ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠦᠨᠳᠦᠰᠦᠨ ᠦ ᠪᠠᠲᠤᠯᠠᠨ ᠬᠠᠮᠠᠭᠠᠯᠠᠬᠤ ᠢᠢᠨ ᠶᠡᠬᠡ ᠰᠤᠷᠭᠠᠭᠤᠯᠢ ᠪᠣᠯᠤᠨ ᠳᠣᠲᠤᠭᠠᠳᠤ ᠬᠡᠷᠡᠭ ᠦᠨ ᠶᠡᠬᠡ ᠰᠤᠷᠭᠠᠭᠤᠯᠢ ᠢᠢᠨ ᠡᠷᠳᠡᠮᠲᠡᠨ ᠪᠠᠭᠰᠢ᠂ ᠠᠵᠢᠯᠲᠠᠨ ᠨᠤᠭᠤᠳ ᠲᠠᠢ ᠠᠭᠤᠯᠵᠠᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠻᠣᠮᠠᠨ᠋ᠳ᠋᠋ᠯᠠᠭᠴᠢ ᠤ·ᠬᠦᠷᠡᠯᠰᠦ᠋ᠬᠡ ᠦᠨᠳᠦᠰᠦᠨ ᠦ ᠠᠶᠤᠯ ᠦᠭᠡᠢ ᠪᠠᠢᠢᠳᠠᠯ᠂ ᠨᠤᠲᠤᠭ ᠳᠡᠪᠢᠰᠬᠡᠷ᠂ ᠬᠢᠯᠢ ᠬᠢᠵᠠᠭᠠᠷ ᠤᠨ ᠪᠦᠷᠢᠨ ᠪᠦᠲᠦᠨ ᠪᠠᠢᠢᠳᠠᠯ ᠢ ᠬᠠᠮᠠᠭᠠᠯᠠᠬᠤ᠂ ᠨᠡᠢᠢᠭᠡᠮ ᠦᠨ ᠳᠢᠭ᠌ ᠵᠢᠷᠤᠮ ᠢ ᠪᠡᠬᠢᠵᠢᠭᠦᠯᠬᠦ᠂ ᠭᠠᠮᠰᠢᠭ ᠠᠴᠠ ᠬᠠᠮᠠᠭᠠᠯᠠᠬᠤ ᠴᠢᠭᠯᠡᠯ ᠢᠶᠡᠷ ᠮᠢᠩ᠋ᠭ᠎ᠠ ᠮᠢᠩ᠋ᠭᠠᠨ ᠴᠢᠳᠠᠪᠤᠷᠢᠯᠢᠭ ᠪᠣᠯᠪᠠᠰᠤᠨ ᠬᠦᠴᠦᠨ ᠪᠡᠯᠡᠳᠬᠡᠭ᠍ᠰᠡᠨ ᠦᠶ᠎ᠡ ᠦᠶ᠎ᠡ ᠢᠢᠨ ᠪᠠᠭᠰᠢ᠂ ᠠᠵᠢᠯᠲᠠᠨ ᠨᠤᠭᠤᠳ ᠲᠤ ᠲᠥᠷᠦ᠂ ᠠᠷᠠᠳ ᠲᠦᠮᠡᠨ ᠦ ᠨᠡᠷ᠎ᠡ ᠢᠢᠨ ᠡᠮᠦᠨ᠎ᠡ ᠡᠴᠡ ᠲᠠᠯᠠᠷᠬᠠᠯ ᠢᠯᠡᠷᠬᠡᠢᠢᠯᠡᠯ᠎ᠡ᠃
