ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠠᠨ-ᠠᠭᠤᠯᠠ ᠳᠡᠭᠦᠷᠭᠡ ᠢᠢᠨ ᠢᠷᠭᠡᠳ ᠲᠡᠶ ᠠᠭᠤᠯᠵᠠᠵᠤ᠂ ᠥᠩ᠋ᠭᠡᠷᠡᠭᠰᠡᠨ ᠬᠤᠭᠤᠴᠠᠭᠠᠨ ᠳᠤ ᠬᠢᠭ᠍ᠰᠡᠨ ᠠᠵᠢᠯ᠂ «ᠬᠦᠨᠡᠰᠦᠨ ᠦ ᠬᠤᠪᠢᠰᠬᠠᠯ»᠂ «ᠴᠠᠭᠠᠨ ᠠᠯᠲᠠ»᠂ «ᠲᠡᠷᠪᠤᠮ ᠮᠣᠳᠤ»᠂ «ᠡᠷᠡᠭᠦᠯ ᠮᠣᠩ᠋ᠭᠤᠯ ᠬᠦᠮᠦᠨ»᠂ «ᠢᠯᠡᠭᠡᠯᠲᠡ-᠒᠑᠐᠐» ᠵᠡᠷᠭᠡ ᠦᠨᠳᠦᠰᠦᠨ ᠦ ᠬᠥᠳᠡᠯᠭᠡᠭᠡᠨ᠂ ᠬᠥᠲᠦᠯᠪᠦᠷᠢ ᠢᠢᠨ ᠬᠡᠷᠡᠭᠵᠢᠯᠲᠡ᠂ ᠭᠠᠳᠠᠭᠠᠳᠤ ᠬᠠᠷᠢᠯᠴᠠᠭᠠᠨ ᠤ ᠰᠡᠷᠭᠦᠯᠲᠡ᠂ ᠨᠡᠢᠢᠭᠡᠮ᠂ ᠡᠳ᠋ ᠦᠨ ᠵᠠᠰᠠᠭ ᠤᠨ ᠪᠠᠢᠢᠳᠠᠯ ᠵᠡᠷᠭᠡ ᠢᠢᠨ ᠲᠠᠯ᠎ᠠ ᠪᠠᠷ ᠲᠣᠪᠴᠢ ᠲᠠᠨᠢᠯᠴᠠᠭᠤᠯᠤᠯ᠎ᠠ᠃
ᠳᠡᠭᠦᠷᠭᠡ ᠢᠢᠨ ᠲᠥᠷᠦ᠂ ᠵᠠᠬᠢᠷᠭ᠎ᠠ᠂ ᠬᠤᠪᠢ ᠢᠢᠨ ᠬᠡᠪᠰᠢᠯ᠂ ᠢᠷᠭᠡᠳ᠂ ᠢᠷᠭᠡᠨ ᠦ ᠨᠡᠢᠢᠭᠡᠮ ᠦᠨ ᠪᠠᠢᠢᠭᠤᠯᠤᠯᠭ᠎ᠠ ᠨᠤᠭᠤᠳ ᠲᠥᠷᠦ ᠢᠢᠨ ᠲᠡᠷᠢᠭᠦᠨ ᠦ ᠪᠣᠳᠤᠯᠭ᠎ᠠ᠂ ᠦᠢᠯᠡ ᠠᠵᠢᠯᠯᠠᠭ᠎ᠠ᠂ ᠰᠠᠨᠠᠭᠠᠴᠢᠯᠠᠭᠰᠠᠨ ᠬᠥᠳᠡᠯᠭᠡᠭᠡᠨ᠂ ᠬᠥᠲᠦᠯᠪᠦᠷᠢ ᠢᠢ ᠳᠡᠮᠵᠢᠨ᠂ ᠬᠤᠪᠢ ᠨᠡᠮᠡᠷᠢ ᠪᠡᠨ ᠣᠷᠤᠭᠤᠯᠵᠤ ᠪᠠᠢᠢᠭᠠᠳ ᠶᠡᠷᠦᠩᠬᠡᠢᠢᠯᠡᠭᠴᠢ ᠲᠠᠯᠠᠷᠬᠠᠯ ᠢᠯᠡᠷᠬᠡᠢᠢᠯᠡᠯ᠎ᠡ᠃
