ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠲᠤ ᠬᠢᠵᠦ ᠪᠠᠢᠢᠭ᠎ᠠ ᠲᠥᠷᠦ ᠢᠢᠨ ᠠᠢᠢᠯᠴᠢᠯᠠᠯ ᠦᠷᠭᠦᠯᠵᠢᠯᠡᠵᠦ ᠪᠠᠢᠢᠨ᠎ᠠ᠃ ᠶᠡᠷᠦᠩᠬᠡᠢᠢᠯᠡᠭᠴᠢ ᠤ·ᠬᠦᠷᠡᠯᠰᠦ᠋ᠬᠡ᠂ ᠻᠠ᠊·ᠲᠣᠻᠠᠶᠧᠸ ᠨᠠᠷ ᠠᠯᠪᠠᠨ ᠶᠣᠰᠤᠨ ᠤ ᠬᠡᠯᠡᠯᠴᠡᠭᠡ ᠬᠢᠭ᠍ᠰᠡᠨ ᠦ ᠳᠠᠷᠠᠭ᠎ᠠ ᠬᠡᠪᠯᠡᠯ ᠮᠡᠳᠡᠭᠡᠯᠡᠯ ᠦᠨ ᠪᠠᠢᠢᠭᠤᠯᠤᠯᠭ᠎ᠠ ᠨᠤᠭᠤᠳ ᠤᠨ ᠲᠥᠯᠦᠭᠡᠯᠡᠯ ᠳᠥ ᠮᠡᠳᠡᠭᠡᠯᠡᠯ ᠥᠭ᠍ᠭᠦᠯ᠎ᠡ᠃
ᠲᠥᠷᠦ ᠢᠢᠨ ᠲᠡᠷᠢᠭᠦᠨ ᠨᠠᠷ ᠤᠨ ᠬᠡᠯᠡᠭᠰᠡᠨ ᠦᠭᠡ ᠢᠢ ᠬᠦᠷᠭᠡᠵᠦ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ:
ᠡᠷᠬᠢᠮ ᠬᠦᠨᠳᠦᠲᠦ ᠶᠡᠷᠦᠩᠬᠡᠢᠢᠯᠡᠭᠴᠢ ᠡ᠂
ᠡᠨᠳᠡ ᠬᠦᠷᠦᠯᠴᠡᠨ ᠢᠷᠡᠭᠰᠡᠨ ᠡᠷᠬᠢᠮ ᠬᠦᠨᠳᠦᠲᠦ ᠬᠡᠪᠯᠡᠯ ᠦᠨ ᠲᠥᠯᠦᠭᠡᠯᠡᠭᠴᠢᠳ ᠡ᠂
ᠲᠠ ᠪᠦᠬᠦᠨ ᠳᠥ ᠡᠨᠡ ᠡᠳᠦᠷ ᠦᠨ ᠮᠡᠨᠳᠦ ᠢᠢ ᠡᠷᠭᠦᠨ ᠳᠡᠪᠰᠢᠭᠦᠯᠦᠶ ᠡ᠃
ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠤᠨ ᠶᠡᠷᠦᠩᠬᠡᠢᠢᠯᠡᠭᠴᠢ᠂ ᠡᠷᠬᠢᠮ ᠬᠦᠨᠳᠦᠲᠦ ᠻᠠᠰᠢᠮ-ᠵᠣᠮᠠᠷᠲ᠋ ᠲᠣᠻᠠᠶᠧᠸ ᠲᠠᠨ ᠤ ᠤᠷᠢᠯᠭ᠎ᠠ ᠪᠠᠷ ᠲᠠᠨ ᠤ ᠰᠠᠢᠢᠬᠠᠨ ᠣᠷᠤᠨ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠒᠐ ᠵᠢᠯ ᠦᠨ ᠳᠠᠷᠠᠭ᠎ᠠ ᠲᠥᠷᠦ ᠢᠢᠨ ᠠᠢᠢᠯᠴᠢᠯᠠᠯ ᠬᠢᠵᠦ ᠪᠤᠢ ᠳᠤ ᠪᠠᠨ ᠪᠠᠶᠠᠷᠲᠠᠢ ᠪᠠᠢᠢᠨ᠎ᠠ᠃
ᠧᠦ᠋ᠷᠣᠠᠽᠢ ᠢᠢᠨ ᠵᠢᠷᠦᠬᠡᠨ ᠳᠥ ᠣᠷᠤᠰᠢᠬᠤ ᠪᠠᠢᠢᠭᠠᠯᠢ ᠢᠢᠨ ᠦᠵᠡᠰᠬᠦᠯᠡᠩᠲᠦ ᠰᠠᠢᠢᠬᠠᠨ ᠡᠬᠡ ᠣᠷᠤᠨ ᠳᠤ ᠪᠠᠨ ᠪᠢᠳᠡᠨ ᠢ ᠬᠠᠯᠠᠭᠤᠨ ᠳᠣᠲᠤᠨᠤ ᠬᠦᠯᠢᠶᠡᠨ ᠠᠪᠴᠤ ᠪᠠᠢᠢᠭ᠎ᠠ ᠡᠷᠬᠢᠮ ᠬᠦᠨᠳᠦᠲᠦ ᠶᠡᠷᠦᠩᠬᠡᠢᠢᠯᠡᠭᠴᠢ ᠲᠠᠨ ᠳᠤ ᠪᠣᠯᠤᠨ ᠻᠠᠽᠠᠻᠰᠲ᠋ᠠᠨ ᠤᠯᠤᠰ ᠤᠨ ᠲᠥᠷᠦ᠂ ᠵᠠᠰᠠᠭ᠂ ᠨᠠᠢᠢᠷᠰᠠᠭ ᠠᠷᠠᠳ ᠲᠦᠮᠡᠨ ᠳᠥ ᠴᠢᠩ ᠰᠡᠳᠬᠢᠯ ᠦᠨ ᠲᠠᠯᠠᠷᠬᠠᠯ ᠢᠯᠡᠷᠬᠡᠢᠢᠯᠡᠶ ᠡ᠃
ᠡᠷᠬᠢᠮ ᠬᠦᠨᠳᠦᠲᠦ ᠶᠡᠷᠦᠩᠬᠡᠢᠢᠯᠡᠭᠴᠢ ᠲᠠᠨ ᠤ ᠒᠐᠒᠔ ᠣᠨ ᠳᠤ ᠮᠣᠩ᠋ᠭᠣᠯ ᠤᠯᠤᠰ ᠲᠤ ᠬᠢᠭ᠍ᠰᠡᠨ ᠲᠡᠦᠬᠡᠨ ᠠᠢᠢᠯᠴᠢᠯᠠᠯ ᠤᠨ ᠦᠶ᠎ᠡ ᠪᠡᠷ ᠬᠣᠶᠠᠷ ᠤᠯᠤᠰ ᠤᠨ ᠨᠠᠢᠢᠷᠰᠠᠭ ᠬᠠᠷᠢᠯᠴᠠᠭ᠎ᠠ ᠢᠢ ᠱᠠᠲᠤ ᠠᠬᠢᠭᠤᠯᠤᠨ «ᠰᠲ᠋ᠷᠠᠲ᠋ᠧᠭᠢ ᠢᠢᠨ ᠲᠦᠩᠰᠢᠯᠡᠯ» ᠤᠨ ᠥᠨᠳᠦᠷ ᠲᠥᠪᠰᠢᠨ ᠳᠥ ᠬᠦᠷᠭᠡᠨ ᠬᠥᠭ᠍ᠵᠢᠭᠦᠯᠬᠦ ᠲᠡᠦᠬᠡᠨ ᠰᠢᠢᠳᠪᠦᠷᠢ ᠭᠠᠷᠭᠠᠭᠰᠠᠨ ᠢ ᠡᠷᠭᠢᠨ ᠳᠤᠷᠠᠰᠬᠤ ᠳᠤ ᠲᠠᠭᠠᠲᠠᠢ ᠪᠠᠢᠢᠨ᠎ᠠ᠃
ᠬᠣᠶᠠᠷ ᠤᠯᠤᠰ ᠤᠨ ᠲᠥᠷᠦ ᠢᠢᠨ ᠲᠡᠷᠢᠭᠦᠨ ᠬᠣᠶᠠᠷ ᠵᠢᠯ ᠬᠦᠷᠬᠦ ᠦᠭᠡᠢ ᠬᠤᠭᠤᠴᠠᠭᠠᠨ ᠳᠤ ᠬᠠᠷᠢᠯᠴᠠᠨ ᠲᠥᠷᠦ ᠢᠢᠨ ᠠᠢᠢᠯᠴᠢᠯᠠᠯ ᠬᠢᠭ᠍ᠰᠡᠨ ᠨᠢ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠤᠯᠠᠮ ᠪᠦᠷᠢ ᠥᠷᠭᠡᠵᠢᠭᠦᠯᠦᠨ ᠬᠥᠭ᠍ᠵᠢᠭᠦᠯᠬᠦ ᠢᠢᠨ ᠲᠥᠯᠦᠭᠡᠬᠢ ᠲᠠ ᠪᠢᠳᠡᠨ ᠦ ᠬᠦᠰᠡᠯ ᠡᠷᠡᠮᠡᠯᠵᠡᠯ ᠦᠨ ᠲᠣᠳᠤ ᠢᠯᠡᠷᠬᠡᠢᠢᠯᠡᠯ ᠪᠣᠯᠵᠤ ᠪᠠᠢᠢᠨ᠎ᠠ᠃

ᠮᠣᠩ᠋ᠭᠣᠯ ᠤᠯᠤᠰ ᠤᠨ ᠲᠥᠷᠦ ᠢᠢᠨ ᠲᠡᠷᠢᠭᠦᠨ ᠦ ᠠᠢᠢᠯᠴᠢᠯᠠᠯ ᠨᠡᠭᠦᠳᠡᠯ ᠦᠨ ᠰᠣᠶᠤᠯ ᠢᠷᠭᠡᠨᠰᠢᠯ᠂ ᠲᠡᠦᠬᠡᠨ ᠦᠨᠡᠲᠦ ᠵᠦᠢᠯᠡᠰ ᠢᠶᠡᠷ ᠢᠶᠡᠨ ᠭᠦᠨᠵᠡᠭᠡᠢ ᠬᠡᠯᠬᠢᠶ᠎ᠡ ᠬᠣᠯᠪᠤᠭ᠎ᠠ ᠲᠠᠢ ᠬᠣᠶᠠᠷ ᠣᠷᠤᠨ ᠤ ᠠᠷᠠᠳ ᠲᠦᠮᠡᠨ ᠦ ᠠᠬᠠᠨ ᠳᠡᠭᠦᠰ ᠦᠨ ᠨᠠᠢᠢᠷᠠᠮᠳᠠᠯ᠂ ᠨᠥᠬᠦᠷᠯᠡᠯ ᠢ ᠪᠠᠲᠤᠳᠬᠠᠨ ᠪᠡᠬᠢᠵᠢᠭᠦᠯᠵᠦ᠂ ᠬᠠᠷᠢᠯᠴᠠᠭᠠᠨ ᠤ ᠨᠢᠭᠡᠨ ᠰᠢᠨ᠎ᠡ ᠬᠠᠭᠤᠳᠠᠰᠤ ᠢᠢ ᠬᠠᠮᠲᠤ ᠨᠡᠭᠡᠭᠡᠵᠦ ᠪᠠᠢᠢᠭᠠᠳ ᠪᠠᠶᠠᠷᠲᠠᠢ ᠪᠠᠢᠢᠨ᠎ᠠ᠃
ᠡᠷᠬᠢᠮ ᠬᠦᠨᠳᠦᠲᠦ ᠶᠡᠷᠦᠩᠬᠡᠢᠢᠯᠡᠭᠴᠢ ᠲᠠᠨ ᠲᠠᠢ ᠬᠢᠭ᠍ᠰᠡᠨ ᠠᠯᠪᠠᠨ ᠶᠣᠰᠤᠨ ᠤ ᠬᠡᠯᠡᠯᠴᠡᠭᠡ ᠠᠮᠵᠢᠯᠲᠠ ᠲᠠᠢ ᠪᠣᠯᠤᠭᠰᠠᠨ ᠳᠤ ᠰᠡᠳᠬᠢᠯ ᠥᠨᠳᠦᠷ ᠪᠠᠢᠢᠨ᠎ᠠ᠃
