Та "Internet explorer"-ийн сүүлийн хувилбар болох "Microsoft edge"-г ашиглана уу

Хэрэв "Microsoft edge"-г татах бол энд дарж татаж авна уу

«ᠬᠦᠨᠡᠰᠦᠨ ᠦ ᠬᠤᠪᠢᠰᠬᠠᠯ» ᠤᠨ ᠳ᠋ᠦ᠋ᠩ ᠳᠥ ᠪᠠᠶᠠᠩ᠋ᠭᠣᠣᠯ ᠳᠡᠭᠦᠷᠭᠡ ᠳᠥ ᠬᠦᠨᠡᠰᠦ ᠦᠢᠯᠡᠳᠪᠦᠷᠢᠯᠡᠭᠴᠢ ᠠᠵᠤ ᠠᠬᠤᠢ ᠢᠢᠨ ᠨᠢᠭᠡᠴᠡ ᠢᠢᠨ ᠲᠣᠭ᠎ᠠ ᠒᠐ ᠬᠤᠪᠢ ᠪᠠᠷ ᠨᠡᠮᠡᠭᠳᠡᠵᠡᠶ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠠᠶᠠᠩ᠋ᠭᠣᠣᠯ ᠳᠡᠭᠦᠷᠭᠡ ᠢᠢᠨ ᠢᠷᠭᠡᠳ ᠲᠡᠶ ᠠᠭᠤᠯᠵᠠᠵᠤ᠂ ᠥᠩ᠋ᠭᠡᠷᠡᠭᠰᠡᠨ ᠬᠤᠭᠤᠴᠠᠭᠠᠨ ᠳᠤ ᠬᠢᠭ᠍ᠰᠡᠨ ᠠᠵᠢᠯ᠂ «ᠬᠦᠨᠡᠰᠦᠨ ᠦ ᠬᠤᠪᠢᠰᠬᠠᠯ»᠂ «ᠴᠠᠭᠠᠨ ᠠᠯᠲᠠ»᠂ «ᠲᠡᠷᠪᠤᠮ ᠮᠣᠳᠤ»᠂ «ᠡᠷᠡᠭᠦᠯ ᠮᠣᠩ᠋ᠭᠤᠯ ᠬᠦᠮᠦᠨ»᠂ «ᠢᠯᠡᠭᠡᠯᠲᠡ-᠒᠑᠐᠐» ᠵᠡᠷᠭᠡ ᠦᠨᠳᠦᠰᠦᠨ ᠦ ᠬᠥᠳᠡᠯᠭᠡᠭᠡᠨ᠂ ᠬᠥᠲᠦᠯᠪᠦᠷᠢ ᠢᠢᠨ ᠬᠡᠷᠡᠭᠵᠢᠯᠲᠡ᠂ ᠭᠠᠳᠠᠭᠠᠳᠤ ᠬᠠᠷᠢᠯᠴᠠᠭᠠᠨ ᠤ ᠰᠡᠷᠭᠦᠯᠲᠡ᠂ ᠨᠡᠢᠢᠭᠡᠮ᠂ ᠡᠳ᠋ ᠦᠨ ᠵᠠᠰᠠᠭ ᠤᠨ ᠪᠠᠢᠢᠳᠠᠯ ᠵᠡᠷᠭᠡ ᠢᠢᠨ ᠲᠠᠯ᠎ᠠ ᠪᠠᠷ ᠲᠣᠪᠴᠢ ᠲᠠᠨᠢᠯᠴᠠᠭᠤᠯᠤᠯ᠎ᠠ᠃