ᠶᠡᠬᠡ ᠰᠤᠷᠭᠠᠭᠤᠯᠢ ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠨᠤᠭᠤᠳ ᠤᠨ ᠡᠷᠢᠯᠲᠡ ᠬᠡᠷᠡᠭᠴᠡᠭᠡᠨ ᠳᠥ ᠨᠡᠢᠢᠴᠡᠭᠰᠡᠨ ᠠᠯᠪᠠ ᠬᠠᠭᠠᠭᠴᠢ ᠪᠡᠯᠡᠳᠬᠡᠬᠦ᠂ ᠰᠢᠨᠵᠢᠯᠡᠬᠦ ᠤᠬᠠᠭᠠᠨ᠂ ᠲᠧᠺᠨᠣᠯᠤᠭᠢ᠂ ᠰᠤᠷᠭᠠᠯᠲᠠ-ᠦᠢᠯᠡᠳᠪᠦᠷᠢᠯᠡᠯ ᠦᠨ ᠮᠠᠲ᠋ᠧᠷᠢᠶᠠᠯᠯᠢᠭ ᠪᠠᠭᠠᠵᠠ ᠪᠠᠨ ᠤᠯᠠᠮ ᠪᠡᠬᠢᠵᠢᠭᠦᠯᠬᠦ᠂ ᠰᠤᠷᠭᠠᠯᠲᠠ ᠢᠢᠨ ᠪᠣᠯᠤᠨ ᠰᠤᠳᠤᠯᠭᠠᠨ ᠤ ᠶᠡᠬᠡ ᠰᠤᠷᠭᠠᠭᠤᠯᠢ ᠪᠣᠯᠬᠤ ᠳᠤ ᠨᠢ ᠪᠦᠬᠦ ᠲᠠᠯ᠎ᠠ ᠢᠢᠨ ᠳᠡᠮᠵᠢᠯᠭᠡ ᠦᠵᠡᠭᠦᠯᠦᠨ᠎ᠡ ᠭᠡᠳᠡᠭ ᠢᠶᠡᠨ ᠬᠡᠯᠡᠯ᠎ᠡ᠃
ᠮᠥᠨ ᠡᠷᠳᠡᠮᠲᠡᠨ ᠪᠠᠭᠰᠢ᠂ ᠠᠵᠢᠯᠲᠠᠨ ᠨᠤᠭᠤᠳ ᠤᠯᠤᠰ ᠣᠷᠤᠨ᠂ ᠠᠷᠠᠳ ᠲᠦᠮᠡᠨ ᠦ ᠢᠵᠠᠭᠤᠷ ᠡᠷᠬᠡ ᠠᠰᠢᠭ᠂ ᠦᠨᠳᠦᠰᠦᠨ ᠦ ᠠᠶᠤᠯ ᠦᠭᠡᠢ ᠪᠠᠢᠢᠳᠠᠯ᠂ ᠰᠢᠳᠤᠷᠭᠤ ᠶᠣᠰᠤ᠂ ᠬᠠᠤᠯᠢ ᠳᠡᠭᠡᠳᠦᠯᠡᠬᠦ ᠵᠠᠷᠴᠢᠮ ᠢ ᠢᠮᠠᠭᠲᠠ ᠳᠡᠭᠡᠳᠦᠯᠡᠵᠦ ᠪᠠᠢᠢᠬᠤ ᠢᠢ ᠵᠠᠬᠢᠵᠤ᠂ ᠰᠤᠷᠭᠠᠨ ᠬᠦᠮᠦᠵᠢᠭᠦᠯᠬᠦ᠂ ᠰᠣᠶᠣᠨ ᠭᠡᠭᠡᠷᠡᠭᠦᠯᠬᠦ ᠦᠢᠯᠡᠰ ᠲᠥ ᠨᠢ ᠠᠮᠵᠢᠯᠲᠠ ᠬᠦᠰᠡᠯ᠎ᠡ᠃