ᠥᠨᠦᠳᠦᠷ ᠲᠠ ᠪᠢᠳᠡ ᠮᠠᠨ ᠤ ᠥᠩ᠋ᠭᠡᠷᠡᠭᠰᠡᠨ ᠓᠐ ᠭᠠᠷᠤᠢ ᠵᠢᠯ ᠦᠨ ᠬᠠᠷᠢᠯᠴᠠᠭᠠᠨ ᠤ ᠣᠯᠤᠯᠲᠠ ᠠᠮᠵᠢᠯᠲᠠ ᠪᠣᠯᠤᠨ ᠪᠢᠳᠡᠨ ᠦ ᠶᠠᠷᠢᠵᠤ ᠲᠣᠬᠢᠷᠠᠭᠰᠠᠨ ᠠᠵᠢᠯ ᠤᠳ ᠤᠨ ᠬᠡᠷᠡᠭᠵᠢᠯᠲᠡ ᠢᠢ ᠳ᠋ᠦᠩᠨᠡᠨ ᠬᠡᠯᠡᠯᠴᠡᠵᠦ᠂ ᠢᠷᠡᠬᠦ ᠣᠨ ᠵᠢᠯ ᠦᠳ ᠲᠥ ᠬᠠᠮᠲᠤ ᠢᠢᠨ ᠠᠵᠢᠯᠯᠠᠭ᠎ᠠ ᠢᠢ ᠤᠯᠠᠮ ᠪᠦᠷᠢ ᠡᠷᠴᠢᠮᠵᠢᠭᠦᠯᠦᠨ ᠬᠥᠭ᠍ᠵᠢᠭᠦᠯᠬᠦ ᠲᠠᠯ᠎ᠠ ᠪᠠᠷ ᠬᠡᠯᠡᠯᠴᠡᠯ᠎ᠡ᠃
ᠡᠷᠬᠢᠮ ᠬᠦᠨᠳᠦᠲᠦ ᠶᠡᠷᠦᠩᠬᠡᠢᠢᠯᠡᠭᠴᠢ ᠲᠠᠨ ᠤ ᠮᠠᠨ ᠤ ᠤᠯᠤᠰ ᠲᠤ ᠬᠢᠭ᠍ᠰᠡᠨ ᠠᠢᠢᠯᠴᠢᠯᠠᠯ ᠤᠨ ᠦᠶ᠎ᠡ ᠪᠡᠷ ᠬᠤᠳᠠᠯᠳᠤᠭ᠎ᠠ᠂ ᠡᠳ᠋ ᠦᠨ ᠵᠠᠰᠠᠭ᠂ ᠬᠥᠳᠡᠭᠡ ᠠᠵᠤ ᠠᠬᠤᠢ᠂ ᠮᠠᠯ ᠡᠮᠨᠡᠯᠭᠡ᠂ ᠬᠥᠩ᠋ᠭᠡᠨ ᠦᠢᠯᠡᠳᠪᠦᠷᠢ᠂ ᠲᠡᠭᠡᠭᠡᠪᠦᠷᠢ ᠯᠣᠭᠢᠰᠲ᠋ᠢᠭ᠂ ᠮᠡᠳᠡᠭᠡᠯᠡᠯ ᠦᠨ ᠲᠧᠺᠨᠣᠯᠤᠭᠢ ᠵᠡᠷᠭᠡ ᠰᠠᠯᠪᠤᠷᠢ ᠢᠢᠨ ᠬᠠᠮᠲᠤ ᠢᠢᠨ ᠠᠵᠢᠯᠯᠠᠭᠠᠨ ᠤ ᠦᠨᠳᠦᠰᠦ ᠰᠠᠭᠤᠷᠢ ᠢᠢ ᠪᠡᠬᠢᠵᠢᠭᠦᠯᠦᠭᠰᠡᠨ ᠑᠒ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠭᠰᠠᠨ ᠪᠢᠯᠡ᠃
ᠲᠡᠭᠡᠪᠡᠯ ᠡᠨᠡ ᠤᠳᠠᠭ᠎ᠠ ᠢᠢᠨ ᠲᠥᠷᠦ ᠢᠢᠨ ᠠᠢᠢᠯᠴᠢᠯᠠᠯ ᠤᠨ ᠬᠦᠷᠢᠶᠡᠨ ᠳᠥ ᠬᠠᠮᠲᠤ ᠢᠢᠨ ᠠᠵᠢᠯᠯᠠᠭᠠᠨ ᠤ ᠡᠷᠬᠡ ᠵᠦᠢ ᠢᠢᠨ ᠦᠨᠳᠦᠰᠦ ᠢᠢ ᠪᠡᠬᠢᠵᠢᠭᠦᠯᠬᠦ ᠳᠥ ᠴᠢᠭᠯᠡᠭᠰᠡᠨ ᠲᠥᠷᠦ ᠢᠢᠨ ᠪᠠᠢᠢᠭᠤᠯᠤᠯᠭ᠎ᠠ ᠪᠣᠯᠤᠨ ᠠᠵᠤ ᠠᠬᠤᠢ ᠢᠢᠨ ᠨᠢᠭᠡᠴᠡ ᠬᠣᠭᠤᠷᠤᠨᠳᠤ ᠢᠢᠨ ᠑᠘ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠯ᠎ᠠ᠃
ᠰᠣᠶᠤᠯ᠂ ᠰᠢᠨᠵᠢᠯᠡᠬᠦ ᠤᠬᠠᠭᠠᠨ᠂ ᠡᠷᠡᠭᠦᠯ ᠮᠡᠨᠳᠦ᠂ ᠪᠠᠩᠻᠢ᠂ ᠰᠠᠩᠬᠦᠦ᠂ ᠬᠤᠳᠠᠯᠳᠤᠭ᠎ᠠ᠂ ᠡᠳ᠋ ᠦᠨ ᠵᠠᠰᠠᠭ᠂ ᠡᠷᠦᠳᠡᠰᠦ ᠪᠠᠶᠠᠯᠢᠭ᠂ ᠬᠦᠮᠦᠨᠯᠢᠭ᠂ ᠬᠡᠪᠯᠡᠯ ᠮᠡᠳᠡᠭᠡᠯᠡᠯ᠂ ᠣᠷᠤᠨ ᠨᠤᠲᠤᠭ ᠤᠨ ᠬᠠᠷᠢᠯᠴᠠᠭ᠎ᠠ ᠵᠡᠷᠭᠡ ᠰᠠᠯᠪᠤᠷᠢ ᠳᠤ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ ᠪᠡᠷ ᠲᠣᠬᠢᠷᠠᠯᠴᠠᠭᠰᠠᠨ ᠢ ᠲᠡᠮᠳᠡᠭᠯᠡᠬᠦ ᠳᠥ ᠲᠠᠭᠠᠲᠠᠢ ᠪᠠᠢᠢᠨ᠎ᠠ᠃
ᠪᠢᠳᠡ ᠬᠠᠷᠢᠯᠴᠠᠨ ᠠᠰᠢᠭᠲᠠᠢ ᠬᠤᠳᠠᠯᠳᠤᠭ᠎ᠠ᠂ ᠡᠳ᠋ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠪᠦᠬᠦ ᠲᠠᠯ᠎ᠠ ᠪᠠᠷ ᠥᠷᠭᠡᠵᠢᠭᠦᠯᠦᠨ ᠬᠥᠭ᠍ᠵᠢᠭᠦᠯᠬᠦ ᠪᠡᠷ ᠲᠣᠬᠢᠷᠠᠯ᠎ᠠ᠃
ᠬᠤᠳᠠᠯᠳᠤᠭᠠᠨ ᠤ ᠡᠷᠭᠢᠯᠲᠡ ᠢᠢ ᠕᠐᠐ ᠰᠠᠶ᠎ᠠ ᠠᠮ᠊·ᠳ᠋ᠣᠯᠯᠠᠷ ᠲᠤ ᠬᠦᠷᠭᠡᠬᠦ ᠵᠣᠷᠢᠯᠲᠠ ᠢᠢᠨ ᠬᠦᠷᠢᠶᠡᠨ ᠳᠥ ᠮᠣᠩ᠋ᠭᠣᠯ ᠤᠯᠤᠰ ᠠᠴᠠ ᠨᠣᠣᠰᠤ᠂ ᠨᠣᠯᠤᠤᠷ᠂ ᠠᠷᠠᠰᠤ ᠰᠢᠷᠢ᠂ ᠮᠢᠬ᠎ᠠ᠂ ᠮᠢᠬᠠᠨ ᠪᠦᠲᠦᠭᠡᠭ᠍ᠳᠡᠬᠦᠨ᠂ ᠻᠠᠽᠠᠻᠰᠲ᠋ᠠᠨ ᠤᠯᠤᠰ ᠠᠴᠠ ᠵᠢᠮᠢᠰ᠂ ᠵᠢᠮᠢᠰᠬᠡᠨ᠎ᠡ᠂ ᠬᠦᠨᠡᠰᠦᠨ ᠦ ᠨᠣᠭᠤᠭ᠎ᠠ᠂ ᠤᠯᠠᠭᠠᠨ ᠪᠤᠭᠤᠳᠠᠢ ᠵᠡᠷᠭᠡ ᠪᠦᠲᠦᠭᠡᠭ᠍ᠳᠡᠬᠦᠨ ᠦ ᠨᠡᠢᠢᠯᠡᠭᠦᠯᠦᠯᠲᠡ ᠢᠢ ᠨᠡᠮᠡᠭᠳᠡᠭᠦᠯᠬᠦ ᠪᠡᠷ ᠲᠣᠬᠢᠷᠠᠯᠴᠠᠯ᠎ᠠ᠃
ᠬᠤᠳᠠᠯᠳᠤᠭ᠎ᠠ᠂ ᠬᠥᠷᠦᠩ᠋ᠭᠡ ᠣᠷᠤᠭᠤᠯᠤᠯᠲᠠ ᠢᠢ ᠨᠡᠮᠡᠭᠳᠡᠭᠦᠯᠬᠦ ᠳᠥ «ᠮᠣᠩ᠋ᠭᠣᠯ ᠤᠯᠤᠰ ᠪᠣᠯᠤᠨ ᠧᠦ᠋ᠷᠣᠠᠽᠢ ᠢᠢᠨ ᠡᠳ᠋ ᠦᠨ ᠵᠠᠰᠠᠭ ᠤᠨ ᠬᠣᠯᠪᠤᠭ᠎ᠠ ᠬᠣᠭᠤᠷᠤᠨᠳᠤ ᠢᠢᠨ ᠴᠢᠯᠦᠭᠡᠲᠦ ᠬᠤᠳᠠᠯᠳᠤᠭᠠᠨ ᠤ ᠲᠦᠷ ᠬᠡᠯᠡᠯᠴᠡᠭᠡᠷ» ᠴᠢᠬᠤᠯᠠ ᠡᠭᠦᠷᠭᠡ ᠲᠡᠶ ᠭᠡᠳᠡᠭ ᠲᠥ ᠰᠠᠨᠠᠯ ᠨᠢᠭᠡᠳᠴᠦ᠂ ᠬᠡᠯᠡᠯᠴᠡᠭᠡᠷ ᠦᠨ ᠬᠡᠷᠡᠭᠵᠢᠯᠲᠡ ᠢᠢ ᠬᠠᠩ᠋ᠭᠠᠬᠤ ᠦᠢᠯᠡ ᠠᠵᠢᠯᠯᠠᠭᠠᠨ ᠤ ᠬᠠᠮᠲᠤᠷᠠᠭᠰᠠᠨ ᠵᠠᠮ ᠤᠨ ᠵᠢᠷᠤᠭᠯᠠᠯ ᠭᠠᠷᠭᠠᠬᠤ ᠪᠠᠷ ᠲᠣᠭᠲᠠᠯ᠎ᠠ᠃
ᠠᠢᠢᠯᠴᠢᠯᠠᠯ ᠤᠨ ᠬᠦᠷᠢᠶᠡᠨ ᠳᠥ ᠠᠰᠲ᠋ᠠᠨᠠ ᠬᠣᠲᠠᠨ᠎ᠠ ᠵᠣᠬᠢᠶᠠᠨ ᠪᠠᠢᠢᠭᠤᠯᠬᠤ «ᠮᠣᠩ᠋ᠭᠣᠯ-ᠻᠠᠽᠠᠻᠰᠲ᠋ᠠᠨ ᠤ ᠪᠢᠽᠢᠨᠧᠰ ᠹᠣᠷᠦᠢᠮ» ᠳ᠋ᠤ ᠒᠐᠐ ᠭᠠᠷᠤᠢ ᠠᠵᠤ ᠠᠬᠤᠢ ᠢᠢᠨ ᠨᠢᠭᠡᠴᠡ ᠢᠢᠨ ᠲᠥᠯᠦᠭᠡᠯᠡᠯ ᠣᠷᠤᠯᠴᠠᠵᠤ ᠪᠠᠢᠢᠭ᠎ᠠ ᠨᠢ ᠬᠣᠶᠠᠷ ᠣᠷᠤᠨ ᠤ ᠪᠢᠽᠢᠨᠧᠰ ᠡᠷᠬᠢᠯᠡᠭᠴᠢ᠂ ᠪᠠᠶᠠᠯᠢᠭ ᠪᠦᠲᠦᠭᠡᠭ᠍ᠴᠢᠳ ᠬᠠᠮᠲᠤᠷᠠᠨ ᠠᠵᠢᠯᠯᠠᠬᠤ ᠬᠦᠰᠡᠯ ᠡᠷᠡᠮᠡᠯᠵᠡᠯ ᠳᠦᠭᠦᠷᠡᠩ ᠪᠠᠢᠢᠭ᠎ᠠ ᠢᠢ ᠢᠯᠡᠳᠬᠡᠵᠦ ᠪᠠᠢᠢᠨ᠎ᠠ᠃