ᠲᠥᠷᠦ ᠢᠢᠨ ᠲᠡᠷᠢᠭᠦᠨ ᠦ ᠪᠣᠳᠤᠯᠭ᠎ᠠ᠂ ᠦᠢᠯᠡ ᠠᠵᠢᠯᠯᠠᠭ᠎ᠠ ᠢᠢ ᠳᠡᠮᠵᠢᠨ᠂ ᠬᠣᠭᠤᠷᠤᠨᠳᠤ ᠪᠠᠨ ᠨᠢᠭ᠌ᠲᠠ ᠤᠶᠠᠯᠳᠤᠭ᠎ᠠ ᠲᠠᠢ ᠦᠨᠳᠦᠰᠦᠨ ᠦ ᠬᠥᠳᠡᠯᠭᠡᠭᠡᠨ᠂ ᠬᠥᠲᠦᠯᠪᠦᠷᠢ ᠢᠢ ᠠᠮᠵᠢᠯᠲᠠᠲᠠᠢ ᠬᠡᠷᠡᠭᠵᠢᠭᠦᠯᠬᠦ ᠳᠥ ᠲᠣᠮᠣᠬᠠᠨ ᠬᠤᠪᠢ ᠨᠡᠮᠡᠷᠢ ᠣᠷᠤᠭᠤᠯᠵᠤ ᠪᠠᠢᠢᠭ᠎ᠠ ᠳᠡᠭᠦᠷᠭᠡ ᠢᠢᠨ ᠲᠥᠷᠦ᠂ ᠵᠠᠬᠢᠷᠭ᠎ᠠ᠂ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠢᠷᠭᠡᠳ ᠦᠨ ᠣᠷᠤᠯᠴᠠᠭ᠎ᠠ᠂ ᠬᠢᠴᠢᠶᠡᠯ ᠵᠢᠳᠬᠦᠯ ᠳᠥ ᠶᠡᠷᠦᠩᠬᠡᠢᠢᠯᠡᠭᠴᠢ ᠲᠠᠯᠠᠷᠬᠠᠯ ᠢᠯᠡᠷᠬᠡᠢᠢᠯᠡᠯ᠎ᠡ᠃

ᠴᠢᠨᠠᠭᠰᠢᠳᠠ ᠣᠯᠤᠯᠲᠠ ᠠᠮᠵᠢᠯᠲᠠ ᠪᠠᠨ ᠪᠠᠲᠤᠳᠬᠠᠵᠤ᠂ ᠪᠦᠬᠦ ᠱᠠᠲᠤᠨ ᠳᠤ ᠶᠣᠰᠤ ᠵᠦᠢ ᠢᠢ ᠡᠷᠬᠢᠮᠯᠡᠨ᠂ ᠰᠠᠬᠢᠯᠭ᠎ᠠ᠂ ᠬᠠᠷᠢᠭᠤᠴᠠᠯᠭ᠎ᠠ᠂ ᠡᠪ ᠨᠢᠭᠡᠳᠦᠯ ᠲᠡᠶ ᠪᠠᠢᠢᠵᠤ᠂ ᠬᠦᠮᠦᠨ ᠪᠦᠷᠢ ᠠᠵᠢᠯ ᠬᠥᠳᠡᠯᠮᠦᠷᠢ ᠡᠷᠬᠢᠯᠡᠨ᠂ ᠡᠬᠡ ᠣᠷᠤᠨ ᠢᠶᠠᠨ ᠬᠥᠭ᠍ᠵᠢᠭᠦᠯᠬᠦ ᠢᠢᠨ ᠲᠥᠯᠦᠭᠡ ᠬᠠᠮᠲᠤᠷᠠᠨ ᠵᠢᠳᠬᠦᠬᠦ ᠢᠢ ᠤᠷᠢᠶᠠᠯᠠᠯ᠎ᠠ᠃

ᠪᠠᠶᠠᠩ᠋ᠭᠣᠣᠯ ᠳᠡᠭᠦᠷᠭᠡ ᠗᠑ ᠮᠢᠩ᠋ᠭ᠎ᠠ ᠭᠠᠷᠤᠢ ᠡᠷᠦᠬᠡ ᠲᠡᠶ᠂ ᠒᠘᠐ ᠮᠢᠩ᠋ᠭ᠎ᠠ ᠭᠠᠷᠤᠢ ᠢᠷᠭᠡᠨ ᠲᠡᠶ᠃ ᠨᠡᠢᠢᠲᠡ ᠣᠷᠤᠰᠢᠨ ᠰᠠᠭᠤᠭᠴᠢᠳ ᠤᠨ ᠘᠔ ᠬᠤᠪᠢ ᠨᠢ ᠣᠷᠤᠨ ᠰᠠᠭᠤᠴᠠᠨ ᠳᠤ᠂ ᠑᠖ ᠬᠤᠪᠢ ᠨᠢ ᠭᠡᠷ ᠬᠣᠷᠢᠶᠠᠯᠠᠯ ᠳᠤ ᠠᠮᠢᠳᠤᠷᠠᠳᠠᠭ᠃ ᠦᠢᠯᠡᠳᠪᠦᠷᠢᠯᠡᠯ᠂ ᠪᠣᠯᠪᠠᠰᠤᠷᠠᠯ᠂ ᠡᠷᠡᠭᠦᠯ ᠮᠡᠨᠳᠦ᠂ ᠳᠡᠳ᠋ ᠪᠦᠲᠦᠴᠡ᠂ ᠱᠠᠰᠢᠨ᠂ ᠰᠣᠶᠤᠯ᠂ ᠬᠦᠮᠦᠨ ᠠᠮᠠ ᠢᠢᠨ ᠰᠠᠭᠤᠷᠢᠰᠢᠯ ᠤᠨ ᠭᠣᠣᠯ ᠲᠥᠪ ᠦᠨ ᠨᠢᠭᠡ ᠶᠤᠮ᠃