ᠴᠢᠨᠠᠭᠰᠢᠳᠠ ᠣᠯᠤᠯᠲᠠ ᠠᠮᠵᠢᠯᠲᠠ ᠪᠠᠨ ᠪᠠᠲᠤᠳᠬᠠᠬᠤ ᠢᠢᠨ ᠵᠡᠷᠭᠡᠴᠡᠭᠡ ᠪᠦᠬᠦ ᠱᠠᠲᠤᠨ ᠳᠤ ᠶᠣᠰᠤ ᠵᠦᠢ ᠲᠡᠶ᠂ ᠰᠠᠬᠢᠯᠭ᠎ᠠ᠂ ᠬᠠᠷᠢᠭᠤᠴᠠᠯᠭ᠎ᠠ᠂ ᠡᠪ ᠨᠢᠭᠡᠳᠦᠯ ᠲᠡᠶ ᠪᠠᠢᠢᠵᠤ᠂ ᠬᠦᠮᠦᠨ ᠪᠦᠷᠢ ᠠᠵᠢᠯ ᠬᠥᠳᠡᠯᠮᠦᠷᠢ ᠡᠷᠬᠢᠯᠡᠨ᠂ ᠡᠬᠡ ᠣᠷᠤᠨ ᠢᠶᠠᠨ ᠬᠥᠭ᠍ᠵᠢᠭᠦᠯᠬᠦ ᠢᠢᠨ ᠲᠥᠯᠦᠭᠡ ᠦᠨᠳᠦᠰᠦᠲᠡᠨ ᠢᠶᠡᠷ ᠢᠶᠡᠨ ᠬᠠᠮᠲᠤᠷᠠᠨ ᠵᠢᠳᠬᠦᠬᠦ ᠢᠢ ᠤᠷᠢᠶᠠᠯᠠᠯ᠎ᠠ᠃

ᠬᠠᠨ-ᠠᠭᠤᠯᠠ ᠳᠡᠭᠦᠷᠭᠡ ᠘᠒ ᠣᠷᠴᠢᠮ ᠮᠢᠩ᠋ᠭᠠᠨ ᠡᠷᠦᠬᠡ᠂ ᠓᠓᠐ ᠣᠷᠴᠢᠮ ᠮᠢᠩ᠋ᠭᠠᠨ ᠢᠷᠭᠡᠨ ᠲᠡᠶ᠂ ᠨᠡᠢᠢᠰᠯᠡᠯ ᠦᠨ ᠬᠦᠮᠦᠨ ᠠᠮᠠ ᠢᠢᠨ ᠑᠙·᠕ ᠬᠤᠪᠢ ᠨᠢ ᠣᠷᠤᠰᠢᠨ ᠰᠠᠭᠤᠳᠠᠭ ᠲᠣᠮᠣᠬᠠᠨ ᠳᠡᠭᠦᠷᠭᠡ ᠶᠤᠮ᠃
ᠳᠡᠭᠦᠷᠭᠡ «ᠠᠮᠢᠳᠤᠷᠠᠯ ᠤᠨ ᠴᠢᠨᠠᠷ ᠢᠶᠠᠷ ᠲᠡᠷᠢᠭᠦᠯᠡᠭᠴᠢ ᠧᠻᠣ ᠬᠣᠲᠠ» ᠪᠣᠯᠬᠤ ᠠᠯᠤᠰ ᠤᠨ ᠬᠠᠷᠠᠭᠠᠨ ᠤ ᠬᠦᠷᠢᠶᠡᠨ ᠳᠥ ᠨᠡᠢᠢᠭᠡᠮ ᠦᠨ ᠰᠠᠭᠤᠷᠢ ᠦᠢᠯᠡᠴᠢᠯᠡᠭᠡ ᠢᠢ ᠒᠐ ᠮᠢᠨᠦ᠋ᠲ ᠤᠨ ᠵᠠᠢ ᠳᠤ ᠲᠡᠭᠰᠢ᠂ ᠬᠦᠷᠲᠡᠭᠡᠮᠵᠢᠲᠡᠶ ᠬᠦᠷᠭᠡᠬᠦ ᠵᠣᠷᠢᠯᠲᠠ ᠳᠡᠪᠰᠢᠭᠦᠯᠦᠭᠰᠡᠨ ᠪᠠᠢᠢᠨ᠎ᠠ᠃