ᠡᠨᠡ ᠪᠣᠯ ᠪᠢᠽᠢᠨᠧᠰ ᠡᠷᠬᠢᠯᠡᠭᠴᠢ᠂ ᠪᠠᠶᠠᠯᠢᠭ ᠪᠦᠲᠦᠭᠡᠭ᠍ᠴᠢᠳ ᠦᠨ ᠬᠠᠮᠲᠤ ᠢᠢᠨ ᠠᠵᠢᠯᠯᠠᠭ᠎ᠠ᠂ ᠬᠡᠯᠬᠢᠶ᠎ᠡ ᠬᠣᠯᠪᠤᠭ᠎ᠠ ᠢᠢ ᠤᠯᠠᠮ ᠪᠦᠷᠢ ᠪᠡᠬᠢᠵᠢᠭᠦᠯᠵᠦ᠂ ᠬᠥᠷᠦᠩ᠋ᠭᠡ ᠣᠷᠤᠭᠤᠯᠤᠯᠲᠠ ᠢᠢ ᠨᠡᠮᠡᠭᠳᠡᠭᠦᠯᠬᠦ᠂ ᠪᠢᠽᠢᠨᠧᠰ ᠦᠨ ᠲᠠᠭᠠᠲᠠᠢ ᠣᠷᠴᠢᠨ ᠢ ᠪᠦᠷᠢᠳᠦᠭᠦᠯᠬᠦ ᠳᠥ ᠵᠣᠬᠢᠬᠤ ᠬᠤᠪᠢ ᠨᠡᠮᠡᠷᠢ ᠣᠷᠤᠭᠤᠯᠤᠨ᠎ᠠ ᠭᠡᠳᠡᠭ ᠲᠥ ᠢᠲᠡᠭᠡᠯ ᠲᠡᠶ ᠪᠠᠢᠢᠨ᠎ᠠ᠃
ᠵᠠᠮ᠂ ᠲᠡᠭᠡᠭᠡᠪᠦᠷᠢ ᠢᠢᠨ ᠰᠠᠯᠪᠤᠷᠢ ᠳᠤ ᠲᠤᠯᠭᠠᠷᠠᠵᠤ ᠪᠤᠢ ᠰᠠᠭᠠᠳ ᠪᠡᠷᠬᠡᠰᠢᠶᠡᠯ ᠢ ᠠᠷᠢᠯᠭᠠᠬᠤ᠂ ᠲᠡᠭᠡᠭᠡᠪᠦᠷᠢ᠂ ᠯᠣᠭᠢᠰᠲ᠋ᠢᠭ ᠤᠨ ᠳᠥᠲᠡ ᠮᠠᠷᠱᠷᠦ᠋ᠲ ᠪᠤᠢ ᠪᠣᠯᠭᠠᠬᠤ ᠪᠣᠯᠤᠮᠵᠢ ᠢᠢ ᠰᠤᠳᠤᠯᠬᠤ ᠬᠦᠷᠢᠶᠡᠨ ᠳᠥ ᠬᠠᠮᠲᠤᠷᠠᠭᠰᠠᠨ ᠠᠵᠢᠯ ᠤᠨ ᠬᠡᠰᠡᠭ ᠪᠠᠢᠢᠭᠤᠯᠬᠤ ᠪᠠᠷ ᠲᠣᠬᠢᠷᠠᠯ᠎ᠠ᠃
ᠮᠣᠩ᠋ᠭᠣᠯ᠂ ᠻᠠᠽᠠᠻᠰᠲ᠋ᠠᠨ ᠤ ᠬᠣᠭᠤᠷᠤᠨᠳᠤ ᠠᠭᠠᠷ ᠤᠨ ᠲᠡᠭᠡᠭᠡᠪᠦᠷᠢ ᠢᠢᠨ ᠬᠠᠷᠢᠯᠴᠠᠭ᠎ᠠ ᠢᠢ ᠡᠷᠴᠢᠮᠵᠢᠭᠦᠯᠵᠦ᠂ ᠬᠣᠶᠠᠷ ᠤᠯᠤᠰ ᠢ ᠬᠣᠯᠪᠤᠭᠰᠠᠨ ᠨᠢᠭᠡᠨ ᠰᠢᠨ᠎ᠡ ᠭᠠᠷᠴᠠ ᠢᠢ ᠨᠡᠭᠡᠭᠡᠯ᠎ᠡ᠃
«ᠾᠦᠩᠨᠦ ᠧᠢᠢᠷ» ᠻᠣᠮᠫᠠᠨᠢ ᠤᠯᠠᠭᠠᠨᠪᠠᠭᠠᠲᠤᠷ – ᠠᠯᠮᠠᠲ᠋ᠢ ᠴᠢᠭᠯᠡᠯ ᠳᠥ ᠲᠣᠭᠲᠠᠮᠠᠯ ᠨᠢᠰᠦᠯᠭᠡ ᠦᠢᠯᠡᠳᠴᠦ ᠪᠠᠢᠢᠭ᠎ᠠ ᠪᠣᠯ ᠢᠷᠡᠬᠦ ᠖ ᠳ᠋ᠤᠭᠠᠷ ᠰᠠᠷ᠎ᠠ ᠠᠴᠠ ᠻᠠᠽᠠᠻᠰᠲ᠋ᠠᠨ ᠤ «ᠰᠻᠠᠲ᠋» ᠠᠪᠢᠶ᠎ᠠ ᠻᠣᠮᠫᠠᠨᠢ ᠤᠯᠠᠭᠠᠨᠪᠠᠭᠠᠲᠤᠷ-ᠠᠰᠲ᠋ᠠᠨᠠ ᠴᠢᠭᠯᠡᠯ ᠳᠥ ᠰᠢᠭᠤᠳ ᠨᠢᠰᠦᠯᠭᠡ ᠦᠢᠯᠡᠳᠬᠦ ᠪᠡᠷ ᠪᠣᠯᠤᠯ᠎ᠠ᠃
ᠢᠩ᠋ᠭᠢᠭ᠍ᠰᠡᠨ ᠢᠶᠡᠷ ᠬᠣᠶᠠᠷ ᠤᠯᠤᠰ ᠤᠨ ᠢᠷᠭᠡᠳ ᠬᠠᠷᠢᠯᠴᠠᠨ ᠵᠣᠷᠴᠢᠬᠤ ᠤᠷᠤᠰᠬᠠᠯ᠂ ᠪᠠᠷᠠᠭ᠎ᠠ ᠪᠦᠲᠦᠭᠡᠭ᠍ᠳᠡᠬᠦᠨ ᠦ ᠡᠻᠰᠫᠣᠷᠲ᠂ ᠢᠮᠫᠣᠷᠲ ᠨᠡᠮᠡᠭᠳᠡᠵᠦ᠂ ᠠᠶᠠᠯᠠᠯ ᠵᠢᠭᠤᠯᠴᠢᠯᠠᠯ ᠤᠨ ᠰᠠᠯᠪᠤᠷᠢ ᠬᠥᠭ᠍ᠵᠢᠬᠦ ᠢᠢᠨ ᠵᠡᠷᠭᠡᠴᠡᠭᠡ ᠪᠢᠽᠢᠨᠧᠰ ᠦᠨ ᠲᠠᠭᠠᠲᠠᠢ ᠣᠷᠴᠢᠨ ᠪᠦᠷᠢᠳᠬᠦ ᠳᠥ ᠴᠢᠬᠤᠯᠠ ᠬᠤᠪᠢ ᠨᠡᠮᠡᠷᠢ ᠣᠷᠤᠭᠤᠯᠤᠨ᠎ᠠ ᠭᠡᠵᠦ ᠦᠵᠡᠵᠦ ᠪᠠᠢᠢᠨ᠎ᠠ᠃
ᠰᠣᠶᠤᠯ ᠤᠨ ᠬᠠᠷᠢᠯᠴᠠᠭ᠎ᠠ ᠨᠢ ᠬᠣᠶᠠᠷ ᠣᠷᠤᠨ ᠤ ᠠᠷᠠᠳ ᠢᠷᠭᠡᠳ ᠢ ᠬᠣᠯᠪᠤᠭᠰᠠᠨ ᠴᠢᠬᠤᠯᠠ ᠭᠦᠭᠦᠷᠭᠡ ᠪᠣᠯᠵᠤ ᠢᠷᠡᠭᠰᠡᠨ᠂ ᠴᠢᠨᠠᠭᠰᠢᠳᠠ ᠬᠠᠮᠲᠤᠷᠠᠭᠰᠠᠨ ᠬᠥᠲᠦᠯᠪᠦᠷᠢ ᠬᠡᠷᠡᠭᠵᠢᠭᠦᠯᠬᠦ᠂ ᠲᠡᠦᠬᠡ᠂ ᠰᠣᠶᠤᠯ ᠤᠨ ᠬᠣᠣᠰ ᠦᠭᠡᠢ ᠥᠪ ᠲᠥ ᠬᠠᠮᠢᠶᠠᠷᠬᠤ ᠡᠬᠡ ᠰᠤᠷᠪᠤᠯᠵᠢ᠂ ᠪᠠᠷᠢᠮᠲᠠ ᠳᠤᠷᠠᠰᠬᠠᠯ ᠢ ᠰᠤᠳᠤᠯᠤᠨ ᠲᠣᠭᠲᠠᠭᠠᠬᠤ᠂ ᠰᠣᠶᠤᠯ ᠤᠨ ᠪᠡᠶᠡᠲᠦ ᠪᠤᠰᠤ ᠥᠪ ᠦᠨ ᠬᠠᠮᠲᠤᠷᠠᠭᠰᠠᠨ ᠰᠤᠳᠤᠯᠭ᠎ᠠ ᠬᠢᠬᠦ ᠵᠡᠷᠭᠡ ᠣᠯᠠᠨ ᠲᠠᠯᠠᠲᠤ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠪᠡᠷ ᠲᠣᠬᠢᠷᠠᠯᠴᠠᠯ᠎ᠠ᠃
«ᠴᠢᠩᠬᠢᠰ ᠬᠠᠭᠠᠨ» ᠦᠨᠳᠦᠰᠦᠨ ᠦ ᠮᠦᠽᠧᠢ᠂ ᠻᠠᠽᠠᠻᠰᠲ᠋ᠠᠨ ᠤ ᠰᠢᠨᠵᠢᠯᠡᠬᠦ ᠤᠬᠠᠭᠠᠨ᠂ ᠳᠡᠭᠡᠳᠦ ᠪᠣᠯᠪᠠᠰᠤᠷᠠᠯ ᠤᠨ ᠶᠠᠮᠤᠨ ᠤ ᠬᠠᠷᠢᠶ᠎ᠠ ᠲᠡᠦᠬᠡ᠂ ᠤᠭᠰᠠᠭᠠᠲᠠᠨ ᠤ ᠵᠦᠢ ᠢᠢᠨ ᠬᠦᠷᠢᠶᠡᠯᠡᠩ ᠬᠣᠭᠤᠷᠤᠨᠳᠤ ᠢᠢᠨ ᠬᠠᠷᠢᠯᠴᠠᠨ ᠣᠢᠢᠯᠠᠭᠠᠯᠴᠠᠯ᠂ ᠬᠠᠮᠲᠤ ᠢᠢᠨ ᠠᠵᠢᠯᠯᠠᠭᠠᠨ ᠤ ᠰᠠᠨᠠᠮᠵᠢ ᠪᠢᠴᠢᠭ᠌ ᠪᠠᠢᠢᠭᠤᠯᠤᠯ᠎ᠠ᠃
ᠮᠣᠩ᠋ᠭᠣᠯ ᠤᠯᠤᠰ ᠨᠡᠭᠦᠳᠡᠯ ᠦᠨ ᠰᠣᠶᠤᠯ ᠢᠷᠭᠡᠨᠰᠢᠯ ᠦᠨ ᠤᠯᠠᠮᠵᠢᠯᠠᠯ ᠢ ᠥᠨᠦ ᠢᠢ ᠬᠦᠷᠲᠡᠯ᠎ᠡ ᠤᠤᠭᠠᠯ ᠬᠡᠯᠪᠡᠷᠢ ᠪᠡᠷ ᠨᠢ ᠬᠠᠳᠠᠭᠠᠯᠠᠨ ᠦᠯᠡᠳᠡᠭᠰᠡᠨ ᠴᠥᠭᠡᠨ ᠣᠷᠤᠨ ᠤ ᠨᠢᠭᠡ ᠪᠢᠯᠡ᠃
ᠮᠠᠨ ᠤ ᠤᠯᠤᠰ ᠲᠤ ᠵᠣᠬᠢᠶᠠᠨ ᠪᠠᠢᠢᠭᠤᠯᠳᠠᠭ «ᠨᠡᠭᠦᠳᠡᠯᠴᠢᠨ» ᠳᠡᠯᠡᠬᠡᠢ ᠢᠢᠨ ᠰᠣᠶᠤᠯ ᠤᠨ ᠹᠧᠰᠲ᠋ᠢᠸᠠᠯ ᠪᠣᠯᠤᠨ ᠻᠠᠽᠠᠻᠰᠲ᠋ᠠᠨ ᠤᠯᠤᠰ ᠲᠤ ᠪᠣᠯᠳᠠᠭ «ᠨᠡᠭᠦᠳᠡᠯᠴᠢᠨ ᠦ ᠰᠣᠶᠤᠯ ᠤᠨ ᠨᠠᠭᠠᠳᠤᠮ» ᠳ᠋ᠤ ᠲᠥᠯᠦᠭᠡᠯᠡᠭᠴᠢᠳ ᠢᠶᠡᠨ ᠬᠠᠷᠢᠯᠴᠠᠨ ᠣᠷᠤᠯᠴᠠᠭᠤᠯᠵᠤ ᠢᠷᠡᠭᠰᠡᠨ ᠰᠠᠢᠢᠬᠠᠨ ᠤᠯᠠᠮᠵᠢᠯᠠᠯ ᠢᠶᠠᠨ ᠦᠷᠭᠦᠯᠵᠢᠯᠡᠭᠦᠯᠦᠨ ᠬᠥᠭ᠍ᠵᠢᠭᠦᠯᠬᠦ ᠪᠡᠷ ᠲᠣᠬᠢᠷᠠᠯ᠎ᠠ᠃