ᠬᠥᠷᠦᠩ᠋ᠭᠡ ᠣᠷᠤᠭᠤᠯᠤᠯᠲᠠ᠂ ᠪᠦᠲᠦᠭᠡᠨ ᠪᠠᠢᠢᠭᠤᠯᠤᠯᠲᠠ ᠲᠠᠰᠤᠷᠠᠯᠲᠠ ᠦᠭᠡᠢ ᠨᠡᠮᠡᠭᠳᠡᠨ᠂ ᠰᠡᠭᠦᠯ ᠦᠨ ᠲᠠᠪᠤᠨ ᠵᠢᠯ ᠳᠥ ᠖᠘᠖ ᠲᠡᠷᠪᠤᠮ ᠲᠥᠭᠦᠷᠢᠭ᠌ ᠦᠨ ᠠᠵᠢᠯ ᠬᠢᠭ᠍ᠰᠡᠨ᠃ ᠥᠩ᠋ᠭᠡᠷᠡᠭᠰᠡᠨ ᠳᠥᠷᠪᠡᠨ ᠵᠢᠯ ᠳᠥ ᠭᠡᠬᠦ ᠳᠥ ᠯᠠ ᠑᠘ ᠴᠡᠴᠡᠷᠯᠢᠭ᠂ ᠑᠖ ᠰᠤᠷᠭᠠᠭᠤᠯᠢ ᠠᠰᠢᠭᠯᠠᠯᠲᠠ ᠳᠤ ᠣᠷᠤᠭᠰᠠᠨ ᠲᠤᠬᠠᠢ ᠵᠠᠰᠠᠭ ᠳᠠᠷᠤᠭ᠎ᠠ ᠥ᠊·ᠰᠤᠮᠢᠶᠠᠪᠠᠭᠠᠲᠤᠷ ᠲᠠᠨᠢᠯᠴᠠᠭᠤᠯᠤᠯ᠎ᠠ᠃

ᠬᠢᠵᠦ ᠬᠡᠷᠡᠭᠵᠢᠭᠦᠯᠦᠭᠰᠡᠨ ᠠᠵᠢᠯ ᠤᠨ ᠬᠢ ᠨᠢ ᠦᠷ᠎ᠡ ᠳ᠋ᠦᠩ ᠭᠠᠷᠴᠤ᠂ ᠙᠑ ᠤᠯᠤᠰ ᠤᠨ ᠔᠒᠕ ᠬᠣᠲᠠ ᠢᠢ ᠡᠩᠨᠡᠭᠡᠨ ᠳᠥ ᠪᠡᠨ ᠨᠢᠭᠡᠳᠬᠡᠭ᠍ᠰᠡᠨ ᠶᠦ᠋ᠨᠧᠰᠻᠣ ᠢᠢᠨ «ᠳᠡᠯᠡᠬᠡᠢ ᠢᠢᠨ ᠰᠤᠷᠤᠯᠴᠠᠭᠴᠢ ᠬᠣᠲᠠ ᠨᠤᠭᠤᠳ ᠤᠨ ᠰᠦᠯᠵᠢᠶ᠎ᠡ» ᠊ᠳᠥ ᠡᠨᠡ ᠣᠨ ᠳᠤ ᠠᠯᠪᠠᠨ ᠶᠣᠰᠤ ᠪᠠᠷ ᠨᠢᠭᠡᠳᠦᠭᠰᠡᠨ ᠪᠠᠢᠢᠨ᠎ᠠ᠃

