Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ «ᠤᠰᠤ᠂ ᠪᠡᠯᠴᠢᠭᠡᠷ ᠦᠨ ᠭᠠᠵᠠᠷ ᠤᠨ ᠮᠧᠨᠧᠵᠮᠧᠨ᠌ᠲ᠂ ᠪᠠᠢᠢᠭᠠᠯᠢ ᠳᠤ ᠰᠠᠭᠤᠷᠢᠯᠠᠭᠰᠠᠨ ᠰᠢᠢᠳᠦᠯ» ᠭᠡᠰᠡᠨ ᠭᠤᠷᠪᠠᠨ ᠰᠠᠨᠠᠭᠠᠴᠢᠯᠠᠭ᠎ᠠ ᠳᠡᠪᠰᠢᠭᠦᠯᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠻᠠᠽᠠᠻᠰᠲ᠋ᠠᠨ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠤᠨ ᠢᠶᠠᠨ ᠬᠦᠷᠢᠶᠡᠨ ᠳᠥ ᠠᠰᠲ᠋ᠠᠨᠠ ᠬᠣᠲᠠᠨ᠎ᠠ ᠪᠣᠯᠵᠤ ᠪᠤᠢ ᠡᠻᠣᠯᠣᠭᠢ ᠢᠢᠨ ᠠᠰᠠᠭᠤᠳᠠᠯ ᠢᠶᠠᠷ ᠬᠢ ᠪᠦᠰᠡ ᠨᠤᠲᠤᠭ ᠤᠨ ᠳᠡᠭᠡᠳᠦ ᠲᠥᠪᠰᠢᠨ ᠦ ᠠᠭᠤᠯᠵᠠᠯᠲᠠ ᠢᠢᠨ ᠨᠡᠭᠡᠭᠡᠯᠲᠡ ᠳᠥ ᠣᠷᠤᠯᠴᠠᠯ᠎ᠠ᠃

ᠮᠠᠨ ᠤ ᠤᠯᠤᠰ ᠡᠨᠡ ᠠᠭᠤᠯᠵᠠᠯᠲᠠ ᠳᠤ «ᠤᠰᠤ᠂ ᠪᠡᠯᠴᠢᠭᠡᠷ ᠦᠨ ᠭᠠᠵᠠᠷ ᠤᠨ ᠮᠧᠨᠧᠵᠮᠧᠨ᠋ᠲ᠂ ᠪᠠᠢᠢᠭᠠᠯᠢ ᠳᠤ ᠰᠠᠭᠤᠷᠢᠯᠠᠭᠰᠠᠨ ᠰᠢᠢᠳᠦᠯ» ᠭᠡᠰᠡᠨ ᠭᠤᠷᠪᠠᠨ ᠰᠠᠨᠠᠭᠠᠴᠢᠯᠠᠭ᠎ᠠ ᠳᠡᠪᠰᠢᠭᠦᠯᠦᠨ ᠣᠷᠤᠯᠴᠠᠵᠤ ᠪᠠᠢᠢᠨ᠎ᠠ᠃

ᠣᠷᠤᠯᠴᠠᠭᠴᠢ ᠲᠠᠯ᠎ᠠ ᠨᠤᠭᠤᠳ ᠡᠨᠡ ᠠᠭᠤᠯᠵᠠᠯᠲᠠ ᠪᠠᠷ:

• ᠠᠭᠤᠷ ᠠᠮᠢᠰᠬᠤᠯ ᠤᠨ ᠰᠢᠯᠵᠢᠯᠲᠡ ᠢᠢ ᠳᠡᠮᠵᠢᠬᠦ᠂

• ᠪᠠᠢᠢᠭᠠᠯᠢ᠂ ᠴᠠᠭ ᠠᠭᠤᠷ ᠤᠨ ᠡᠷᠦᠰᠳᠡᠯ ᠳᠥ ᠳᠠᠰᠤᠨ ᠵᠣᠬᠢᠴᠠᠬᠤ᠂ ᠡᠳ᠋ ᠦᠨ ᠵᠠᠰᠠᠭ ᠤᠨ ᠤᠶᠠᠨ ᠬᠠᠲᠠᠨ ᠪᠠᠢᠢᠳᠠᠯ᠂

