠪᠦᠷᠭᠦᠳ ᠦᠨ ᠳᠦᠷᠰᠦ ᠢᠢ ᠪᠠᠢᠢᠷᠢᠯᠠᠭᠤᠯᠵᠠᠶ᠃