ᠡᠨᠡ ᠣᠨ ᠳᠤ ᠳᠡᠳ᠋ ᠪᠦᠲᠦᠴᠡ᠂ ᠨᠡᠢᠢᠭᠡᠮ ᠦᠨ ᠰᠠᠭᠤᠷᠢ ᠦᠢᠯᠡᠴᠢᠯᠡᠭᠡ᠂ ᠬᠦᠷᠲᠡᠭᠡᠮᠵᠢ ᠢᠢ ᠨᠡᠮᠡᠭᠳᠡᠭᠦᠯᠬᠦ ᠪᠡᠷ ᠤᠯᠤᠰ᠂ ᠨᠡᠢᠢᠰᠯᠡᠯ᠂ ᠳᠡᠭᠦᠷᠭᠡ ᠢᠢᠨ ᠲᠥᠰᠦᠪ ᠦᠨ ᠒᠖᠘ ᠲᠡᠷᠪᠤᠮ ᠭᠠᠷᠤᠢ ᠲᠥᠭᠦᠷᠢᠭ᠌ ᠦᠨ ᠬᠥᠷᠦᠩ᠋ᠭᠡ ᠣᠷᠤᠭᠤᠯᠤᠯᠲᠠ ᠪᠠᠷ ᠑᠙᠗ ᠲᠥᠰᠦᠯ᠂ ᠠᠷᠭ᠎ᠠ ᠬᠡᠮᠵᠢᠶ᠎ᠡ ᠬᠡᠷᠡᠭᠵᠢᠭᠦᠯᠵᠦ ᠪᠠᠢᠢᠨ᠎ᠠ᠃
ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ ᠦᠨᠳᠦᠰᠦᠨ ᠦ ᠬᠥᠳᠡᠯᠭᠡᠭᠡᠨ᠂ ᠬᠥᠲᠦᠯᠪᠦᠷᠢ ᠢᠢ ᠪᠣᠳᠠᠲᠤ ᠠᠵᠢᠯ ᠬᠡᠷᠡᠭ ᠪᠣᠯᠭᠠᠬᠤ ᠢᠢᠨ ᠲᠥᠯᠦᠭᠡ ᠲᠤᠭᠤᠰᠢᠲᠠᠢ ᠠᠵᠢᠯᠯᠠᠵᠤ ᠪᠠᠢᠢᠭ᠎ᠠ ᠢᠢ ᠵᠠᠰᠠᠭ ᠳᠠᠷᠤᠭ᠎ᠠ ᠪᠠ᠊·ᠴᠡᠷᠢᠩ ᠬᠡᠯᠡᠯ᠎ᠡ᠃
«ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠤᠯᠤᠰ ᠤᠨ ᠬᠡᠮᠵᠢᠶᠡᠨ ᠳᠥ ᠑᠑᠖ ᠰᠠᠶ᠎ᠠ ᠮᠣᠳᠤ ᠲᠠᠷᠢᠵᠤ᠂ ᠤᠷᠭᠤᠭᠤᠯᠤᠭᠠᠳ ᠪᠠᠢᠢᠨ᠎ᠠ᠃ ᠬᠠᠨ-ᠠᠭᠤᠯᠠ ᠳᠡᠭᠦᠷᠭᠡ ᠭᠡᠬᠦ ᠳᠥ ᠯᠠ ᠰᠡᠭᠦᠯ ᠦᠨ ᠲᠠᠪᠤᠨ ᠵᠢᠯ ᠳᠥ ᠨᠡᠢᠢᠲᠡ ᠢᠢᠨ ᠡᠵᠡᠮᠰᠢᠯ ᠦᠨ ᠵᠠᠮ᠂ ᠲᠠᠯᠠᠪᠠᠢ ᠳᠤ ᠗᠔᠐ ᠣᠷᠴᠢᠮ ᠮᠢᠩ᠋ᠭᠠᠨ ᠮᠣᠳᠤ ᠲᠠᠷᠢᠵᠤ ᠤᠷᠭᠤᠭᠤᠯᠤᠭᠰᠠᠨ᠃
ᠵᠠᠢᠢᠰᠠᠩ ᠤᠨ ᠠᠮᠠᠨ ᠤ ᠳᠤᠭᠤᠶ ᠴᠠᠭᠠᠨ᠂ ᠪᠤᠶᠠᠨᠲᠤᠬᠤᠸᠠ ᠨᠢᠰᠬᠦ ᠣᠩ᠋ᠭᠤᠴᠠᠨ ᠤ ᠪᠠᠭᠤᠳᠠᠯ ᠤᠨ ᠬᠣᠢᠢᠳᠤ ᠬᠡᠰᠡᠭ ᠲᠥ ᠴᠡᠴᠡᠷᠯᠢᠭᠲᠦ ᠬᠦᠷᠢᠶᠡᠯᠡᠩ ᠪᠠᠢᠢᠭᠤᠯᠵᠤ᠂ ᠨᠢᠭᠡ ᠬᠦᠮᠦᠨ ᠳᠥ ᠨᠣᠭᠳᠠᠬᠤ ᠨᠣᠭᠤᠭᠠᠨ ᠪᠠᠢᠢᠭᠤᠯᠤᠮᠵᠢ ᠢᠢᠨ ᠬᠡᠮᠵᠢᠶ᠎ᠡ ᠢᠢ ᠒·᠘ ᠮᠧ᠊·ᠻᠸ᠊ ᠢᠶᠠᠷ ᠨᠡᠮᠡᠵᠦ ᠴᠢᠳᠠᠵᠠᠶ᠃
«ᠶᠡᠷᠦᠩᠬᠡᠢᠢᠯᠡᠭᠴᠢ ᠢᠢᠨ ᠢᠯᠡᠭᠡᠯᠲᠡ ᠒᠑᠐᠐» ᠲᠡᠳᠬᠦᠯᠭᠡᠲᠦ ᠬᠥᠲᠦᠯᠪᠦᠷᠢ ᠢᠢᠨ ᠬᠦᠷᠢᠶᠡᠨ ᠳᠥ ᠒᠑ ᠤᠯᠤᠰ ᠲᠤ ᠑᠂᠐᠕᠕ ᠣᠶᠤᠲᠠᠨ ᠰᠤᠷᠤᠯᠴᠠᠵᠤ ᠪᠠᠢᠢᠭ᠎ᠠ ᠢᠢᠨ ᠔᠐ ᠭᠠᠷᠤᠢ ᠨᠢ ᠬᠠᠨ-ᠠᠭᠤᠯᠠ ᠳᠡᠭᠦᠷᠭᠡ ᠢᠢᠨ ᠬᠢ᠃