ᠠᠢᠢᠯᠴᠢᠯᠠᠯ ᠤᠨ ᠦᠶ᠎ᠡ ᠪᠡᠷ ᠬᠣᠶᠠᠷ ᠤᠯᠤᠰ ᠤᠨ ᠲᠥᠷᠦ ᠢᠢᠨ ᠲᠡᠷᠢᠭᠦᠨ ᠨᠠᠷ ᠤᠨ ᠢᠪᠡᠭᠡᠯ ᠳᠣᠣᠷ᠎ᠠ «ᠮᠣᠩ᠋ᠭᠣᠯ ᠤᠨ ᠰᠠᠢᠢᠬᠠᠨ ᠣᠷᠤᠨ» ᠲᠣᠭᠯᠠᠯᠲᠠ ᠢᠢ ᠠᠰᠲ᠋ᠠᠨᠠ ᠬᠣᠲᠠᠨ᠎ᠠ ᠠᠩᠬ᠎ᠠ ᠤᠳᠠᠭ᠎ᠠ ᠵᠣᠬᠢᠶᠠᠨ ᠪᠠᠢᠢᠭᠤᠯᠵᠤ᠂ ᠮᠥᠩᠬᠡ ᠬᠥᠬᠡ ᠲᠩᠷᠢ ᠢᠢᠨ ᠣᠷᠤᠨ᠂ ᠲᠠᠯ᠎ᠠ ᠨᠤᠲᠤᠭ ᠤᠨ ᠠᠶᠠᠯᠭᠤ ᠪᠠᠷ ᠻᠠᠽᠠᠻ ᠠᠨᠳᠠ ᠨᠥᠬᠦᠳ ᠦᠨ ᠢᠶᠡᠨ ᠰᠣᠨᠤᠷ ᠢ ᠮᠢᠯᠢᠶᠠᠨ᠂ ᠰᠡᠳᠬᠢᠯ ᠬᠥᠳᠡᠯᠦᠮᠡ ᠰᠠᠢᠢᠬᠠᠨ ᠳᠤᠷᠠᠰᠤᠮᠵᠢ ᠢᠢ ᠬᠠᠮᠲᠤ ᠳᠤ ᠪᠠᠨ ᠪᠦᠲᠦᠭᠡᠵᠦ ᠪᠠᠢᠢᠭᠠᠳ ᠰᠡᠳᠬᠢᠯ ᠬᠠᠩ᠋ᠭᠠᠯᠤᠭᠤᠨ ᠪᠠᠢᠢᠨ᠎ᠠ᠃
ᠮᠣᠩ᠋ᠭᠣᠯ᠂ ᠻᠠᠰᠠᠻ ᠰᠤᠳᠤᠯᠤᠯ ᠢ ᠬᠥᠭ᠍ᠵᠢᠭᠦᠯᠬᠦ᠂ ᠬᠣᠶᠠᠷ ᠤᠯᠤᠰ ᠤᠨ ᠬᠡᠯᠡ᠂ ᠰᠣᠶᠤᠯ᠂ ᠣᠷᠤᠨ ᠰᠤᠳᠤᠯᠤᠯ ᠤᠨ ᠪᠠᠭᠰᠢ᠂ ᠰᠤᠳᠤᠯᠤᠭᠠᠴᠢᠳ ᠢ ᠪᠡᠯᠡᠳᠬᠡᠬᠦ᠂ ᠬᠠᠮᠲᠤ ᠢᠢᠨ ᠠᠵᠢᠯᠯᠠᠭ᠎ᠠ ᠢᠢ ᠢᠳᠡᠪᠬᠢᠵᠢᠭᠦᠯᠬᠦ ᠪᠡᠷ ᠰᠠᠨᠠᠯ ᠨᠢᠭᠡᠳᠴᠦ᠂ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠯ᠎ᠠ᠃
ᠣᠷᠤᠨ ᠨᠤᠲᠤᠭ ᠤᠨ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠬᠦ ᠬᠦᠷᠢᠶᠡᠨ ᠳᠥ ᠬᠠᠷᠠᠬᠣᠷᠤᠮ᠂ ᠨᠠᠯᠠᠢᠢᠬᠤ ᠪᠣᠯᠤᠨ ᠻᠠᠽᠠᠻᠰᠲ᠋ᠠᠨ ᠤ ᠠᠯᠠᠲᠠᠦ᠋᠂ ᠲᠠᠯᠳᠢᠻ-ᠣᠷᠭᠠᠨ ᠬᠣᠲᠠ ᠬᠣᠭᠤᠷᠤᠨᠳᠤ ᠠᠬ᠎ᠠ᠂ ᠳᠡᠭᠦᠦ ᠬᠣᠲᠠ ᠢᠢᠨ ᠬᠠᠷᠢᠯᠴᠠᠭ᠎ᠠ ᠲᠣᠭᠲᠠᠭᠠᠯ᠎ᠠ᠃
ᠮᠡᠳᠡᠭᠡᠯᠡᠯ ᠦᠨ ᠲᠧᠺᠨᠣᠯᠤᠭᠢ᠂ ᠠᠭᠤᠯᠠ ᠠᠭᠤᠷᠬᠠᠢ᠂ ᠡᠷᠡᠭᠦᠯ ᠮᠡᠨᠳᠦ᠂ ᠪᠡᠶ᠎ᠡ ᠢᠢᠨ ᠲᠠᠮᠢᠷ᠂ ᠰᠫᠣᠷᠲ ᠤᠨ ᠰᠠᠯᠪᠤᠷᠢ ᠳᠤ ᠬᠠᠮᠲᠤᠷᠠᠭᠰᠠᠨ ᠲᠥᠰᠦᠯ᠂ ᠬᠥᠲᠦᠯᠪᠦᠷᠢ ᠬᠡᠷᠡᠭᠵᠢᠭᠦᠯᠬᠦ ᠲᠠᠯ᠎ᠠ ᠪᠠᠷ ᠰᠤᠳᠤᠯᠵᠤ ᠠᠵᠢᠯᠯᠠᠬᠤ ᠪᠠᠷ ᠲᠣᠭᠲᠠᠯ᠎ᠠ᠃
ᠮᠠᠨ ᠤ ᠬᠣᠶᠠᠷ ᠤᠯᠤᠰ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠪᠣᠯᠤᠨ ᠣᠯᠠᠨ ᠤᠯᠤᠰ ᠤᠨ ᠪᠤᠰᠤᠳ ᠪᠠᠢᠢᠭᠤᠯᠤᠯᠭ᠎ᠠ ᠢᠢᠨ ᠬᠦᠷᠢᠶᠡᠨ ᠳᠥ ᠪᠡᠶ᠎ᠡ ᠪᠡᠶ᠎ᠡ ᠪᠡᠨ ᠬᠠᠷᠢᠯᠴᠠᠨ ᠳᠡᠮᠵᠢᠵᠦ᠂ ᠢᠳᠡᠪᠬᠢᠲᠡᠢ ᠬᠠᠮᠲᠤᠷᠠᠨ ᠠᠵᠢᠯᠯᠠᠵᠤ ᠢᠷᠡᠭᠰᠡᠨ ᠪᠥᠭᠡᠳ ᠪᠦᠰᠡ ᠨᠤᠲᠤᠭ᠂ ᠣᠯᠠᠨ ᠤᠯᠤᠰ ᠤᠨ ᠲᠥᠪᠰᠢᠨ ᠳᠥ ᠬᠠᠮᠲᠤ ᠢᠢᠨ ᠠᠵᠢᠯᠯᠠᠭ᠎ᠠ ᠪᠠᠨ ᠤᠯᠠᠮ ᠪᠦᠷᠢ ᠭᠦᠨᠵᠡᠭᠡᠢᠢᠷᠡᠭᠦᠯᠦᠨ ᠬᠥᠭ᠍ᠵᠢᠭᠦᠯᠬᠦ ᠢᠢᠨ ᠲᠥᠯᠦᠭᠡ ᠪᠠᠢᠢᠨ᠎ᠠ᠃
ᠡᠷᠬᠢᠮ ᠬᠦᠨᠳᠦᠲᠦ ᠶᠡᠷᠦᠩᠬᠡᠢᠢᠯᠡᠭᠴᠢ ᠲᠠᠨ ᠤ ᠰᠠᠨᠠᠭᠠᠴᠢᠯᠠᠭ᠎ᠠ ᠪᠠᠷ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠢᠪᠡᠭᠡᠯ ᠳᠣᠣᠷ᠎ᠠ ᠡᠻᠣᠯᠣᠭᠢ ᠢᠢᠨ ᠠᠰᠠᠭᠤᠳᠠᠯ ᠢᠶᠠᠷ ᠬᠢ ᠪᠦᠰᠡ ᠨᠤᠲᠤᠭ ᠤᠨ ᠳᠡᠭᠡᠳᠦ ᠲᠥᠪᠰᠢᠨ ᠦ ᠠᠭᠤᠯᠵᠠᠯᠲᠠ ᠢᠢ ᠠᠰᠲ᠋ᠠᠨᠠ ᠬᠣᠲᠠᠨ᠎ᠠ ᠵᠣᠬᠢᠶᠠᠨ ᠪᠠᠢᠢᠭᠤᠯᠵᠤ ᠪᠤᠢ ᠢᠢ ᠥᠨᠳᠦᠷ ᠢᠢᠡᠷ ᠦᠨᠡᠯᠡᠵᠦ ᠪᠠᠢᠢᠨ᠎ᠠ᠃
ᠤᠰᠤᠨ ᠤ ᠨᠥᠭᠡᠴᠡ ᠢᠢ ᠬᠠᠮᠠᠭᠠᠯᠠᠬᠤ᠂ ᠵᠥᠪ ᠵᠣᠬᠢᠰᠲᠠᠶ ᠠᠰᠢᠭᠯᠠᠬᠤ ᠴᠢᠭᠯᠡᠯ ᠢᠶᠡᠷ ᠪᠦᠰᠡ ᠨᠤᠲᠤᠭ᠂ ᠣᠯᠠᠨ ᠤᠯᠤᠰ ᠤᠨ ᠬᠠᠮᠲᠤ ᠢᠢᠨ ᠠᠵᠢᠯᠯᠠᠭ᠎ᠠ ᠢᠢ ᠪᠡᠬᠢᠵᠢᠭᠦᠯᠬᠦ ᠨᠢ ᠨᠡᠩ ᠴᠢᠬᠤᠯᠠ ᠠᠴᠢ ᠬᠣᠯᠪᠤᠭᠳᠠᠯ ᠲᠠᠶ ᠬᠡᠮᠡᠨ ᠦᠵᠡᠵᠦ᠂ «ᠤᠰᠤᠨ ᠤ ᠣᠯᠠᠨ ᠤᠯᠤᠰ ᠤᠨ ᠪᠠᠢᠢᠭᠤᠯᠤᠯᠭ᠎ᠠ» ᠪᠠᠢᠢᠭᠤᠯᠬᠤ ᠲᠤᠬᠠᠢ ᠶᠡᠷᠦᠩᠬᠡᠢᠢᠯᠡᠭᠴᠢ ᠲᠠᠨ ᠤ ᠳᠡᠪᠰᠢᠭᠦᠯᠦᠭᠰᠡᠨ ᠰᠠᠨᠠᠯ᠂ ᠰᠠᠨᠠᠭᠠᠴᠢᠯᠠᠭ᠎ᠠ ᠢᠢ ᠮᠣᠩ᠋ᠭᠣᠯ ᠤᠯᠤᠰ ᠳᠡᠮᠵᠢᠵᠦ ᠪᠠᠢᠢᠨ᠎ᠠ᠃
ᠡᠨᠡ ᠣᠨ ᠤ ᠘ ᠳ᠋ᠤᠭᠠᠷ ᠰᠠᠷ᠎ᠠ ᠳᠤ ᠮᠣᠩ᠋ᠭᠣᠯ ᠤᠯᠤᠰ ᠲᠤ ᠪᠣᠯᠬᠤ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠴᠥᠯᠵᠢᠯᠲᠡ ᠲᠡᠶ ᠲᠡᠮᠡᠴᠡᠬᠦ ᠻᠣᠨ᠋ᠸᠧᠨ᠋ᠼᠢ ᠢᠢᠨ ᠣᠷᠤᠯᠴᠠᠭᠴᠢ ᠲᠠᠯ᠎ᠠ ᠨᠤᠭᠤᠳ ᠤᠨ ᠑᠗ ᠳ᠋ᠤᠭᠠᠷ ᠪᠠᠭ᠎ᠠ ᠬᠤᠷᠠᠯ ᠳᠤ ᠻᠠᠽᠠᠻᠰᠲ᠋ᠠᠨ ᠤᠯᠤᠰ ᠥᠨᠳᠦᠷ ᠲᠥᠪᠰᠢᠨ ᠳᠥ ᠣᠷᠤᠯᠴᠠᠬᠤ ᠢᠢ ᠤᠷᠢᠵᠤ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠪᠣᠯᠤᠨ ᠻᠠᠽᠠᠻᠰᠲ᠋ᠠᠨ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ «ᠬᠣᠶᠠᠷ ᠲᠡᠷᠪᠤᠮ ᠮᠣᠳᠤ» ᠲᠥᠰᠦᠯ ᠢ ᠤᠶᠠᠯᠳᠤᠭᠤᠯᠵᠤ᠂ ᠠᠭᠤᠷ ᠠᠮᠢᠰᠬᠤᠯ ᠤᠨ ᠥᠭᠡᠷᠡᠴᠢᠯᠡᠯᠲᠡ ᠲᠡᠶ ᠲᠡᠮᠡᠴᠡᠬᠦ᠂ ᠬᠦᠷᠢᠶᠡᠯᠡᠩ ᠪᠤᠢ ᠣᠷᠴᠢᠨ ᠢ ᠬᠠᠮᠠᠭᠠᠯᠠᠬᠤ ᠦᠢᠯᠡᠰ ᠲᠥ ᠬᠠᠮᠲᠤᠷᠠᠨ ᠠᠵᠢᠯᠯᠠᠬᠤ ᠪᠠᠷ ᠪᠣᠯᠤᠯ᠎ᠠ᠃