ᠪᠠᠶᠠᠩ᠋ᠭᠣᠣᠯ ᠳᠡᠭᠦᠷᠭᠡ ᠓᠗ ᠮᠢᠩ᠋ᠭ᠎ᠠ ᠭᠠᠷᠤᠢ ᠠᠵᠤ ᠠᠬᠤᠢ ᠢᠢᠨ ᠨᠢᠭᠡᠴᠡ ᠲᠡᠶ᠃ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ «ᠬᠦᠨᠡᠰᠦᠨ ᠦ ᠬᠤᠪᠢᠰᠬᠠᠯ» ᠦᠨᠳᠦᠰᠦᠨ ᠦ ᠬᠥᠳᠡᠯᠭᠡᠭᠡᠨ ᠦ ᠳ᠋ᠦᠩ ᠳᠥ ᠬᠦᠨᠡᠰᠦ ᠦᠢᠯᠡᠳᠪᠦᠷᠢᠯᠡᠭᠴᠢ ᠠᠵᠤ ᠠᠬᠤᠢ ᠢᠢᠨ ᠨᠢᠭᠡᠴᠡ ᠢᠢᠨ ᠲᠣᠭ᠎ᠠ ᠭᠡᠬᠦ ᠳᠥ ᠯᠠ ᠒᠐ ᠬᠤᠪᠢ ᠪᠠᠷ ᠨᠡᠮᠡᠭᠳᠡᠭᠰᠡᠨ᠃ ᠮᠥᠨ ᠠᠵᠤ ᠠᠬᠤᠢ ᠢᠢᠨ ᠨᠢᠭᠡᠴᠡ ᠨᠤᠭᠦᠳ ᠬᠦᠴᠦᠨ ᠴᠢᠳᠠᠯ ᠢᠶᠠᠨ ᠳᠣᠣᠷᠠᠳᠤ ᠲᠠᠯ᠎ᠠ ᠨᠢ ᠬᠣᠶᠠᠷ ᠳᠠᠬᠢᠨ ᠨᠡᠮᠡᠵᠦ᠂ ᠡᠨᠡ ᠬᠢᠷᠢ ᠪᠡᠷ ᠣᠯᠠᠨ ᠠᠷᠪᠠᠨ ᠠᠵᠢᠯ ᠤᠨ ᠪᠠᠢᠢᠷᠢ ᠪᠤᠢ ᠪᠣᠯᠭᠠᠵᠠᠶ᠃

«ᠶᠡᠷᠦᠩᠬᠡᠢᠢᠯᠡᠭᠴᠢ ᠢᠢᠨ ᠢᠯᠡᠭᠡᠯᠲᠡ-᠒᠑᠐᠐» ᠲᠡᠳᠬᠦᠯᠭᠡᠲᠦ ᠬᠥᠲᠦᠯᠪᠦᠷᠢ ᠢᠢᠨ ᠬᠦᠷᠢᠶᠡᠨ ᠳᠥ ᠳᠡᠯᠡᠬᠡᠢ ᠢᠢᠨ ᠒᠑ ᠤᠯᠤᠰ ᠤᠨ ᠶᠡᠬᠡ᠂ ᠳᠡᠭᠡᠳᠦ ᠰᠤᠷᠭᠠᠭᠤᠯᠢ ᠳᠤ ᠑᠂᠐᠐᠐ ᠭᠠᠷᠤᠢ ᠬᠡᠦᠬᠡᠳ ᠲᠡᠷᠢᠭᠦᠯᠡᠬᠦ ᠴᠢᠭᠯᠡᠯ ᠢᠶᠡᠷ ᠰᠤᠷᠤᠯᠴᠠᠵᠤ ᠪᠠᠢᠢᠭ᠎ᠠ ᠢᠢᠨ ᠖᠖ ᠨᠢ ᠪᠠᠶᠠᠩ᠋ᠭᠣᠣᠯ ᠳᠡᠭᠦᠷᠭᠡ ᠢᠢᠨ ᠬᠢ᠃