• ᠪᠦᠰᠡ ᠨᠤᠲᠤᠭ ᠤᠨ ᠡᠻᠣᠰᠢᠰᠲ᠋ᠧᠮ ᠪᠠ ᠬᠦᠨᠡᠰᠦᠨ ᠦ ᠠᠶᠤᠯ ᠦᠭᠡᠢ ᠪᠠᠢᠢᠳᠠᠯ᠂

• ᠪᠠᠢᠢᠭᠠᠯᠢ ᠢᠢᠨ ᠨᠥᠭᠡᠴᠡ ᠢᠢᠨ ᠲᠣᠭᠲᠠᠪᠤᠷᠢᠲᠠᠶ ᠮᠧᠨᠧᠵᠮᠧᠨ᠋ᠲ᠂

• ᠠᠭᠠᠷ ᠤᠨ ᠪᠣᠬᠢᠷᠳᠠᠯ᠂ ᠬᠣᠭ ᠬᠠᠶᠠᠭᠳᠠᠯ ᠤᠨ ᠮᠧᠨᠧᠵᠮᠧᠨ᠋ᠲ᠂

• ᠪᠠᠢᠢᠭᠠᠯᠢ ᠣᠷᠴᠢᠨ ᠤ ᠵᠣᠷᠢᠯᠲᠠ ᠨᠤᠭᠤᠳ ᠢ ᠬᠡᠷᠡᠭᠵᠢᠭᠦᠯᠬᠦ ᠮᠧᠬᠠᠨᠢᠰᠮ᠂

• ᠰᠢᠳᠤᠷᠭᠤ᠂ ᠬᠦᠷᠲᠡᠭᠡᠮᠵᠢᠲᠡᠶ ᠰᠢᠯᠵᠢᠯᠲᠡ᠂

• ᠪᠠᠢᠢᠭᠠᠯᠢ ᠣᠷᠴᠢᠨ ᠪᠠ ᠳ᠋ᠢᠵᠢᠲ᠋ᠠᠯ ᠰᠢᠯᠵᠢᠯᠲᠡ᠂ ᠴᠢᠳᠠᠮᠵᠢ ᠭᠡᠰᠡᠨ ᠲᠡᠷᠢᠭᠦᠯᠡᠬᠦ ᠨᠠᠢᠮᠠᠨ ᠰᠡᠳᠦᠪ ᠦᠨ ᠬᠦᠷᠢᠶᠡᠨ ᠳᠥ ᠶᠠᠷᠢᠯᠴᠠᠨ᠎ᠠ᠃

ᠲᠤᠬᠠᠢᠢᠯᠠᠪᠠᠯ᠂ ᠤᠰᠤᠨ ᠤ ᠨᠥᠭᠡᠴᠡ ᠢᠢᠨ ᠬᠣᠮᠰᠠᠳᠠᠯ᠂ ᠮᠥᠰᠦᠲᠦᠯ᠂ ᠮᠥᠰᠦᠨ ᠭᠣᠣᠯ ᠤᠨ ᠬᠠᠢᠢᠯᠠᠯᠲᠠ᠂ ᠴᠥᠯᠵᠢᠯᠲᠡ᠂ ᠠᠭᠠᠷ ᠤᠨ ᠪᠣᠬᠢᠷᠳᠠᠯ ᠵᠡᠷᠭᠡ ᠢᠢᠨ ᠡᠰᠡᠷᠭᠦ ᠬᠠᠮᠲᠤ ᠢᠢᠨ ᠬᠠᠷᠢᠭᠤ ᠠᠷᠭ᠎ᠠ ᠬᠡᠮᠵᠢᠶ᠎ᠡ ᠠᠪᠬᠤ ᠪᠣᠳᠤᠯᠭ᠎ᠠ᠂ ᠰᠲ᠋ᠷᠠᠲ᠋ᠧᠭᠢ ᠪᠠᠨ ᠲᠣᠳᠤᠷᠬᠠᠢᠢᠯᠠᠵᠤ᠂ ᠨᠢᠭᠡᠳᠦᠭᠰᠡᠨ ᠰᠢᠢᠳᠦᠯ ᠭᠠᠷᠭᠠᠬᠤ ᠶᠤᠮ᠃