ᠲᠥᠪ ᠠᠽᠢ ᠢᠢᠨ ᠣᠷᠤᠨ ᠨᠤᠭᠤᠳ ᠤᠨ «С5+᠑» ᠹᠣᠷᠮᠠᠲ᠋ ᠤᠨ ᠬᠠᠮᠲᠤ ᠢᠢᠨ ᠠᠵᠢᠯᠯᠠᠭᠠᠨ ᠤ ᠶᠡᠨᠳᠡᠷ ᠢ ᠠᠰᠢᠭᠯᠠᠨ ᠮᠣᠩ᠋ᠭᠣᠯ ᠤᠯᠤᠰ ᠤᠨ ᠣᠷᠤᠯᠴᠠᠭ᠎ᠠ ᠢᠢ ᠬᠠᠩ᠋ᠭᠠᠭᠰᠠᠨ ᠳᠡᠭᠡᠳᠦ᠂ ᠥᠨᠳᠦᠷ ᠲᠥᠪᠰᠢᠨ ᠦ ᠠᠭᠤᠯᠵᠠᠯᠲᠠ ᠢᠢ ᠬᠠᠮᠲᠤᠷᠠᠨ ᠵᠣᠬᠢᠶᠠᠨ ᠪᠠᠢᠢᠭᠤᠯᠬᠤ ᠪᠣᠯᠤᠮᠵᠢ ᠢᠢᠨ ᠲᠠᠯ᠎ᠠ ᠪᠠᠷ ᠰᠠᠨᠠᠯ ᠰᠣᠯᠢᠯᠴᠠᠯ᠎ᠠ᠃
ᠻᠠᠽᠠᠻᠰᠲ᠋ᠠᠨ ᠤᠯᠤᠰ ᠨᠢ ᠤᠯᠠᠭᠠᠨᠪᠠᠭᠠᠲᠤᠷ ᠬᠣᠲᠠᠨ᠎ᠠ ᠲᠥᠪ ᠲᠡᠶ ᠳᠠᠯᠠᠶ ᠳᠤ ᠭᠠᠷᠴᠠ ᠦᠭᠡᠢ ᠬᠥᠭ᠍ᠵᠢᠵᠦ ᠪᠤᠢ ᠣᠷᠤᠨ ᠨᠤᠭᠤᠳ ᠤᠨ ᠣᠯᠠᠨ ᠤᠯᠤᠰ ᠤᠨ ᠰᠤᠳᠤᠯᠭᠠᠨ ᠤ ᠲᠥᠪ ᠦᠨ ᠭᠡᠰᠢᠭᠦᠨ ᠣᠷᠤᠨ ᠤ ᠬᠤᠪᠢ ᠳᠤ ᠲᠤᠰ ᠪᠠᠢᠢᠭᠤᠯᠤᠯᠭ᠎ᠠ ᠢᠢᠨ ᠦᠢᠯᠡ ᠠᠵᠢᠯᠯᠠᠭ᠎ᠠ ᠢᠢ ᠲᠤᠭᠤᠰᠢᠲᠠᠢ ᠳᠡᠮᠵᠢᠵᠦ᠂ ᠬᠠᠮᠲᠤᠷᠠᠨ ᠠᠵᠢᠯᠯᠠᠵᠤ ᠢᠷᠡᠭᠰᠡᠨ ᠳᠥ ᠲᠠᠯᠠᠷᠬᠠᠯ ᠢᠯᠡᠷᠬᠡᠢᠢᠯᠡᠶ ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠢ ᠠᠰᠰᠠᠮᠪᠯᠧᠢ ᠢᠢᠨ ᠪᠦᠭᠦᠳᠡ ᠬᠤᠷᠠᠯᠳᠤᠭᠠᠨ ᠢᠶᠠᠷ ᠵᠢᠯ ᠪᠦᠷᠢ ᠢᠢᠨ ᠗ ᠳ᠋ᠤᠭᠠᠷ ᠰᠠᠷ᠎ᠠ ᠢᠢᠨ ᠑᠑ ᠤ ᠡᠳᠦᠷ ᠢ «ᠳᠡᠯᠡᠬᠡᠢ ᠢᠢᠨ ᠠᠳᠤᠭᠤᠨ ᠤ ᠡᠳᠦᠷ» ᠪᠣᠯᠭᠠᠨ ᠲᠡᠮᠳᠡᠭᠯᠡᠬᠦ ᠲᠤᠬᠠᠢ ᠲᠣᠭᠲᠠᠭᠠᠯ ᠢ ᠪᠠᠲᠤᠯᠠᠭᠰᠠᠨ᠃
ᠤᠭ ᠲᠣᠭᠲᠠᠭᠠᠯ ᠳᠤ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠬᠠᠮᠲᠤᠷᠠᠨ ᠵᠣᠬᠢᠶᠠᠭᠴᠢ ᠪᠠᠷ ᠨᠢᠭᠡᠳᠦᠭᠰᠡᠨ ᠳᠢ ᠴᠢᠩ ᠰᠡᠳᠬᠢᠯ ᠦᠨ ᠲᠠᠯᠠᠷᠬᠠᠯ ᠢᠯᠡᠷᠬᠡᠢᠢᠯᠡᠵᠦ ᠪᠠᠢᠢᠨ᠎ᠠ᠃
ᠡᠷᠬᠢᠮ ᠬᠦᠨᠳᠦᠲᠦ ᠶᠡᠷᠦᠩᠬᠡᠢᠢᠯᠡᠭᠴᠢ ᠡ᠂
ᠮᠣᠩ᠋ᠭᠣᠯ᠂ ᠻᠠᠽᠠᠻᠰᠲ᠋ᠠᠨ ᠤ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠦᠢᠯᠡᠰ ᠲᠥ ᠡᠷᠬᠢᠮ ᠬᠦᠨᠳᠦᠲᠦ ᠶᠡᠷᠦᠩᠬᠡᠢᠢᠯᠡᠭᠴᠢ᠂ ᠮᠢᠨᠦ ᠳᠣᠲᠤᠨᠤ ᠢᠢᠨ ᠨᠥᠬᠦᠷ ᠲᠠᠨ ᠤ ᠣᠷᠤᠭᠤᠯᠵᠤ ᠪᠤᠢ ᠬᠤᠪᠢ ᠨᠡᠮᠡᠷᠢ᠂ ᠬᠢᠴᠢᠶᠡᠯ ᠵᠢᠳᠬᠦᠯ ᠢ ᠣᠨᠴᠠᠯᠠᠨ ᠲᠡᠮᠳᠡᠭᠯᠡᠵᠦ᠂ ᠥᠨᠳᠦᠷ ᠢᠶᠡᠷ ᠦᠨᠡᠯᠡᠵᠦ ᠪᠠᠢᠢᠨ᠎ᠠ᠃
ᠲᠠ ᠪᠢᠳᠡᠨ ᠦ ᠶᠠᠷᠢᠶ᠎ᠠ ᠬᠡᠯᠡᠯᠴᠡᠭᠡ᠂ ᠬᠠᠷᠢᠯᠴᠠᠨ ᠲᠣᠬᠢᠷᠠᠯᠴᠠᠭᠰᠠᠨ ᠠᠵᠢᠯ ᠤᠳ ᠬᠣᠶᠠᠷ ᠣᠷᠤᠨ ᠤ ᠬᠥᠭ᠍ᠵᠢᠯ ᠴᠡᠴᠡᠭᠯᠡᠯᠲᠡ᠂ ᠠᠷᠠᠳ ᠲᠦᠮᠡᠨ ᠦ ᠰᠠᠢᠢᠨ ᠰᠠᠢᠢᠬᠠᠨ ᠤ ᠲᠥᠯᠦᠭᠡ ᠪᠡᠶᠡᠯᠡᠯ ᠢᠶᠡᠨ ᠣᠯᠵᠤ᠂ ᠬᠣᠶᠠᠷ ᠤᠯᠤᠰ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠤᠯᠠᠮ ᠪᠦᠷᠢ ᠥᠷᠭᠡᠵᠢᠨ ᠪᠡᠬᠢᠵᠢᠨ᠎ᠡ ᠭᠡᠳᠡᠭ ᠲᠥ ᠢᠲᠡᠭᠡᠯ ᠳᠦᠭᠦᠷᠡᠩ ᠪᠠᠢᠢᠨ᠎ᠠ᠃
ᠮᠠᠨ ᠤ ᠬᠣᠶᠠᠷ ᠠᠷᠠᠳ ᠲᠦᠮᠡᠨ ᠦ ᠠᠬᠠᠨ ᠳᠡᠭᠦᠰ ᠦᠨ ᠨᠠᠢᠢᠷᠠᠮᠳᠠᠯ᠂ ᠨᠥᠬᠦᠷᠯᠡᠯ ᠦᠶ᠎ᠡ ᠢᠢᠨ ᠦᠶ᠎ᠡ ᠳᠥ ᠪᠠᠲᠤᠵᠢᠨ ᠪᠡᠬᠢᠵᠢᠵᠦ᠂ ᠮᠣᠩ᠋ᠭᠣᠯ᠂ ᠻᠠᠽᠠᠻᠰᠲ᠋ᠠᠨ ᠤ «ᠰᠲ᠋ᠷᠠᠲ᠋ᠧᠭᠢ ᠢᠢᠨ ᠲᠦᠩᠰᠢᠯᠡᠯ» ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠥᠨᠢ ᠮᠥᠩᠬᠡᠳᠡ ᠴᠡᠴᠡᠭᠯᠡᠨ ᠬᠥᠭ᠍ᠵᠢᠬᠦ ᠪᠣᠯᠲᠤᠭᠠᠶ᠃
ᠻᠠᠽᠠᠻ ᠤᠨ ᠨᠠᠢᠢᠷᠰᠠᠭ ᠠᠷᠠᠳ ᠲᠦᠮᠡᠨ ᠳᠥ ᠲᠠᠯᠠᠷᠬᠠᠯ ᠢᠯᠡᠷᠬᠡᠢᠢᠯᠡᠶ ᠡ᠃ ᠠᠩᠬᠠᠷᠤᠯ ᠬᠠᠨᠳᠤᠭᠤᠯᠤᠭᠰᠠᠨ ᠳᠤ ᠪᠠᠶᠠᠷᠯᠠᠯ᠎ᠠ᠃
ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠤᠨ ᠶᠡᠷᠦᠩᠬᠡᠢᠢᠯᠡᠭᠴᠢ ᠻᠠᠰᠢᠮ ᠲᠥᠻᠠᠶᠧᠸ:

ᠡᠷᠬᠢᠮ ᠬᠦᠨᠳᠦᠲᠦ ᠶᠡᠷᠦᠩᠬᠡᠢᠢᠯᠡᠭᠴᠢ᠂
ᠡᠷᠬᠢᠮᠰᠦᠭ ᠬᠠᠲᠤᠭᠲᠠᠢ᠂ ᠨᠣᠶᠠᠳ᠂
ᠬᠡᠪᠯᠡᠯ ᠮᠡᠳᠡᠭᠡᠯᠡᠯ ᠦᠨ ᠲᠥᠯᠦᠭᠡᠯᠡᠭᠴᠢᠳ ᠡ᠂
ᠮᠢᠨᠦ ᠤᠷᠢᠯᠭ᠎ᠠ ᠢᠢ ᠬᠦᠯᠢᠶᠡᠨ ᠠᠪᠴᠤ ᠮᠠᠨ ᠤ ᠰᠠᠢᠢᠬᠠᠨ ᠣᠷᠤᠨ ᠳᠤ ᠲᠥᠷᠦ ᠢᠢᠨ ᠠᠢᠢᠯᠴᠢᠯᠠᠯ ᠬᠢᠵᠦ ᠪᠠᠢᠢᠭ᠎ᠠ ᠡᠷᠬᠢᠮᠰᠦᠭ ᠨᠣᠶᠠᠨ ᠤᠬᠤᠨ᠎ᠠ ᠢᠢᠨ ᠬᠦᠷᠡᠯᠰᠦ᠋ᠬᠡ ᠲᠠᠨ ᠳᠤ ᠲᠠᠯᠠᠷᠬᠠᠯ ᠢᠯᠡᠷᠬᠡᠢᠢᠯᠡᠶ ᠡ᠃