«ᠪᠠᠶᠠᠩ᠋ᠭᠣᠣᠯ ᠴᠡᠴᠡᠷᠯᠢᠭᠲᠦ ᠬᠦᠷᠢᠶᠡᠯᠡᠩ» ᠣ᠊ ᠨᠤ᠊ ᠥ᠊ ᠥ᠊ ᠭᠠᠵᠠᠷ ᠨᠢ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠢ ᠬᠡᠷᠡᠭᠵᠢᠭᠦᠯᠬᠦ ᠨᠠᠢᠮᠠᠨ ᠦᠨᠳᠦᠰᠦᠨ ᠪᠠᠢᠢᠷᠢᠰᠢᠯ ᠤᠨ ᠨᠢᠭᠡ ᠶᠤᠮ᠃ ᠡᠨᠡ ᠬᠦᠷᠢᠶᠡᠯᠡᠩ ᠢ ᠬᠡᠦᠬᠡᠳ᠂ ᠵᠠᠯᠠᠭᠤᠰ ᠲᠤ ᠡᠻᠣᠯᠣᠭᠢ ᠢᠢᠨ ᠪᠣᠯᠪᠠᠰᠤᠷᠠᠯ ᠣᠯᠭᠤᠬᠤ ᠰᠤᠷᠭᠠᠯᠲᠠ ᠢᠢᠨ ᠪᠠᠭᠠᠵᠠ᠂ ᠲᠦᠰᠢᠴᠡ ᠲᠥᠪ ᠪᠣᠯᠭᠠᠬᠤ ᠪᠠᠷ ᠲᠥᠯᠦᠪᠯᠡᠭᠰᠡᠨ ᠪᠠᠢᠢᠨ᠎ᠠ᠃

ᠳᠡᠭᠦᠷᠭᠡ ᠥᠩ᠋ᠭᠡᠷᠡᠭᠰᠡᠨ ᠳᠥᠷᠪᠡᠨ ᠵᠢᠯ ᠳᠥ ᠒᠔᠐ ᠣᠷᠴᠢᠮ ᠮᠢᠩ᠋ᠭᠠᠨ ᠮᠣᠳᠤ ᠲᠠᠷᠢᠵᠤ᠂ ᠤᠷᠭᠤᠭᠤᠯᠤᠨ ᠘·᠕ ᠭᠠ ᠲᠠᠯᠠᠪᠠᠢ ᠢᠢ ᠵᠦᠯᠭᠡᠵᠢᠭᠦᠯᠦᠭᠰᠡᠨ ᠢᠶᠡᠷ ᠨᠢᠭᠡ ᠬᠦᠮᠦᠨ ᠳᠥ ᠨᠣᠭᠳᠠᠬᠤ ᠨᠣᠭᠤᠭᠠᠨ ᠪᠠᠢᠢᠭᠤᠯᠤᠮᠵᠢ ᠢᠢᠨ ᠬᠡᠮᠵᠢᠶ᠎ᠡ ᠕·᠕ ᠠᠴᠠ ᠕·᠙ ᠮᠧ᠊᠒ ᠪᠣᠯᠵᠤ ᠨᠡᠮᠡᠭᠳᠡᠵᠡᠶ᠃

ᠡᠨᠡ ᠣᠨ ᠳᠤ ᠓᠐ ᠬᠣᠷᠢᠶᠠᠨ ᠤ ᠔᠓᠐ ᠪᠠᠢᠢᠷᠢᠰᠢᠯ ᠳᠤ ᠙·᠕ ᠭᠠ ᠲᠠᠯᠠᠪᠠᠢ ᠳᠤ ᠮᠣᠳᠤ᠂ ᠪᠤᠲᠠ᠂ ᠰᠥᠭᠡᠭ᠌ ᠲᠠᠷᠢᠵᠤ᠂ ᠵᠦᠯᠭᠡᠵᠢᠭᠦᠯᠬᠦ ᠪᠥᠭᠡᠳ ᠒᠐᠒᠘ ᠣᠨ ᠭᠡᠬᠦ ᠳᠥ ᠨᠣᠭᠤᠭᠠᠨ ᠪᠠᠢᠢᠭᠤᠯᠤᠮᠵᠢ ᠢᠢᠨ ᠬᠡᠮᠵᠢᠶ᠎ᠡ ᠢᠢ ᠣᠳᠤ ᠪᠠᠢᠢᠭ᠎ᠠ ᠠᠴᠠ ᠲᠠᠪᠤ ᠳᠠᠬᠢᠨ ᠨᠡᠮᠨᠡ᠃