ᠮᠥᠨ ᠲᠥᠷᠦ᠂ ᠬᠤᠪᠢ ᠢᠢᠨ ᠬᠡᠪᠰᠢᠯ᠂ ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠤᠨ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠬᠦ᠂ ᠨᠣᠭᠤᠭᠠᠨ ᠰᠠᠩᠬᠦᠵᠢᠯᠲᠡ᠂ ᠨᠣᠭᠤᠭᠠᠨ ᠲᠧᠺᠨᠣᠯᠤᠭᠢ᠂ ᠲᠣᠭᠲᠠᠪᠤᠷᠢᠲᠠᠶ ᠬᠥᠷᠦᠩ᠋ᠭᠡ ᠣᠷᠤᠭᠤᠯᠤᠯᠲᠠ ᠢᠢ ᠳᠡᠮᠵᠢᠬᠦ ᠲᠠᠯ᠎ᠠ ᠪᠠᠷ ᠬᠡᠯᠡᠯᠴᠡᠨ᠎ᠡ᠃

ᠶᠡᠷᠦᠩᠬᠡᠢᠢᠯᠡᠭᠴᠢ ᠤ·ᠬᠦᠷᠡᠯᠰᠦ᠋ᠬᠡ ᠠᠭᠤᠯᠵᠠᠯᠲᠠ ᠢᠢᠨ ᠨᠡᠭᠡᠭᠡᠯᠲᠡ ᠳᠥ ᠣᠷᠤᠯᠴᠠᠨ ᠤᠯᠤᠰ ᠤᠨ ᠢᠶᠠᠨ ᠪᠠᠢᠢᠷᠢ ᠰᠠᠭᠤᠷᠢ ᠢᠢ ᠢᠯᠡᠷᠬᠡᠢᠢᠯᠡᠯ᠎ᠡ᠃

ᠲᠡᠷᠡ ᠪᠡᠷ᠂ ᠳᠡᠭᠡᠳᠦ ᠲᠥᠪᠰᠢᠨ ᠦ ᠠᠭᠤᠯᠵᠠᠯᠲᠠ ᠢᠢ ᠵᠣᠬᠢᠶᠠᠨ ᠪᠠᠢᠢᠭᠤᠯᠵᠤ ᠪᠤᠢ ᠶᠡᠷᠦᠩᠬᠡᠢᠢᠯᠡᠭᠴᠢ ᠻᠠ᠊·ᠲᠣᠻᠠᠶᠧᠸ ᠳᠤ ᠲᠠᠯᠠᠷᠬᠠᠯ ᠢᠯᠡᠷᠬᠡᠢᠢᠯᠡᠵᠦ᠂ ᠡᠨᠡ ᠠᠭᠤᠯᠵᠠᠯᠲᠠ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ᠂ ᠤᠰᠤᠨ ᠤ ᠨᠥᠭᠡᠴᠡ ᠢᠢᠨ ᠬᠣᠮᠰᠠᠳᠠᠯ ᠵᠡᠷᠭᠡ ᠳᠡᠯᠡᠬᠡᠢ ᠨᠡᠢᠢᠲᠡ ᠢᠢ ᠬᠠᠮᠤᠷᠤᠭᠰᠠᠨ ᠰᠣᠷᠢᠯᠲᠠ ᠢᠢ ᠬᠠᠮᠲᠤ ᠢᠢᠨ ᠬᠦᠴᠦ ᠪᠡᠷ ᠳᠠᠪᠠᠨ ᠲᠤᠭᠤᠯᠬᠤ ᠳᠤ ᠴᠢᠬᠤᠯᠠ ᠬᠤᠪᠢ ᠨᠡᠮᠡᠷᠢ ᠣᠷᠤᠭᠤᠯᠤᠨ᠎ᠠ ᠭᠡᠳᠡᠭ ᠢ ᠬᠡᠯᠡᠯ᠎ᠡ᠃