ᠲᠡᠳᠡᠨ ᠦ ᠨᠢᠭᠡ ᠪᠣᠯᠬᠤ ᠲ᠋᠊·ᠮᠥᠩ᠋ᠭᠦᠨᠵᠤᠯᠠ ᠪᠦᠭᠦᠳᠡ ᠨᠠᠢᠢᠷᠠᠮᠳᠠᠬᠤ ᠫᠣᠯᠠᠨ᠋ᠳ᠋ ᠤᠯᠤᠰ ᠲᠤ ᠰᠤᠷᠤᠯᠴᠠᠵᠤ ᠲᠡᠭᠦᠰᠦᠭᠡᠳ᠂ ᠣᠳᠤ ᠭᠠᠳᠠᠭᠠᠳᠤ ᠬᠠᠷᠢᠯᠴᠠᠭᠠᠨ ᠤ ᠶᠠᠮᠤᠨ ᠳᠤ ᠠᠵᠢᠯᠯᠠᠵᠤ ᠪᠠᠢᠢᠨ᠎ᠠ᠃
ᠪᠣᠯᠪᠠᠰᠤᠷᠠᠯ ᠳᠤ ᠵᠠᠷᠤᠴᠠᠭᠤᠯᠤᠭᠰᠠᠨ ᠬᠥᠷᠦᠩ᠋ᠭᠡ ᠡᠷᠭᠢᠭᠡᠳ ᠤᠯᠤᠰ᠂ ᠣᠷᠤᠨ ᠨᠤᠲᠤᠭ ᠤᠨ ᠬᠥᠭ᠍ᠵᠢᠯ ᠦᠨ ᠬᠥᠳᠡᠯᠭᠡᠭ᠍ᠴᠢ ᠬᠦᠴᠦ ᠪᠣᠯᠤᠨ᠎ᠠ ᠭᠡᠳᠡᠭ ᠢ ᠶᠡᠷᠦᠩᠬᠡᠢᠢᠯᠡᠭᠴᠢ ᠬᠡᠯᠡᠵᠦ᠂ ᠬᠡᠦᠬᠡᠳ ᠦᠳ ᠢᠶᠡᠨ ᠡᠷᠳᠡᠮ ᠨᠣᠮ ᠳᠤ ᠰᠢᠮᠳᠠᠭᠰᠠᠨ᠂ ᠬᠢᠴᠢᠶᠡᠯ ᠵᠢᠳᠬᠦᠯ ᠲᠡᠶ ᠪᠣᠯᠭᠠᠨ ᠬᠦᠮᠦᠵᠢᠭᠦᠯᠦᠭᠰᠡᠨ ᠡᠴᠢᠭᠡ᠂ ᠡᠬᠡ᠂ ᠪᠦᠬᠦ ᠲᠠᠯ᠎ᠠ ᠪᠠᠷ ᠳᠡᠮᠵᠢᠭᠰᠡᠨ ᠪᠠᠭᠰᠢ ᠨᠠᠷ ᠲᠤ ᠲᠠᠯᠠᠷᠬᠠᠯ ᠢᠯᠡᠷᠬᠡᠢᠢᠯᠡᠯ᠎ᠡ᠃

ᠶᠡᠷᠦᠩᠬᠡᠢᠢᠯᠡᠭᠴᠢ «ᠤᠷᠠᠯᠠᠬᠤ ᠡᠷᠳᠡᠮ» ᠳᠡᠭᠡᠳᠦ ᠰᠤᠷᠭᠠᠭᠤᠯᠢ ᠢᠢᠨ ᠵᠠᠬᠢᠷᠤᠯ᠂ «ᠮᠣᠩ᠋ᠭᠣᠯ ᠤᠨ ᠠᠷᠠᠰᠤ᠂ ᠰᠢᠷᠢᠨ ᠦ ᠦᠢᠯᠡᠳᠪᠦᠷᠢᠯᠡᠯ ᠦᠨ ᠬᠣᠯᠪᠤᠭ᠎ᠠ» ᠤ ᠤᠳᠤᠷᠢᠳᠬᠤ ᠵᠥᠪᠯᠡᠯ ᠦᠨ ᠭᠡᠰᠢᠭᠦᠨ᠂ ᠳ᠋ᠣᠻᠲ᠋ᠤᠷ᠂ ᠫᠷᠣᠹᠧᠰᠰᠤᠷ ᠭᠣᠮᠪᠤ ᠢᠢᠨ ᠲᠤᠩ᠋ᠭᠠᠯᠠᠭ ᠲᠤ ᠭᠠᠪᠢᠶᠠᠲᠤ ᠪᠠᠭᠰᠢ᠂ ᠤᠰᠤᠨ ᠤ ᠠᠵᠤ ᠠᠬᠤᠢ ᠢᠢᠨ ᠰᠠᠯᠪᠤᠷᠢ ᠢᠢᠨ ᠠᠬᠠᠮᠠᠳ ᠢᠨ᠋ᠵᠧᠨᠧᠷ ᠳᠠᠰᠢᠴᠡᠷᠢᠩ ᠦᠨ ᠪᠠᠯᠰᠠᠩᠵᠠᠪ ᠲᠥ ᠬᠥᠳᠡᠭᠡ ᠠᠵᠤ ᠠᠬᠤᠢ ᠢᠢᠨ ᠭᠠᠪᠢᠶᠠᠲᠤ ᠠᠵᠢᠯᠲᠠᠨ᠂ «ᠬᠠᠨ-ᠠᠭᠤᠯᠠ» ᠡᠷᠡᠭᠦᠯ ᠮᠡᠨᠳᠦ ᠢᠢᠨ ᠲᠥᠪ ᠦᠨ ᠴᠢᠬᠢ᠂ ᠬᠠᠪᠠᠷ᠂ ᠬᠣᠭᠤᠯᠠᠢ ᠢᠢᠨ ᠠᠬᠠᠮᠠᠳ ᠡᠮᠴᠢ ᠭᠠᠩᠳᠠᠩᠪᠠᠯᠰᠠᠩ ᠤᠨ ᠮᠥᠩᠬᠡᠲᠣᠭᠤᠭᠠ ᠳᠤ ᠬᠦᠮᠦᠨ ᠦ ᠭᠠᠪᠢᠶᠠᠲᠤ ᠡᠮᠴᠢ᠂ ᠨᠡᠢᠢᠰᠯᠡᠯ ᠦᠨ ᠴᠠᠭᠳᠠᠭ᠎ᠠ ᠢᠢᠨ ᠭᠠᠵᠠᠷ ᠤᠨ ᠠᠬᠠᠮᠠᠳ ᠤᠨ ᠬᠣᠷᠢᠶᠠᠨ ᠤ ᠠᠬᠠᠯᠬᠤ ᠨᠢᠭ᠌ᠲᠠᠯᠠᠨ ᠪᠣᠳᠤᠭᠴᠢ᠂ ᠴᠠᠭᠳᠠᠭ᠎ᠠ ᠢᠢᠨ ᠪᠡᠯᠡᠳᠬᠡᠯ ᠳᠡᠳ᠋ ᠬᠤᠷᠠᠩᠳᠠ ᠮᠠᠨᠯᠠᠰᠦ᠋ᠷᠦᠩ ᠦᠨ ᡀᠠᠮᠤᠳᠣᠷᠵᠢ ᠳᠤ ᠦᠢᠯᠡᠴᠢᠯᠡᠭᠡᠨ ᠦ ᠭᠠᠪᠢᠶᠠᠲᠤ ᠠᠵᠢᠯᠲᠠᠨ᠂ ᠪᠠᠩᠻᠢ᠂ ᠰᠠᠩᠬᠦᠦ ᠢᠢᠨ ᠰᠠᠯᠪᠤᠷᠢ ᠢᠢᠨ ᠠᠬᠠᠮᠠᠳ ᠠᠵᠢᠯᠲᠠᠨ ᠳᠡᠴᠢᠨᠫᠢᠯ ᠦᠨ ᠥᠨᠢᠷᠴᠡᠴᠡᠭ᠌᠌ ᠲᠥ ᠭᠠᠪᠢᠶᠠᠲᠤ ᠡᠳ᠋ ᠦᠨ ᠵᠠᠰᠠᠭᠴᠢ ᠴᠣᠯᠠ ᠬᠦᠷᠲᠡᠭᠡᠯ᠎ᠡ᠃
ᠮᠥᠨ ᠨᠡᠷ᠎ᠡ ᠪᠦᠬᠦᠢ ᠡᠷᠬᠢᠮ ᠦᠳ ᠢ ᠲᠥᠷᠦ ᠢᠢᠨ ᠳᠡᠭᠡᠳᠦ ᠣᠳᠤᠨ᠂ ᠮᠧᠳᠠᠯᠢ ᠪᠠᠷ ᠱᠠᠩᠨᠠᠯ᠎ᠠ᠃