ᠲᠡᠷᠡ ᠪᠡᠷ ᠲᠥᠷᠦ ᠢᠢᠨ ᠲᠡᠷᠢᠭᠦᠨ᠂ ᠵᠡᠪᠰᠡᠭᠲᠦ ᠬᠦᠴᠦᠨ ᠦ ᠶᠡᠷᠦᠩᠬᠡᠢ ᠻᠣᠮᠠᠨ᠋ᠳ᠋᠋ᠯᠠᠭᠴᠢ ᠪᠣᠯᠤᠭᠰᠠᠨ ᠠᠴᠠ ᠬᠣᠢᠢᠰᠢ ᠬᠢᠭ᠍ᠰᠡᠨ ᠠᠵᠢᠯ᠂ ᠲᠡᠷᠡ ᠳᠤᠮᠳᠠ ᠪᠠᠨ ᠪᠠᠲᠤᠯᠠᠨ ᠬᠠᠮᠠᠭᠠᠯᠠᠬᠤ ᠪᠣᠯᠤᠨ ᠵᠡᠪᠰᠡᠭᠲᠦ ᠬᠦᠴᠦᠨ ᠦ ᠰᠠᠯᠪᠤᠷᠢ ᠳᠤ ᠬᠢᠭ᠍ᠰᠡᠨ ᠰᠢᠨᠡᠴᠢᠯᠡᠯ᠂ ᠳᠡᠮᠵᠢᠯᠭᠡ᠂ ᠰᠠᠨᠠᠭᠠᠴᠢᠯᠠᠭᠰᠠᠨ ᠬᠥᠳᠡᠯᠭᠡᠭᠡᠨ᠂ ᠬᠥᠲᠦᠯᠪᠦᠷᠢ ᠢᠢᠨ ᠬᠡᠷᠡᠭᠵᠢᠯᠲᠡ᠂ ᠭᠠᠳᠠᠭᠠᠳᠤ ᠬᠠᠷᠢᠯᠴᠠᠭ᠎ᠠ᠂ ᠨᠡᠢᠢᠭᠡᠮ᠂ ᠡᠳ᠋ ᠦᠨ ᠵᠠᠰᠠᠭ ᠤᠨ ᠪᠠᠢᠢᠳᠠᠯ ᠤᠨ ᠲᠠᠯ᠎ᠠ ᠪᠠᠷ ᠲᠠᠨᠢᠯᠴᠠᠭᠤᠯᠤᠯ᠎ᠠ᠃
ᠬᠠᠤᠯᠢ ᠵᠦᠢ᠂ ᠳᠣᠲᠤᠭᠠᠳᠤ ᠬᠡᠷᠡᠭ ᠦᠨ ᠰᠠᠯᠪᠤᠷᠢ ᠳ᠋ᠠᠬᠢ ᠰᠢᠨᠡᠴᠢᠯᠡᠯ ᠪᠣᠯᠤᠨ ᠢᠯᠡᠭᠦᠦ ᠰᠢᠳᠤᠷᠭᠤ᠂ ᠨᠡᠭᠡᠭᠡᠯᠲᠡᠲᠡᠶ᠂ ᠬᠠᠷᠢᠭᠤᠴᠠᠯᠭ᠎ᠠ ᠲᠠᠢ᠂ ᠶᠣᠰᠤ ᠵᠦᠢ ᠲᠡᠶ᠂ ᠠᠢᠢᠳᠠᠰ ᠦᠭᠡᠢ᠂ ᠠᠶᠤᠯ ᠦᠭᠡᠢ ᠲᠣᠭᠲᠠᠯᠴᠠᠭ᠎ᠠ ᠪᠤᠢ ᠪᠣᠯᠭᠠᠬᠤ ᠳᠤ ᠪᠦᠬᠦ ᠲᠠᠯ᠎ᠠ ᠢᠢᠨ ᠳᠡᠮᠵᠢᠯᠭᠡ ᠦᠵᠡᠭᠦᠯᠵᠦ ᠪᠠᠢᠢᠭ᠎ᠠ ᠶᠡᠷᠦᠩᠬᠡᠢᠢᠯᠡᠭᠴᠢ ᠳᠥ ᠬᠠᠤᠯᠢ ᠵᠦᠢ᠂ ᠳᠣᠲᠤᠭᠠᠳᠤ ᠬᠡᠷᠡᠭ ᠦᠨ ᠰᠠᠢᠢᠳ ᠰᠠ᠊·ᠠᠮᠤᠷᠰᠠᠢᠢᠬᠠᠨ ᠲᠠᠯᠠᠷᠬᠠᠯ ᠢᠯᠡᠷᠬᠡᠢᠢᠯᠡᠯ᠎ᠡ᠃
ᠬᠠᠤᠯᠢ ᠵᠦᠢ ᠳᠣᠲᠤᠭᠠᠳᠤ ᠬᠡᠷᠡᠭ ᠦᠨ ᠶᠠᠮᠤᠨ ᠰᠠᠯᠪᠤᠷᠢ ᠬᠣᠭᠤᠷᠤᠨᠳᠤ ᠢᠢᠨ ᠮᠡᠳᠡᠭᠡᠯᠡᠯ ᠦᠨ ᠨᠢᠭᠡᠳᠦᠭᠰᠡᠨ ᠰᠠᠩ ᠪᠦᠬᠦᠢ ᠰᠦᠯᠵᠢᠶ᠎ᠡ᠂ ᠬᠠᠮᠲᠤ ᠢᠢᠨ ᠠᠵᠢᠯᠯᠠᠭ᠎ᠠ ᠢᠢ ᠪᠡᠬᠢᠵᠢᠭᠦᠯᠬᠦ᠂ ᠬᠠᠤᠯᠢ ᠢᠢᠨ ᠳᠠᠪᠬᠤᠷᠳᠠᠯ᠂ ᠬᠡᠢᠢᠳᠡᠯ ᠢ ᠠᠷᠢᠯᠭᠠᠬᠤ᠂ ᠰᠢᠨ᠎ᠡ ᠡᠷᠦᠰᠳᠡᠯ᠂ ᠰᠣᠷᠢᠯᠲᠠ ᠢᠢ ᠤᠷᠢᠳᠴᠢᠯᠠᠨ ᠬᠠᠷᠠᠵᠤ ᠪᠣᠳᠤᠯᠭ᠎ᠠ ᠪᠠᠨ ᠲᠣᠳᠤᠷᠬᠠᠢᠢᠯᠠᠬᠤ ᠵᠡᠷᠭᠡ ᠰᠢᠨᠡᠴᠢᠯᠡᠯ ᠢ ᠦᠶ᠎ᠡ ᠱᠠᠲᠤ ᠲᠠᠢ ᠬᠢᠵᠦ ᠡᠬᠢᠯᠡᠵᠡᠶ᠃




ᠪᠠᠲᠤᠯᠠᠨ ᠬᠠᠮᠠᠭᠠᠯᠠᠬᠤ ᠶᠠᠮᠤᠨ ᠡᠨᠡ ᠣᠨ ᠢ «ᠬᠦᠮᠦᠨ ᠲᠥᠪ ᠲᠡᠶ ᠬᠥᠭ᠍ᠵᠢᠯ-ᠰᠢᠨᠡᠴᠢᠯᠡᠯᠲᠡ» ᠢᠢᠨ ᠵᠢᠯ ᠪᠣᠯᠭᠠᠨ ᠵᠠᠷᠯᠠᠵᠤ᠂ ᠠᠯᠪᠠ ᠬᠠᠭᠠᠭᠴᠢᠳ ᠢᠶᠠᠨ ᠴᠢᠳᠠᠪᠬᠢᠵᠢᠭᠤᠯᠬᠤ᠂ ᠨᠡᠢᠢᠭᠡᠮ ᠦᠨ ᠬᠠᠮᠠᠭᠠᠯᠠᠯ ᠢ ᠨᠢ ᠰᠠᠢᠢᠵᠢᠷᠠᠭᠤᠯᠬᠤ᠂ ᠦᠨᠳᠦᠰᠦᠨ ᠦ ᠰᠥᠷᠦᠨ ᠲᠡᠰᠪᠦᠷᠢᠯᠡᠬᠦ ᠴᠢᠳᠠᠪᠬᠢ ᠢᠢ ᠪᠡᠬᠢᠵᠢᠭᠦᠯᠬᠦ ᠳᠥ ᠴᠢᠭᠯᠡᠭᠰᠡᠨ ᠪᠣᠳᠤᠯᠭ᠎ᠠ᠂ ᠦᠢᠯᠡ ᠠᠵᠢᠯᠯᠠᠭ᠎ᠠ ᠶᠠᠪᠤᠭᠤᠯᠵᠤ ᠪᠠᠢᠢᠨ᠎ᠠ᠃