ᠲᠣᠭᠲᠠᠪᠤᠷᠢᠲᠠᠶ ᠬᠥᠭ᠍ᠵᠢᠯ ᠦᠨ ᠵᠣᠷᠢᠯᠲᠠ ᠨᠤᠭᠤᠳ ᠤᠨ ᠬᠡᠷᠡᠭᠵᠢᠯᠲᠡ ᠳᠡᠯᠡᠬᠡᠢ ᠢᠢᠨ ᠬᠡᠮᠵᠢᠶᠡᠨ ᠳᠥ ᠬᠠᠩ᠋ᠭᠠᠯᠲᠠ ᠦᠭᠡᠢ ᠪᠠᠢᠢᠭ᠎ᠠ ᠡᠨᠡ ᠦᠶ᠎ᠡ ᠳᠥ ᠮᠣᠩ᠋ᠭᠣᠯ ᠤᠯᠤᠰ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠥᠷᠨᠢᠭᠦᠯᠦᠨ᠂ ᠭᠠᠵᠠᠷ ᠤᠨ ᠳᠣᠷᠤᠢᠢᠲᠠᠯ ᠢ ᠪᠠᠭᠤᠷᠠᠭᠤᠯᠬᠤ᠂ ᠣᠢ ᠢᠢ ᠨᠥᠬᠦᠨ ᠰᠡᠷᠭᠦᠭᠡᠬᠦ ᠢᠢᠨ ᠲᠥᠯᠦᠭᠡ ᠢᠳᠡᠪᠬᠢᠲᠡᠢ ᠠᠵᠢᠯᠯᠠᠵᠤ ᠪᠠᠢᠢᠭ᠎ᠠ ᠢᠢ ᠲᠡᠮᠳᠡᠭᠯᠡᠯ᠎ᠡ᠃

ᠮᠠᠨ ᠤ ᠤᠯᠤᠰ ᠤᠨ ᠰᠠᠨᠠᠭᠠᠴᠢᠯᠠᠭᠰᠠᠨ «ᠪᠡᠯᠴᠢᠭᠡᠷ ᠪᠠ ᠨᠡᠭᠦᠳᠡᠯ ᠦᠨ ᠮᠠᠯ ᠠᠵᠤ ᠠᠬᠤᠢ ᠡᠷᠬᠢᠯᠡᠭᠴᠢᠳ ᠦᠨ ᠣᠯᠠᠨ ᠤᠯᠤᠰ ᠤᠨ ᠵᠢᠯ» ᠤᠨ ᠬᠦᠷᠢᠶᠡᠨ ᠳᠥ ᠡᠨᠡ ᠰᠠᠯᠪᠤᠷᠢ ᠢᠢᠨ ᠬᠢᠨ ᠤ ᠦᠨᠡᠯᠡᠮᠵᠢ ᠢᠢ ᠳᠡᠭᠡᠭ᠍ᠰᠢᠯᠠᠭᠦᠯᠬᠦ᠂ ᠪᠡᠯᠴᠢᠭᠡᠷ ᠦᠨ ᠲᠣᠭᠲᠠᠪᠤᠷᠢᠲᠠᠶ ᠮᠧᠨᠧᠵᠮᠧᠨ᠋ᠲ᠂ ᠨᠥᠬᠦᠨ ᠰᠡᠷᠭᠦᠭᠡᠯᠲᠡ᠂ ᠬᠥᠷᠦᠩ᠋ᠭᠡ ᠣᠷᠤᠭᠤᠯᠤᠯᠲᠠ᠂ ᠬᠦᠨᠡᠰᠦᠨ ᠦ ᠠᠶᠤᠯ ᠦᠭᠡᠢ ᠪᠠᠢᠢᠳᠠᠯ ᠵᠡᠷᠭᠡ ᠴᠢᠭᠯᠡᠯ ᠢᠶᠡᠷ ᠬᠠᠮᠲᠤᠷᠠᠨ ᠠᠵᠢᠯᠯᠠᠬᠤ ᠢᠢ ᠤᠷᠢᠶᠠᠯᠠᠯ᠎ᠠ᠃