ᠪᠠᠶᠠᠩ᠋ᠭᠣᠣᠯ ᠳᠡᠭᠦᠷᠭᠡ ᠴᠢᠨᠠᠭᠰᠢᠳᠠ ᠬᠦᠮᠦᠨ ᠦ ᠬᠥᠭ᠍ᠵᠢᠯ᠂ ᠬᠥᠳᠡᠯᠮᠦᠷᠢ ᠢᠢ ᠳᠡᠮᠵᠢᠭᠰᠡᠨ᠂ ᠢᠷᠭᠡᠳ ᠢᠶᠡᠨ ᠰᠤᠷᠴᠤ ᠪᠣᠯᠪᠠᠰᠤᠷᠠᠵᠤ ᠬᠥᠭ᠍ᠵᠢᠬᠦ ᠳᠥ ᠲᠠᠭᠠᠲᠠᠢ᠂ ᠠᠮᠤᠷ ᠲᠠᠢᠢᠪᠤᠩ᠂ ᠠᠶᠤᠯ ᠦᠭᠡᠢ ᠣᠷᠴᠢᠨ ᠲᠠᠶ᠂ ᠨᠣᠭᠤᠭᠠᠨ ᠬᠥᠭ᠍ᠵᠢᠯ ᠢ ᠳᠡᠭᠡᠳᠦᠯᠡᠭᠰᠡᠨ᠂ ᠦᠢᠯᠡᠳᠪᠦᠷᠢᠯᠡᠯ᠂ ᠦᠢᠯᠡᠴᠢᠯᠡᠭᠡ ᠢᠢ ᠬᠥᠭ᠍ᠵᠢᠭᠦᠯᠦᠭᠰᠡᠨ᠂ ᠬᠠᠷᠢᠭᠤᠴᠠᠯᠭ᠎ᠠ ᠲᠠᠢ᠂ ᠴᠠᠬᠢᠮ ᠰᠢᠰᠲ᠋ᠧᠮ᠂ ᠤᠬᠠᠭᠠᠯᠢᠭ ᠮᠧᠨᠧᠵᠮᠧᠨ᠋ᠲ ᠲᠡᠶ ᠳᠡᠭᠦᠷᠭᠡ ᠪᠣᠯᠬᠤ ᠵᠣᠷᠢᠯᠲᠠ ᠳᠡᠪᠰᠢᠭᠦᠯᠵᠡᠶ᠃