ᠠᠰᠲ᠋ᠠᠨᠠ ᠳᠤ ᠲᠠᠪᠠ ᠲᠠᠢ ᠮᠣᠷᠢᠯᠠᠨ᠎ᠠ ᠤ᠋ᠤ᠃
ᠡᠨᠡ ᠠᠢᠢᠯᠴᠢᠯᠠᠯ ᠳᠤ ᠮᠢᠨᠦ ᠪᠡᠶ᠎ᠡ ᠣᠨᠴᠤᠭᠤᠢ ᠠᠩᠬᠠᠷᠤᠯ ᠬᠠᠨᠳᠤᠭᠤᠯᠵᠤ ᠪᠠᠢᠢᠨ᠎ᠠ᠃ ᠤᠴᠢᠷ ᠨᠢ ᠮᠣᠩ᠋ᠭᠣᠯ ᠤᠯᠤᠰ ᠪᠣᠯ ᠪᠦᠰᠡ ᠨᠤᠲᠤᠭ ᠤᠨ ᠴᠢᠬᠤᠯᠠ ᠲᠦᠩᠰᠢ᠂ ᠨᠠᠢᠢᠷᠰᠠᠭ ᠬᠥᠷᠰᠢ ᠣᠷᠤᠨ᠃
ᠪᠢᠳᠡᠨ ᠦ ᠲᠡᠦᠬᠡ ᠢᠵᠠᠭᠤᠷ ᠨᠡᠢᠢᠲᠡᠯᠢᠭ᠃ ᠪᠢᠳᠡ ᠨᠡᠭᠦᠳᠡᠯᠴᠢᠨ ᠦ ᠰᠣᠶᠤᠯ ᠪᠠ ᠢᠰᠡᠭᠡᠢ ᠭᠡᠷ ᠰᠣᠶᠤᠯ ᠤᠨ ᠥᠪ ᠵᠠᠯᠭᠠᠮᠵᠢᠯᠠᠭᠴᠢᠳ᠃ ᠪᠢᠳᠡᠨ ᠦ ᠠᠵᠤ ᠪᠠᠢᠢᠳᠠᠯ᠂ ᠣᠶᠤᠨ ᠰᠠᠨᠠᠭ᠎ᠠ᠂ ᠠᠮᠢᠳᠤᠷᠠᠯ ᠤᠨ ᠬᠡᠪ ᠮᠠᠶᠢᠭ᠂ ᠶᠣᠰᠤ ᠤᠯᠠᠮᠵᠢᠯᠠᠯ ᠢᠵᠢᠯ ᠲᠥᠰᠲᠡᠢ᠃
ᠲᠡᠢᠢᠮᠦ ᠡᠴᠡ ᠪᠢᠳᠡ ᠦᠷᠭᠦᠯᠵᠢ ᠰᠠᠨᠠᠭ᠎ᠠ ᠨᠢᠭᠡ ᠪᠠᠢᠢᠵᠤ᠂ ᠭᠠᠷᠭᠠᠭᠰᠠᠨ ᠠᠮᠵᠢᠯᠲᠠ ᠳᠤ ᠪᠠᠨ ᠪᠠᠶᠠᠷᠯᠠᠬᠤ ᠤᠴᠢᠷ ᠲᠠᠢ᠃ ᠰᠡᠭᠦᠯ ᠦᠨ ᠵᠢᠯ ᠦᠳ ᠲᠥ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠡᠷᠴᠢᠮ ᠲᠡᠶ ᠬᠥᠭ᠍ᠵᠢᠵᠦ ᠪᠠᠢᠢᠨ᠎ᠠ᠃
ᠵᠢᠯ ᠭᠠᠷᠤᠢᠢᠬᠠᠨ ᠤ ᠡᠮᠦᠨ᠎ᠡ ᠪᠢ ᠮᠣᠩ᠋ᠭᠣᠯ ᠤᠯᠤᠰ ᠲᠤ ᠲᠥᠷᠦ ᠢᠢᠨ ᠠᠢᠢᠯᠴᠢᠯᠠᠯ ᠬᠢᠭ᠍ᠰᠡᠨ᠃ ᠡᠷᠬᠢᠮᠰᠦᠭ ᠨᠣᠶᠠᠨ ᠤ·ᠬᠦᠷᠡᠯᠰᠦ᠋ᠬᠡ ᠲᠠᠨ ᠤ ᠪᠣᠯᠤᠨ ᠮᠣᠩ᠋ᠭᠣᠯ ᠤᠨ ᠠᠷᠠᠳ ᠲᠦᠮᠡᠨ ᠦ ᠡᠯᠢᠭᠡᠮᠰᠦᠭ᠂ ᠬᠠᠯᠠᠭᠤᠨ ᠳᠣᠲᠤᠨᠤ ᠰᠡᠳᠬᠢᠯ ᠢ ᠪᠢ ᠦᠷᠭᠦᠯᠵᠢ ᠪᠠᠶᠠᠷᠲᠠᠢ ᠪᠠᠷ ᠰᠠᠨᠠᠨ ᠳᠤᠷᠠᠰᠴᠤ ᠪᠠᠢᠢᠬᠤ ᠪᠣᠯᠤᠨ᠎ᠠ᠃
ᠠᠢᠢᠯᠴᠢᠯᠠᠯ ᠤᠨ ᠦᠶ᠎ᠡ ᠪᠡᠷ «ᠰᠲ᠋ᠷᠠᠲ᠋ᠧᠭᠢ ᠢᠢᠨ ᠲᠦᠩᠰᠢᠯᠡᠯ» ᠲᠣᠭᠲᠠᠭᠠᠬᠤ ᠲᠤᠬᠠᠢ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠭᠰᠠᠨ᠃ ᠡᠨᠡ ᠨᠢ ᠮᠢᠩ᠋ᠭᠠᠨ ᠵᠢᠯ ᠦᠨ ᠲᠡᠦᠬᠡ ᠲᠡᠶ ᠨᠥᠬᠦᠷᠯᠡᠯ ᠦᠨ ᠮᠠᠨᠢ ᠴᠢᠬᠤᠯᠠ ᠪᠥᠭᠡᠳ ᠲᠡᠦᠬᠡᠨ ᠪᠢᠴᠢᠭ᠌ ᠪᠠᠷᠢᠮᠲᠠ ᠶᠤᠮ᠃
ᠡᠳᠦᠭᠡ ᠬᠣᠶᠠᠷ ᠣᠷᠤᠨ ᠤ ᠫᠠᠷᠯᠠᠮᠧᠨ᠋ᠲ ᠪᠣᠯᠤᠨ ᠲᠥᠷᠦ ᠢᠢᠨ ᠶᠠᠮᠤᠨ ᠨᠤᠭᠤᠳ ᠨᠢᠭ᠌ᠲᠠ ᠬᠣᠯᠪᠤᠭ᠎ᠠ ᠲᠠᠢ ᠪᠠᠢᠢᠭ᠎ᠠ ᠢᠢᠨ ᠵᠡᠷᠭᠡᠴᠡᠭᠡ ᠵᠠᠰᠠᠭ ᠤᠨ ᠭᠠᠵᠠᠷ ᠬᠣᠭᠤᠷᠤᠨᠳᠤ ᠢᠢᠨ ᠻᠣᠮᠢᠰᠰ᠂ ᠪᠢᠽᠢᠨᠧᠰ ᠦᠨ ᠵᠥᠪᠯᠡᠯ ᠠᠮᠵᠢᠯᠲᠠ ᠲᠠᠢ ᠠᠵᠢᠯᠯᠠᠵᠤ ᠪᠠᠢᠢᠨ᠎ᠠ᠃
ᠶᠡᠷᠦᠩᠬᠡᠢᠢᠯᠡᠭᠴᠢ ᠤ·ᠬᠦᠷᠡᠯᠰᠦ᠋ᠬᠡ ᠢᠢᠨ ᠲᠥᠷᠦ ᠢᠢᠨ ᠠᠢᠢᠯᠴᠢᠯᠠᠯ ᠡᠳᠡᠭᠡᠷ ᠬᠠᠮᠲᠤ ᠢᠢᠨ ᠠᠵᠢᠯᠯᠠᠭ᠎ᠠ ᠢᠢ ᠤᠯᠠᠮ ᠪᠡᠬᠢᠵᠢᠭᠦᠯᠬᠦ ᠨᠢ ᠭᠠᠷᠴᠠᠭ᠎ᠠ ᠦᠭᠡᠢ ᠶᠤᠮ᠃
ᠪᠢᠳᠡ ᠬᠣᠶᠠᠷ ᠲᠠᠯᠠᠲᠤ ᠬᠠᠮᠲᠤ ᠢᠢᠨ ᠠᠵᠢᠯᠯᠠᠭ᠎ᠠ ᠢᠢ ᠪᠦᠬᠦᠢ ᠯᠠ ᠴᠢᠭᠯᠡᠯ ᠢᠶᠡᠷ ᠥᠷᠭᠡᠵᠢᠭᠦᠯᠦᠨ ᠬᠥᠭ᠍ᠵᠢᠭᠦᠯᠬᠦ ᠦᠷ᠎ᠡ ᠳ᠋ᠦᠩ ᠲᠡᠶ ᠬᠡᠯᠡᠯᠴᠡᠭᠡ ᠬᠢᠯ᠎ᠡ᠃ ᠤᠯᠤᠰ ᠲᠥᠷᠦ᠂ ᠡᠳ᠋ ᠦᠨ ᠵᠠᠰᠠᠭ᠂ ᠰᠣᠶᠤᠯ᠂ ᠬᠦᠮᠦᠨᠯᠢᠭ ᠪᠣᠯᠤᠨ ᠪᠤᠰᠤᠳ ᠰᠠᠯᠪᠤᠷᠢ ᠳᠤ ᠬᠠᠮᠲᠤ ᠢᠢᠨ ᠠᠵᠢᠯᠯᠠᠭ᠎ᠠ ᠪᠠᠨ ᠤᠯᠠᠮ ᠠᠬᠢᠭᠤᠯᠬᠤ ᠪᠠᠨ ᠲᠣᠬᠢᠷᠠᠯ᠎ᠠ᠃
ᠲᠤᠬᠠᠢᠢᠯᠠᠪᠠᠯ᠂ ᠪᠠᠶᠠᠨ-ᠥᠯᠦᠬᠡᠢ ᠠᠢᠢᠮᠠᠭ ᠲᠤ ᠻᠠᠽᠠᠻᠰᠲ᠋ᠠᠨ ᠤ ᠻᠣᠨ᠋ᠰᠦ᠋ᠯ ᠤᠨ ᠭᠠᠵᠠᠷ ᠨᠡᠭᠡᠭᠡᠬᠦ ᠰᠢᠢᠳᠪᠦᠷᠢ ᠳᠥ ᠬᠦᠷᠦᠯ᠎ᠡ᠃ ᠡᠭᠦᠨ ᠢ ᠪᠢᠳᠡ ᠠᠬᠠᠨ ᠳᠡᠭᠦᠰ᠂ ᠲᠡᠦᠬᠡᠨ ᠢᠵᠠᠭᠤᠷ ᠲᠠᠢ ᠣᠷᠤᠨ ᠨᠤᠭᠤᠳ ᠤᠨ «ᠰᠲ᠋ᠷᠠᠲ᠋ᠧᠭᠢ ᠢᠢᠨ ᠲᠦᠩᠰᠢᠯᠡᠯ» ᠳ᠋ᠥ ᠲᠦᠰᠢᠭᠯᠡᠭᠰᠡᠨ ᠴᠢᠬᠤᠯᠠ ᠠᠯᠬᠤᠮ ᠭᠡᠵᠦ ᠦᠵᠡᠵᠦ ᠪᠠᠢᠢᠨ᠎ᠠ᠃
ᠡᠨᠡ ᠨᠢ ᠮᠣᠩ᠋ᠭᠣᠯ ᠤᠨ ᠻᠠᠽᠠᠻ ᠢᠷᠭᠡᠳ ᠲᠥ ᠬᠠᠨᠳᠤᠭᠰᠠᠨ ᠴᠢᠩ ᠰᠡᠳᠬᠢᠯ᠂ ᠨᠥᠬᠦᠷᠯᠡᠯ ᠦᠨ ᠪᠣᠳᠠᠲᠤ ᠲᠤᠰᠬᠠᠯ ᠶᠤᠮ᠃ ᠪᠢᠳᠡ ᠡᠨᠡ ᠰᠢᠢᠳᠪᠦᠷᠢ ᠪᠡᠨ ᠳᠡᠭᠡᠳᠦ ᠵᠡᠷᠭᠡ ᠪᠡᠷ ᠦᠨᠡᠯᠡᠵᠦ ᠪᠠᠢᠢᠨ᠎ᠠ᠃ ᠡᠨᠡ ᠢᠯᠳᠠᠮ ᠳᠤ ᠡᠷᠬᠢᠮᠰᠦᠭ ᠨᠣᠶᠠᠨ ᠶᠡᠷᠦᠩᠬᠡᠢᠢᠯᠡᠭᠴᠢ ᠲᠠᠨ ᠳᠤ ᠭᠦᠨ ᠲᠠᠯᠠᠷᠬᠠᠵᠤ ᠪᠠᠢᠢᠭ᠎ᠠ ᠪᠠᠨ ᠳᠠᠬᠢᠨ ᠢᠯᠡᠷᠬᠡᠢᠢᠯᠡᠶ ᠡ᠃