ᠮᠣᠩ᠋ᠭᠣᠯ ᠤᠯᠤᠰ ᠡᠨᠡ ᠠᠭᠤᠯᠵᠠᠯᠲᠠ ᠠᠴᠠ ᠭᠠᠷᠬᠤ ᠰᠠᠨᠠᠯ᠂ ᠰᠠᠨᠠᠭᠠᠴᠢᠯᠠᠭ᠎ᠠ᠂ ᠵᠥᠪᠯᠡᠮᠵᠢ ᠢᠢ ᠠᠵᠢᠯ ᠬᠡᠷᠡᠭ ᠪᠣᠯᠭᠠᠬᠤ ᠢᠢᠨ ᠲᠥᠯᠦᠭᠡ ᠪᠦᠬᠦ ᠲᠠᠯ᠎ᠠ ᠪᠠᠷ ᠬᠠᠮᠲᠤᠷᠠᠨ ᠠᠵᠢᠯᠯᠠᠨ᠎ᠠ ᠭᠡᠳᠡᠭ ᠢᠶᠡᠨ ᠢᠯᠡᠷᠬᠡᠢᠢᠯᠡᠯ᠎ᠡ᠃

ᠶᠡᠷᠦᠩᠬᠡᠢᠢᠯᠡᠭᠴᠢ ᠮᠥᠨ ᠢᠷᠡᠬᠦ ᠨᠠᠢᠮᠠᠳ᠋ᠤᠭᠠᠷ ᠰᠠᠷ᠎ᠠ ᠳᠤ ᠤᠯᠠᠭᠠᠨᠪᠠᠭᠠᠲᠤᠷ ᠬᠣᠲᠠᠨ᠎ᠠ «ᠡᠬᠡ ᠪᠠᠢᠢᠭᠠᠯᠢ ᠪᠠᠨ ᠰᠡᠷᠭᠦᠭᠡᠶ ᠡ᠂ ᠢᠲᠡᠭᠡᠯ ᠨᠠᠢᠢᠳᠠᠪᠤᠷᠢ ᠪᠠᠨ ᠪᠠᠳᠠᠷᠠᠭᠠᠶ ᠠ» ᠤᠷᠢᠶᠠᠨ ᠳᠣᠣᠷ᠎ᠠ ᠪᠣᠯᠬᠤ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠴᠥᠯᠵᠢᠯᠲᠡ ᠲᠡᠶ ᠲᠡᠮᠡᠴᠡᠬᠦ ᠲᠤᠬᠠᠢ ᠻᠣᠨ᠋ᠸᠧᠨ᠋ᠼᠢ ᠢᠢᠨ ᠲᠠᠯ᠎ᠠ ᠨᠤᠭᠤᠳ ᠤᠨ ᠑᠗ ᠳ᠋ᠤᠭᠠᠷ ᠪᠠᠭ᠎ᠠ ᠬᠤᠷᠠᠯ ᠳᠤ ᠢᠳᠡᠪᠬᠢᠲᠡᠢ ᠣᠷᠤᠯᠴᠠᠬᠤ ᠢᠢ ᠤᠯᠤᠰ ᠣᠷᠤᠨ ᠨᠤᠭᠤᠳ ᠲᠤ ᠤᠷᠢᠶᠠᠯᠠᠯ᠎ᠠ᠃