ᠶᠡᠷᠦᠩᠬᠡᠢᠢᠯᠡᠭᠴᠢ ᠤ·ᠬᠦᠷᠡᠯᠰᠦ᠋ᠬᠡ ᠮᠥᠨ «ᠮᠣᠩ᠋ᠭᠣᠯ ᠤᠨ ᠪᠣᠯᠪᠠᠰᠤᠷᠠᠯ ᠤᠨ ᠤᠳᠤᠷᠢᠳᠬᠤ ᠠᠵᠢᠯᠲᠠᠨ ᠤ ᠠᠬᠠᠮᠠᠳ ᠤᠨ ᠬᠣᠯᠪᠤᠭ᠎ᠠ» ᠤ ᠤᠳᠤᠷᠢᠳᠬᠤ ᠵᠥᠪᠯᠡᠯ ᠦᠨ ᠭᠡᠰᠢᠭᠦᠨ᠂ ᠠᠬᠠᠮᠠᠳ ᠪᠠᠭᠰᠢ ᠨᠠᠮᠳᠠᠭ ᠤᠨ ᠬᠠᠲᠠᠭᠤᠴᠢᠯᠠᠭᠤᠨ᠂ ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ ᠓᠘ ᠳ᠋ᠤᠭᠠᠷ ᠰᠤᠷᠭᠠᠭᠤᠯᠢ ᠢᠢᠨ ᠵᠠᠬᠢᠷᠤᠯ ᠴᠢᠮᠢᠳᠳᠣᠷᠵᠢ ᠢᠢᠨ ᠣᠳᠬᠠᠨᠳᠠᠸᠠ ᠨᠠᠷ ᠲᠤ ᠭᠠᠪᠢᠶᠠᠲᠤ ᠪᠠᠭᠰᠢ᠂ «ᠤᠯᠠᠭᠠᠨᠪᠠᠭᠠᠲᠤᠷ ᠲᠡᠮᠦᠷ ᠵᠠᠮ» ᠬᠤᠪᠢ ᠨᠡᠢᠢᠯᠡᠭᠦᠯᠦᠭᠰᠡᠨ ᠨᠡᠢᠢᠭᠡᠮᠯᠢᠭ᠌ ᠦᠨ ᠵᠢᠳᠬᠦᠭᠦᠷ ᠦᠨ ᠳ᠋ᠧᠫᠣ ᠢᠢᠨ ᠠᠬᠠᠮᠠᠳ ᠮᠠᠱᠢᠨᠴᠢ ᠪᠠᠯᠵᠢᠳ ᠤᠨ ᠫᠤᠨᠴᠣᠭ ᠲᠤ ᠭᠠᠪᠢᠶᠠᠲᠤ ᠲᠡᠭᠡᠭᠡᠪᠦᠷᠢᠴᠢᠨ᠂ «ᠪᠤᠮᠠᠨ ᠬᠡᠦᠬᠡᠳ» ᠡᠮᠨᠡᠯᠭᠡ ᠢᠢᠨ ᠳᠠᠷᠤᠭ᠎ᠠ᠂ ᠬᠡᠦᠬᠡᠳ ᠦᠨ ᠵᠥᠪᠯᠡᠬᠦ ᠶᠡᠬᠡ ᠡᠮᠴᠢ᠂ ᠠᠨᠠᠭᠠᠬᠤ ᠤᠬᠠᠭᠠᠨ ᠤ ᠳ᠋ᠣᠻᠲ᠋ᠤᠷ᠂ ᠻᠯᠢᠨᠢᠻ ᠦᠨ ᠫᠷᠣᠹᠧᠰᠰᠤᠷ ᠲᠦᠪᠳᠡᠨᠳᠣᠷᠵᠢ ᠢᠢᠨ ᠳᠠᠸᠠᠬᠦ᠋ᠦ ᠳᠥ ᠬᠦᠮᠦᠨ ᠦ ᠭᠠᠪᠢᠶᠠᠲᠤ ᠡᠮᠴᠢ᠂ ᠣᠷᠬᠤᠨ ᠶᠡᠬᠡ ᠰᠤᠷᠭᠠᠭᠤᠯᠢ ᠢᠢᠨ ᠡᠷᠳᠡᠮ ᠰᠢᠨᠵᠢᠯᠡᠭᠡ ᠡᠷᠬᠢᠯᠡᠭᠰᠡᠨ ᠵᠠᠬᠢᠷᠤᠯ᠂ ᠬᠠᠤᠯᠢ ᠵᠦᠢ ᠢᠢᠨ ᠤᠬᠠᠭᠠᠨ ᠤ ᠳ᠋ᠣᠻᠲ᠋ᠤᠷ᠂ ᠫᠷᠣᠹᠧᠰᠰᠤᠷ ᠵᠢᠭᠵᠡᠳᠰᠦ᠋ᠷᠦᠩ ᠦᠨ ᠪᠣᠯᠤᠳᠪᠠᠭᠠᠲᠤᠷ ᠲᠤ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ ᠴᠣᠯᠠ ᠬᠦᠷᠲᠡᠭᠡᠵᠦ᠂ ᠨᠡᠷ᠎ᠡ ᠪᠦᠬᠦᠢ ᠡᠷᠬᠢᠮ ᠦᠳ ᠢ ᠲᠥᠷᠦ ᠢᠢᠨ ᠳᠡᠭᠡᠳᠦ ᠣᠳᠤᠨ᠂ ᠮᠧᠳᠠᠯᠢ ᠪᠠᠷ ᠱᠠᠩᠨᠠᠯ᠎ᠠ᠃