ᠡᠨᠡ ᠤᠳᠠᠭ᠎ᠠ ᠢᠢᠨ ᠠᠢᠢᠯᠴᠢᠯᠠᠯ ᠢᠶᠠᠷ ᠬᠡᠳᠦ ᠬᠡᠳᠦᠨ ᠴᠢᠬᠤᠯᠠ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠭᠰᠠᠨ ᠨᠢ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠳᠥ ᠴᠢᠬᠤᠯᠠ ᠬᠤᠪᠢ ᠨᠡᠮᠡᠷᠢ ᠣᠷᠤᠭᠤᠯᠤᠨ᠎ᠠ᠃
ᠬᠤᠳᠠᠯᠳᠤᠭᠠᠨ ᠤ ᠡᠷᠭᠢᠯᠲᠡ ᠡᠮᠦᠨᠡᠬᠢ ᠵᠢᠯ ᠑᠓᠐ ᠭᠠᠷᠤᠢ ᠰᠠᠶ᠎ᠠ ᠠᠮ᠊·ᠳ᠋ᠣᠯᠯᠠᠷ ᠬᠦᠷᠴᠦ᠂ ᠗·᠗ ᠬᠤᠪᠢ ᠪᠠᠷ ᠥᠰᠦᠯ᠎ᠡ᠃ ᠬᠣᠶᠠᠷ ᠣᠷᠤᠨ ᠤ ᠡᠳ᠋ ᠦᠨ ᠵᠠᠰᠠᠭ ᠤᠨ ᠪᠣᠯᠤᠯᠴᠠᠭ᠎ᠠ ᠢᠢ ᠬᠠᠷᠠᠭᠠᠯᠵᠠᠵᠤ ᠦᠵᠡᠪᠡᠯ ᠪᠢᠳᠡᠨ ᠳᠥ ᠢᠯᠡᠭᠦᠦ ᠶᠡᠬᠡ ᠪᠣᠯᠤᠮᠵᠢ ᠪᠠᠢᠢᠨ᠎ᠠ᠃
ᠢᠷᠡᠬᠦ ᠵᠢᠯ ᠦᠳ ᠲᠥ ᠬᠤᠳᠠᠯᠳᠤᠭᠠᠨ ᠤ ᠡᠷᠭᠢᠯᠲᠡ ᠢᠢ ᠕᠐᠐ ᠰᠠᠶ᠎ᠠ ᠠᠮ᠊·ᠳ᠋ᠣᠯᠯᠠᠷ ᠲᠤ ᠬᠦᠷᠭᠡᠬᠦ ᠵᠣᠷᠢᠯᠲᠠ ᠲᠠᠯᠪᠢᠭᠰᠠᠨ᠃ ᠡᠭᠦᠨ ᠦ ᠲᠤᠯᠠᠳᠠ ᠬᠠᠮᠤᠭ ᠤᠨ ᠲᠦᠷᠦᠭᠦᠨ ᠳᠥ ᠪᠠᠷᠠᠭ᠎ᠠ ᠪᠦᠲᠦᠭᠡᠭ᠍ᠳᠡᠬᠦᠨ ᠦ ᠨᠡᠷ᠎ᠡ ᠲᠥᠷᠦᠯ ᠢ ᠣᠯᠠᠰᠢᠷᠠᠭᠤᠯᠬᠤ ᠱᠠᠭᠠᠷᠳᠠᠯᠭ᠎ᠠ ᠲᠠᠢ ᠪᠠᠢᠢᠨ᠎ᠠ᠃ ᠡᠳ᠋ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠬᠦ ᠳᠥ ᠰᠠᠭᠠᠳ ᠤᠴᠠᠷᠠᠭᠤᠯᠵᠤ ᠪᠠᠢᠢᠭ᠎ᠠ ᠪᠦᠬᠦᠢ ᠯᠠ ᠪᠡᠷᠬᠡᠰᠢᠶᠡᠯ ᠢ ᠠᠯᠢ ᠪᠣᠯᠬᠤ ᠪᠠᠭᠠᠰᠬᠠᠬᠤ ᠬᠡᠷᠡᠭ ᠲᠡᠶ ᠭᠡᠵᠦ ᠦᠵᠡᠯ᠎ᠡ᠃
ᠪᠢᠳᠡ ᠪᠣᠯᠤᠨ ᠮᠣᠩ᠋ᠭᠣᠯ ᠤᠯᠤᠰ «ᠧᠦ᠋ᠷᠣᠠᠽᠢ ᠢᠢᠨ ᠡᠳ᠋ ᠦᠨ ᠵᠠᠰᠠᠭ ᠤᠨ ᠬᠣᠯᠪᠤᠭ᠎ᠠ ᠬᠣᠭᠤᠷᠤᠨᠳᠤ ᠢᠢᠨ ᠴᠢᠯᠦᠭᠡᠲᠦ ᠬᠤᠳᠠᠯᠳᠤᠭᠠᠨ ᠤ ᠲᠦᠷ ᠬᠡᠯᠡᠯᠴᠡᠭᠡᠷ» ᠢ ᠪᠠᠲᠤᠯᠠᠭᠰᠠᠨ᠃ ᠡᠨᠡ ᠨᠢ ᠬᠣᠶᠠᠷ ᠣᠷᠤᠨ ᠤ ᠬᠠᠷᠢᠯᠴᠠᠭ᠎ᠠ ᠢᠢ ᠥᠷᠭᠡᠵᠢᠭᠦᠯᠬᠦ ᠪᠣᠯᠤᠮᠵᠢ ᠣᠯᠭᠤᠵᠤ ᠪᠠᠢᠢᠨ᠎ᠠ᠃
ᠴᠢᠨᠠᠭᠰᠢᠳᠠ ᠠᠭᠠᠷ ᠤᠨ ᠲᠡᠭᠡᠭᠡᠪᠦᠷᠢ᠂ ᠵᠠᠮ ᠤᠨ ᠠᠰᠠᠭᠤᠳᠠᠯ ᠳᠤ ᠠᠩᠬᠠᠷᠬᠤ ᠱᠠᠭᠠᠷᠳᠠᠯᠭ᠎ᠠ ᠪᠤᠢ᠃ ᠠᠦ᠋ᠲ᠋ᠣ᠋ ᠵᠠᠮ ᠪᠠᠷᠢᠵᠤ᠂ ᠲᠡᠭᠡᠭᠡᠪᠦᠷᠢ ᠢᠢᠨ ᠳᠥᠲᠡ ᠵᠠᠮ ᠨᠡᠭᠡᠭᠡᠬᠦ ᠨᠢ ᠵᠦᠢ ᠲᠡᠶ ᠭᠡᠰᠡᠨ ᠬᠠᠮᠲᠤ ᠢᠢᠨ ᠰᠢᠢᠳᠦᠯ ᠳᠥ ᠬᠦᠷᠦᠯ᠎ᠡ᠃ ᠡᠭᠦᠨ ᠢ ᠪᠣᠭᠤᠨᠢ ᠬᠤᠭᠤᠴᠠᠭᠠᠨ ᠳᠤ ᠰᠢᠢᠳᠬᠦ ᠪᠣᠯᠤᠮᠵᠢ ᠬᠣᠮᠰᠠ ᠴᠦ ᠪᠢᠳᠡ ᠨᠢᠭᠡ ᠵᠣᠷᠢᠯᠭ᠎ᠠ ᠲᠠᠶ ᠪᠠᠢᠢᠭ᠎ᠠ ᠢᠢ ᠬᠠᠷᠠᠭᠤᠯᠵᠤ ᠪᠠᠢᠢᠨ᠎ᠠ᠃ ᠡᠢᠢᠮᠦ ᠡᠴᠡ ᠵᠠᠰᠠᠭ ᠤᠨ ᠭᠠᠵᠠᠷ ᠤᠨ ᠬᠠᠮᠲᠤᠷᠠᠭᠰᠠᠨ ᠠᠵᠢᠯ ᠤᠨ ᠬᠡᠰᠡᠭ ᠪᠠᠢᠢᠭᠤᠯᠬᠤ ᠪᠠᠷ ᠲᠣᠬᠢᠷᠠᠯᠴᠠᠯ᠎ᠠ᠃
ᠠᠦ᠋ᠲ᠋ᠣ᠋ ᠵᠠᠮ ᠤᠨ ᠠᠰᠠᠭᠤᠳᠠᠯ ᠢ ᠰᠢᠢᠳᠦᠭᠰᠡᠨ ᠢᠶᠡᠷ ᠬᠤᠳᠠᠯᠳᠤᠭᠠᠨ ᠤ ᠡᠷᠭᠢᠯᠲᠡ ᠨᠡᠮᠡᠭᠳᠡᠵᠦ᠂ ᠪᠤᠰᠤᠳ ᠣᠷᠤᠨ ᠤ ᠵᠠᠬ᠎ᠠ ᠵᠡᠭᠡᠯᠢ ᠳᠥ ᠨᠡᠪᠲᠡᠷᠡᠬᠦ ᠪᠣᠯᠤᠮᠵᠢ ᠴᠦ ᠨᠡᠭᠡᠭᠡᠭ᠍ᠳᠡᠨ᠎ᠡ᠃
ᠥᠩ᠋ᠭᠡᠷᠡᠭᠰᠡᠨ ᠵᠢᠯ ᠪᠢ «ᠠᠯᠲᠠᠶ ᠳᠠᠮᠨᠠᠭᠰᠠᠨ ᠬᠡᠯᠡᠯᠴᠡᠭᠡᠷ» ᠭᠡᠰᠡᠨ ᠰᠠᠨᠠᠯ ᠢᠶᠠᠨ ᠳᠡᠪᠰᠢᠭᠦᠯᠦᠭᠰᠡᠨ᠃ ᠠᠯᠲᠠᠶ ᠢᠢ ᠲᠤᠭᠤᠷᠢᠭᠰᠠᠨ ᠳᠥᠷᠪᠡᠨ ᠣᠷᠤᠨ ᠬᠤᠳᠠᠯᠳᠤᠭ᠎ᠠ᠂ ᠲᠡᠭᠡᠭᠡᠪᠦᠷᠢ ᠯᠣᠭᠢᠰᠲ᠋ᠢᠭ᠂ ᠠᠶᠠᠯᠠᠯ ᠵᠢᠭᠤᠯᠴᠢᠯᠠᠯ ᠤᠨ ᠰᠠᠯᠪᠤᠷᠢ ᠳᠤ ᠨᠡᠢᠢᠲᠡᠯᠢᠭ ᠪᠠᠢᠢᠷᠢ ᠰᠠᠭᠤᠷᠢ ᠲᠠᠢ ᠪᠠᠢᠢᠬᠤ ᠨᠢ ᠲᠣᠮᠤ ᠲᠦᠯᠬᠢᠴᠡ ᠪᠣᠯᠵᠤ᠂ ᠣᠯᠠᠨ ᠪᠣᠯᠤᠮᠵᠢ ᠣᠯᠭᠤᠨ᠎ᠠ᠃
ᠡᠨᠡ ᠨᠢ ᠠᠯᠲᠠᠢ ᠢᠢᠨ ᠠᠶᠠᠯᠠᠯ ᠵᠢᠭᠤᠯᠴᠢᠯᠠᠯ ᠢ ᠻᠯᠠᠰᠲ᠋ᠧᠷ ᠬᠡᠯᠪᠡᠷᠢ ᠪᠡᠷ ᠬᠥᠭ᠍ᠵᠢᠭᠦᠯᠬᠦ ᠪᠣᠯᠤᠮᠵᠢ ᠨᠡᠭᠡᠭᠡᠭ᠍ᠳᠡᠨ᠎ᠡ ᠭᠡᠰᠡᠨ ᠦᠭᠡ᠃
ᠠᠯᠮᠠᠲ᠋ᠢ – ᠤᠯᠠᠭᠠᠨᠪᠠᠭᠠᠲᠤᠷ ᠴᠢᠭᠯᠡᠯ ᠳᠥ ᠰᠢᠭᠤᠳ ᠨᠢᠰᠦᠯᠭᠡ ᠲᠡᠶ ᠪᠠᠢᠢᠭ᠎ᠠ ᠪᠣᠯ ᠲᠤᠩ ᠤᠳᠠᠬᠤ ᠦᠭᠡᠢ ᠠᠰᠲ᠋ᠠᠨᠠ-ᠤᠯᠠᠭᠠᠨᠪᠠᠭᠠᠲᠤᠷ ᠴᠢᠭᠯᠡᠯ ᠦᠨ ᠨᠢᠰᠦᠯᠭᠡ ᠢᠢ ᠰᠡᠷᠭᠦᠭᠡᠨ᠎ᠡ᠃ ᠡᠭᠦᠨ ᠡᠴᠡ ᠭᠠᠳᠠᠨ᠎ᠠ ᠥᠰᠻᠧᠮᠧᠨ-ᠥᠯᠦᠬᠡᠢ ᠴᠢᠭᠯᠡᠯ ᠳᠥ ᠰᠢᠨ᠎ᠡ ᠨᠢᠰᠦᠯᠭᠡ ᠦᠢᠯᠡᠳᠬᠦ ᠲᠤᠬᠠᠢ ᠲᠡᠦᠬᠡᠨ ᠴᠢᠬᠤᠯᠠ ᠰᠢᠢᠳᠦᠯ ᠳᠥ ᠬᠦᠷᠦᠯ᠎ᠡ᠃ ᠡᠨᠡ ᠨᠢ ᠪᠢᠳᠡᠨ ᠦ ᠪᠦᠰᠡ ᠨᠤᠲᠤᠭ ᠤᠨ ᠴᠢᠨᠠᠭᠰᠢᠳᠠ ᠢᠢᠨ ᠬᠥᠭ᠍ᠵᠢᠯ ᠳᠥ ᠲᠣᠮᠣᠬᠠᠨ ᠬᠤᠪᠢ ᠨᠡᠮᠡᠷᠢ ᠣᠷᠤᠭᠤᠯᠤᠨ᠎ᠠ ᠭᠡᠳᠡᠭ ᠲᠥ ᠢᠲᠡᠭᠡᠯ ᠲᠡᠶ ᠪᠠᠢᠢᠨ᠎ᠠ᠃