ᠮᠥᠨ ᠑᠐ ᠳ᠋ᠤᠭᠠᠷ ᠰᠠᠷ᠎ᠠ ᠳᠤ ᠵᠣᠬᠢᠶᠠᠨ ᠪᠠᠢᠢᠭᠤᠯᠬᠤ ᠳᠡᠯᠡᠬᠡᠢ ᠢᠢᠨ ᠡᠮᠡᠭᠲᠡᠢ ᠫᠠᠷᠯᠠᠮᠧᠨ᠋ᠲ᠋ᠴᠢᠳ ᠤᠨ ᠴᠢᠭᠤᠯᠭ᠎ᠠ ᠠᠭᠤᠯᠵᠠᠯᠲᠠ ᠳᠤ ᠲᠥᠯᠦᠭᠡᠯᠡᠭᠴᠢᠳ ᠢᠶᠡᠨ ᠣᠷᠤᠯᠴᠠᠭᠤᠯᠬᠤ ᠢᠢ ᠤᠷᠢᠯ᠎ᠠ᠃

ᠻᠠᠽᠠᠻᠰᠲ᠋ᠠᠨ ᠤ ᠶᠡᠷᠦᠩᠬᠡᠢᠢᠯᠡᠭᠴᠢ ᠻᠠ᠊·ᠲᠣᠻᠠᠶᠧᠸ ᠒᠐᠒᠓ ᠣᠨ ᠳᠤ ᠪᠣᠯᠤᠭᠰᠠᠨ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠢ ᠠᠰᠰᠠᠮᠪᠯᠧᠢ ᠢᠢᠨ ᠗᠘ ᠳ᠋ᠤᠭᠠᠷ ᠬᠤᠷᠠᠯᠳᠤᠭᠠᠨ ᠳᠤ ᠣᠷᠤᠯᠴᠠᠬᠤ ᠳᠤ ᠪᠠᠨ᠂ ᠒᠐᠒᠖ ᠣᠨ ᠳᠤ ᠡᠬᠡ ᠣᠷᠤᠨ ᠳᠤ ᠪᠠᠨ ᠡᠻᠣᠯᠣᠭᠢ ᠢᠢᠨ ᠠᠰᠠᠭᠤᠳᠠᠯ ᠢᠶᠠᠷ ᠬᠢ ᠪᠦᠰᠡ ᠨᠤᠲᠤᠭ ᠤᠨ ᠳᠡᠭᠡᠳᠦ ᠲᠥᠪᠰᠢᠨ ᠦ ᠠᠭᠤᠯᠵᠠᠯᠲᠠ ᠵᠣᠬᠢᠶᠠᠨ ᠪᠠᠢᠢᠭᠤᠯᠬᠤ ᠪᠠᠷ ᠲᠥᠯᠦᠪᠯᠡᠭᠰᠡᠨ ᠢᠶᠡᠨ ᠵᠠᠷᠯᠠᠭᠰᠠᠨ ᠶᠤᠮ᠃