ᠡᠨᠡ ᠰᠢᠢᠳᠪᠦᠷᠢ ᠳᠥ ᠬᠦᠷᠬᠦ ᠳᠥ ᠲᠣᠮᠣᠬᠠᠨ ᠨᠥᠯᠦᠭᠡ ᠦᠵᠡᠭᠦᠯᠦᠭᠰᠡᠨ ᠶᠡᠷᠦᠩᠬᠡᠢᠢᠯᠡᠭᠴᠢ ᠲᠠᠨ ᠳᠤ ᠪᠣᠯᠤᠨ ᠮᠣᠩ᠋ᠭᠣᠯ ᠤᠨ ᠠᠷᠠᠳ ᠲᠦᠮᠡᠨ᠂ ᠪᠠᠢᠢᠭᠤᠯᠤᠯᠭ᠎ᠠ ᠨᠤᠭᠤᠳ ᠲᠤ ᠲᠠᠯᠠᠷᠬᠠᠯ ᠢᠯᠡᠷᠬᠡᠢᠢᠯᠡᠶ ᠡ᠃
ᠮᠠᠨ ᠤ ᠬᠣᠶᠠᠷ ᠣᠷᠤᠨ ᠪᠠᠢᠢᠭᠠᠯᠢ ᠢᠢᠨ ᠪᠠᠶᠠᠯᠢᠭ ᠶᠡᠬᠡ ᠲᠡᠶ᠃ ᠭᠧᠣᠯᠤᠭᠢ ᠢᠢᠨ ᠡᠷᠢᠯ ᠬᠠᠢᠢᠭᠤᠯ᠂ ᠭᠠᠵᠠᠷ ᠤᠨ ᠪᠠᠶᠠᠯᠢᠭ ᠢ ᠠᠰᠢᠭᠯᠠᠬᠤ ᠮᠠᠨ ᠤ ᠲᠤᠷᠰᠢᠯᠭ᠎ᠠ ᠢᠢ ᠲᠠ ᠪᠦᠬᠦᠨ ᠠᠰᠢᠭᠯᠠᠬᠤ ᠪᠦᠷᠢᠨ ᠪᠣᠯᠤᠮᠵᠢ ᠲᠠᠶ᠃ ᠮᠠᠨ ᠤ ᠬᠣᠶᠠᠷ ᠣᠷᠤᠨ ᠬᠥᠳᠡᠭᠡ ᠠᠵᠤ ᠠᠬᠤᠢ᠂ ᠮᠠᠯ ᠠᠵᠤ ᠠᠬᠤᠢ ᠢᠢᠨ ᠰᠠᠯᠪᠤᠷᠢ ᠪᠠᠨ ᠣᠨᠴᠠᠭᠠᠢᠢᠯᠠᠨ ᠠᠪᠴᠤ ᠦᠵᠡᠳᠡᠭ᠃
ᠴᠢᠨᠠᠭᠰᠢᠳᠠ ᠮᠠᠯ ᠤᠨ ᠭᠠᠷᠤᠯ ᠲᠠᠢ ᠪᠦᠲᠦᠭᠡᠭ᠍ᠳᠡᠬᠦᠨ ᠢ ᠣᠯᠠᠨ ᠤᠯᠤᠰ ᠤᠨ ᠰᠲ᠋ᠠᠨ᠋ᠳᠠᠷᠲ ᠳᠤ ᠨᠡᠢᠢᠴᠡᠭᠦᠯᠬᠦ ᠳᠥ ᠠᠩᠬᠠᠷᠬᠤ ᠱᠠᠭᠠᠷᠳᠠᠯᠭ᠎ᠠ ᠲᠠᠢ ᠭᠡᠵᠦ ᠦᠵᠡᠳᠡᠭ᠃ ᠮᠠᠯ ᠤᠨ ᠬᠠᠯᠳᠠᠪᠤᠷᠢᠳᠤ ᠡᠪᠡᠳᠴᠢᠨ ᠦ ᠡᠰᠡᠷᠭᠦ ᠸᠠᠻᠼᠢᠨ ᠦᠢᠯᠡᠳᠪᠦᠷᠢᠯᠡᠬᠦ ᠬᠠᠮᠲᠤᠷᠠᠭᠰᠠᠨ ᠦᠢᠯᠡᠳᠪᠦᠷᠢ ᠪᠠᠢᠢᠭᠤᠯᠬᠤ ᠳᠤ ᠪᠢᠳᠡ ᠪᠡᠯᠡᠨ ᠪᠠᠢᠢᠨ᠎ᠠ᠃
ᠳᠡᠯᠡᠬᠡᠢ ᠢᠢ ᠰᠠᠨᠰᠠᠷ ᠠᠴᠠ ᠠᠵᠢᠭᠯᠠᠬᠤ ᠰᠢᠰᠲ᠋ᠧᠮ ᠪᠠᠢᠢᠭᠤᠯᠬᠤ᠂ ᠴᠠᠬᠢᠮ ᠬᠥᠭ᠍ᠵᠢᠯ᠂ ᠰᠣᠶᠤᠯ᠂ ᠬᠦᠮᠦᠨᠯᠢᠭ ᠦᠨ ᠴᠢᠭᠯᠡᠯ ᠢᠶᠡᠷ ᠬᠤᠪᠢ ᠨᠡᠮᠡᠷᠢ ᠪᠡᠨ ᠣᠷᠤᠭᠤᠯᠬᠤ ᠳᠤ ᠪᠡᠯᠡᠨ ᠪᠠᠢᠢᠨ᠎ᠠ᠃
ᠥᠩ᠋ᠭᠡᠷᠡᠭᠰᠡᠨ ᠣᠨ ᠳᠤ ᠠᠰᠲ᠋ᠠᠨᠠ ᠳᠤ «Silk way star» ᠣᠯᠠᠨ ᠤᠯᠤᠰ ᠤᠨ ᠱᠣᠸᠦ᠋ ᠳᠤ ᠮᠣᠩ᠋ᠭᠣᠯ ᠤᠨ ᠳᠠᠭᠤᠴᠢᠨ ᠢ᠊·ᠮᠢᠰᠢᠶᠡᠯ ᠲᠡᠷᠢᠭᠦᠨ ᠪᠠᠢᠢᠷᠢ ᠡᠵᠡᠯᠡᠭᠰᠡᠨ ᠨᠢ ᠪᠢᠳᠡᠨ ᠳᠥ ᠶᠡᠬᠡ ᠳᠣᠲᠤᠨᠤ ᠰᠠᠨᠠᠭᠳᠠᠭᠰᠠᠨ᠃ ᠮᠠᠨ ᠤ ᠠᠷᠠᠳ ᠲᠦᠮᠡᠨ ᠴᠦ ᠶᠡᠬᠡ ᠪᠠᠶᠠᠷᠯᠠᠭᠰᠠᠨ᠃
ᠡᠢᠢᠮᠦᠷᠬᠡᠦ ᠲᠥᠰᠦᠯ᠂ ᠬᠥᠲᠦᠯᠪᠦᠷᠢ ᠨᠤᠭᠦᠳ ᠪᠢᠳᠡᠨ ᠦ ᠣᠶᠤᠨ ᠰᠠᠨᠠᠭ᠎ᠠ᠂ ᠰᠣᠶᠤᠯ᠂ ᠬᠦᠮᠦᠨᠯᠢᠭ ᠦᠨ ᠬᠠᠮᠲᠤ ᠢᠢᠨ ᠠᠵᠢᠯᠯᠠᠭ᠎ᠠ ᠢᠢ ᠤᠯᠠᠮ ᠬᠥᠭ᠍ᠵᠢᠭᠦᠯᠬᠦ ᠳᠥ ᠴᠢᠬᠤᠯᠠ ᠲᠦᠯᠬᠢᠴᠡ ᠪᠣᠯᠤᠨ᠎ᠠ᠃
ᠮᠠᠨ ᠤ ᠤᠯᠤᠰ ᠵᠢᠯ ᠪᠦᠷᠢ ᠮᠣᠩ᠋ᠭᠣᠯ ᠤᠨ ᠣᠶᠤᠲᠠᠨ ᠵᠠᠯᠠᠭᠤᠰ ᠢ ᠲᠡᠳᠬᠦᠯᠭᠡᠲᠦ ᠬᠥᠲᠦᠯᠪᠦᠷᠢ ᠳᠥ ᠬᠠᠮᠤᠷᠤᠭᠤᠯᠳᠠᠭ᠃ ᠴᠢᠨᠠᠭᠰᠢᠳᠠ ᠪᠢᠳᠡ ᠣᠶᠤᠲᠠᠨ ᠤ ᠲᠣᠭ᠎ᠠ ᠢᠢ ᠨᠡᠮᠡᠵᠦ᠂ ᠮᠣᠩ᠋ᠭᠣᠯ ᠤᠯᠤᠰ ᠲᠤ ᠱᠠᠭᠠᠷᠳᠠᠯᠭ᠎ᠠ ᠲᠠᠢ ᠪᠣᠯᠪᠠᠰᠤᠨ ᠬᠦᠴᠦᠨ ᠢ ᠪᠡᠯᠡᠳᠬᠡᠬᠦ ᠳᠥ ᠪᠡᠯᠡᠨ᠃ ᠡᠨᠡ ᠵᠢᠯ ᠪᠣᠯᠪᠠᠰᠤᠷᠠᠯ ᠤᠨ ᠦᠵᠡᠰᠬᠦᠯᠡᠩ ᠵᠣᠬᠢᠶᠠᠨ ᠪᠠᠢᠢᠭᠤᠯᠬᠤ ᠪᠠᠷ ᠲᠥᠯᠦᠪᠯᠡᠵᠦ ᠪᠠᠢᠢᠨ᠎ᠠ᠃ ᠮᠥᠨ ᠻᠠᠽᠠᠻᠰᠲ᠋ᠠᠨ ᠤ ᠶᠡᠬᠡ ᠰᠤᠷᠭᠠᠭᠤᠯᠢ ᠢᠢᠨ ᠰᠠᠯᠪᠤᠷᠢ ᠢᠢ ᠮᠣᠩ᠋ᠭᠣᠯ ᠳᠤ ᠨᠡᠭᠡᠭᠡᠬᠦ ᠰᠠᠨᠠᠯ ᠳᠡᠪᠰᠢᠭᠦᠯᠦᠯ᠎ᠡ᠃
ᠪᠢᠳᠡ ᠬᠣᠲᠠ ᠪᠠᠢᠢᠭᠤᠯᠤᠯᠲᠠ ᠢᠢᠨ ᠴᠢᠭᠯᠡᠯ ᠢᠶᠡᠷ ᠬᠠᠮᠲᠤᠷᠠᠨ ᠠᠵᠢᠯᠯᠠᠬᠤ ᠪᠣᠯᠤᠭᠰᠠᠨ ᠤ ᠳᠡᠭᠡᠷ᠎ᠡ ᠬᠣᠶᠠᠷ ᠣᠷᠤᠨ ᠤ ᠬᠣᠲᠠ ᠨᠤᠭᠤᠳ ᠠᠬ᠎ᠠ ᠳᠡᠭᠦᠦ ᠢᠢᠨ ᠬᠠᠷᠢᠯᠴᠠᠭ᠎ᠠ ᠲᠣᠭᠲᠠᠭᠠᠯ᠎ᠠ᠃ ᠡᠨᠡ ᠨᠢ ᠪᠢᠳᠡᠨ ᠦ ᠨᠥᠬᠦᠷᠰᠦᠭ ᠬᠠᠮᠲᠤ ᠢᠢᠨ ᠠᠵᠢᠯᠯᠠᠭ᠎ᠠ ᠢᠢ ᠪᠡᠬᠢᠵᠢᠭᠦᠯᠬᠦ ᠰᠢᠨ᠎ᠡ ᠵᠠᠮ᠂ ᠭᠦᠭᠦᠷᠭᠡ ᠪᠠᠢᠢᠬᠤ ᠪᠣᠯᠤᠨ᠎ᠠ᠃
ᠶᠡᠷᠦᠩᠬᠡᠢᠢᠯᠡᠭᠴᠢ ᠤ·ᠬᠦᠷᠡᠯᠰᠦ᠋ᠬᠡ ᠢᠢᠨ ᠲᠥᠷᠦ ᠢᠢᠨ ᠠᠢᠢᠯᠴᠢᠯᠠᠯ ᠮᠠᠰᠢ ᠦᠷ᠎ᠡ ᠳ᠋ᠦᠩ ᠲᠡᠶ ᠪᠣᠯᠵᠤ ᠪᠠᠢᠢᠨ᠎ᠠ᠃ ᠪᠦᠰᠡ ᠨᠤᠲᠤᠭ ᠪᠣᠯᠤᠨ ᠣᠯᠠᠨ ᠤᠯᠤᠰ ᠤᠨ ᠲᠥᠪᠰᠢᠨ ᠳᠥ ᠪᠢᠳᠡ ᠪᠠᠢᠢᠷᠢ ᠰᠠᠭᠤᠷᠢ ᠨᠢᠭᠡ ᠲᠡᠶ ᠭᠡᠳᠡᠭ ᠢᠶᠡᠨ ᠨᠤᠲᠠᠯᠠᠯ᠎ᠠ᠃ ᠪᠢᠳᠡ ᠮᠣᠩ᠋ᠭᠣᠯ ᠤᠯᠤᠰ ᠲᠠᠢ ᠬᠠᠷᠢᠯᠴᠠᠬᠤ ᠬᠠᠷᠢᠯᠴᠠᠭᠠᠨ ᠳᠤ ᠪᠠᠨ ᠴᠢᠬᠤᠯᠠ ᠠᠴᠢ ᠬᠣᠯᠪᠤᠭᠳᠠᠯ ᠥᠭᠴᠦ ᠪᠠᠢᠢᠨ᠎ᠠ᠃
ᠡᠷᠬᠢᠮᠰᠦᠭ ᠨᠣᠶᠠᠨ ᠶᠡᠷᠦᠩᠬᠡᠢᠢᠯᠡᠭᠴᠢ ᠲᠠᠨ ᠳᠤ ᠪᠣᠯᠤᠨ ᠮᠣᠩ᠋ᠭᠣᠯ ᠤᠨ ᠠᠷᠠᠳ ᠢᠷᠭᠡᠳ ᠲᠥ ᠠᠮᠵᠢᠯᠲᠠ ᠬᠦᠰᠡᠨ ᠢᠷᠦᠭᠡᠵᠦ᠂ ᠰᠠᠢᠢᠨ ᠰᠠᠢᠢᠬᠠᠨ ᠪᠦᠬᠦᠨ ᠢ ᠢᠷᠦᠭᠡᠶ ᠡ᠃
ᠪᠢᠳᠡᠨ ᠦ ᠨᠠᠢᠢᠷᠠᠮᠳᠠᠯ ᠨᠥᠬᠦᠷᠯᠡᠯ ᠪᠠᠲᠤ ᠪᠥᠬᠡ ᠪᠠᠢᠢᠬᠤ ᠪᠣᠯᠲᠤᠭᠠᠶ᠃ ᠪᠠᠶᠠᠷᠯᠠᠯ᠎ᠠ᠃