ᠡᠨᠡ ᠤᠳᠠᠭ᠎ᠠ ᠻᠠᠽᠠᠻᠰᠲ᠋ᠠᠨ᠂ ᠮᠣᠩ᠋ᠭᠣᠯ᠂ ᠻᠢᠷᠭᠢᠽ᠂ ᠲ᠋ᠠᠵᠢᠻᠢᠰᠲ᠋ᠠᠨ᠂ ᠲᠦᠷᠻᠮᠧᠨᠢᠰᠲ᠋ᠠᠨ᠂ ᠦᠽᠪᠧᠻᠢᠰᠲ᠋ᠠᠨ᠂ ᠠᠽᠧᠷᠪᠠᠢᠢᠵᠠᠨ᠂ ᠠᠷᠮᠧᠨᠢᠶ᠎ᠠ᠂ ᠭᠦᠷᠵᠢ᠂ ᠣᠷᠤᠰ᠂ ᠬᠢᠲᠠᠳ᠂ ᠢᠲ᠋ᠠᠯᠢ᠂ ᠭᠧᠷᠮᠠᠨ᠂ ᠶᠠᠫᠣᠨ ᠵᠡᠷᠭᠡ ᠤᠯᠤᠰ ᠤᠨ ᠲᠥᠷᠦ᠂ ᠵᠠᠰᠠᠭ ᠤᠨ ᠲᠡᠷᠢᠭᠦᠨ᠂ ᠥᠨᠳᠦᠷ ᠠᠯᠪᠠᠨ ᠲᠤᠰᠢᠶᠠᠯᠲᠠᠨ᠂ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ᠂ ᠣᠯᠠᠨ ᠤᠯᠤᠰ ᠤᠨ ᠪᠠᠢᠢᠭᠤᠯᠤᠯᠭ᠎ᠠ᠂ ᠪᠠᠩᠻᠢ᠂ ᠰᠠᠩᠬᠦᠦ᠂ ᠲᠡᠭᠦᠨ ᠦ ᠳᠣᠲᠤᠷ᠎ᠠ ᠠᠽᠢ ᠢᠢᠨ ᠬᠥᠭ᠍ᠵᠢᠯ ᠦᠨ ᠪᠠᠩᠻᠢ᠂ ᠳᠡᠯᠡᠬᠡᠢ ᠢᠢᠨ ᠪᠠᠩᠻᠢ᠂ ᠬᠣᠯᠪᠤᠭᠳᠠᠬᠤ ᠰᠠᠯᠪᠤᠷᠢ ᠨᠤᠭᠤᠳ ᠤᠨ ᠡᠷᠳᠡᠮᠲᠡᠨ ᠰᠤᠳᠤᠯᠤᠭᠠᠴᠢ᠂ ᠢᠷᠭᠡᠨ ᠦ ᠨᠡᠢᠢᠭᠡᠮ᠂ ᠪᠢᠽᠢᠨᠧᠰ᠂ ᠬᠡᠪᠯᠡᠯ ᠮᠡᠳᠡᠭᠡᠯᠡᠯ ᠭᠡᠳ ᠑᠂᠕᠐᠐ ᠣᠷᠴᠢᠮ ᠲᠥᠯᠦᠭᠡᠯᠡᠯ ᠬᠦᠷᠦᠯᠴᠡᠨ ᠢᠷᠡᠵᠡᠶ᠃

ᠠᠭᠤᠯᠵᠠᠯᠲᠠ ᠳᠤ ᠣᠷᠤᠯᠴᠠᠭᠴᠢ ᠲᠠᠯ᠎ᠠ ᠨᠤᠭᠤᠳ ᠬᠠᠮᠲᠤᠷᠠᠭᠰᠠᠨ ᠮᠡᠳᠡᠭᠳᠡᠯ᠂ ᠲᠤᠩᠬᠠᠭᠯᠠᠯ᠂ ᠬᠡᠯᠡᠯᠴᠡᠭᠡᠷ᠂ ᠰᠠᠨᠠᠭᠠᠴᠢᠯᠠᠭ᠎ᠠ᠂ ᠬᠥᠷᠦᠩ᠋ᠭᠡ ᠣᠷᠤᠭᠤᠯᠤᠯᠲᠠ ᠢᠢᠨ ᠲᠥᠰᠦᠯ᠂ ᠬᠥᠲᠦᠯᠪᠦᠷᠢ ᠵᠡᠷᠭᠡ ᠬᠠᠮᠲᠤ ᠢᠢᠨ ᠠᠵᠢᠯᠯᠠᠭᠠᠨ ᠤ ᠕᠐ ᠭᠠᠷᠤᠢ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠬᠤ ᠲᠥᠯᠦᠪ ᠲᠡᠶ ᠪᠠᠢᠢᠨ᠎ᠠ᠃