ᠡᠨᠡ ᠬᠦᠷᠢᠶᠡᠨ ᠳᠥ ᠴᠢᠳᠠᠪᠤᠷᠢᠯᠢᠭ᠋ ᠣᠹᠢᠼᠧᠷ᠂ ᠠᠬᠠᠯᠠᠭᠴᠢ ᠪᠡᠯᠡᠳᠬᠡᠬᠦ ᠣᠨᠤᠪᠴᠢᠲᠠᠶ ᠲᠣᠭᠲᠠᠯᠴᠠᠭ᠎ᠠ ᠪᠦᠷᠢᠳᠦᠭᠦᠯᠬᠦ᠂ ᠠᠶᠤᠯ ᠦᠭᠡᠢ ᠪᠠᠢᠢᠳᠠᠯ᠂ ᠪᠠᠲᠤᠯᠠᠨ ᠬᠠᠮᠠᠭᠠᠯᠠᠬᠤ ᠰᠤᠳᠤᠯᠤᠯ ᠢᠶᠠᠷ ᠦᠨᠳᠦᠰᠦᠨ ᠦ ᠬᠡᠮᠵᠢᠶᠡᠨ ᠳᠥ ᠲᠡᠷᠢᠭᠦᠯᠡᠬᠦ᠂ ᠴᠢᠨᠠᠷᠲᠠᠢ ᠰᠤᠷᠭᠠᠯᠲᠠ᠂ ᠡᠷᠳᠡᠮ ᠰᠢᠨᠵᠢᠯᠡᠭᠡ ᠶᠠᠪᠤᠭᠤᠯᠬᠤ᠂ ᠰᠢᠨᠵᠢᠯᠡᠬᠦ ᠤᠬᠠᠭᠠᠨ᠂ ᠲᠧᠺᠨᠣᠯᠤᠭᠢ ᠢᠢᠨ ᠰᠤᠷᠭᠠᠯᠲᠠ᠂ ᠰᠤᠳᠤᠯᠭ᠎ᠠ ᠢᠢ ᠰᠢᠨ᠎ᠡ ᠱᠠᠲᠤᠨ ᠳᠤ ᠭᠠᠷᠭᠠᠬᠤ ᠢᠢ ᠵᠣᠷᠢᠵᠠᠶ᠃
ᠰᠠᠯᠪᠤᠷᠢ ᠢᠢᠨ ᠶᠠᠮᠤᠨ ᠥᠩ᠋ᠭᠡᠷᠡᠭᠰᠡᠨ ᠨᠢᠭᠡ ᠵᠢᠯ ᠳᠥ ᠦᠨᠳᠦᠰᠦᠨ ᠦ ᠪᠠᠲᠤᠯᠠᠨ ᠬᠠᠮᠠᠭᠠᠯᠠᠬᠤ ᠶᠡᠬᠡ ᠰᠤᠷᠭᠠᠭᠤᠯᠢ ᠳ᠋ᠤ ᠔ ᠣᠷᠴᠢᠮ ᠲᠡᠷᠪᠤᠮ ᠲᠥᠭᠦᠷᠢᠭ᠌ ᠦᠨ ᠬᠥᠷᠦᠩ᠋ᠭᠡ ᠣᠷᠤᠭᠤᠯᠤᠯᠲᠠ ᠪᠠᠷ ᠲᠤᠯᠭᠠᠮᠳᠠᠭᠰᠠᠨ ᠠᠰᠠᠭᠤᠳᠠᠯ ᠤᠳ ᠢ ᠨᠢ ᠰᠢᠢᠳᠪᠦᠷᠢᠯᠡᠵᠦ᠂ ᠪᠠᠭᠰᠢ ᠠᠵᠢᠯᠴᠢᠳ ᠤᠨ ᠴᠠᠯᠢᠩ ᠬᠠᠩ᠋ᠭᠠᠮᠵᠢ ᠢᠢ ᠨᠡᠮᠡᠭᠳᠡᠭᠦᠯᠦᠨ᠂ ᠪᠦᠲᠦᠴᠡ᠂ ᠣᠷᠤᠨ ᠲᠣᠭ᠎ᠠ ᠢᠢ ᠪᠣᠯᠪᠠᠰᠤᠷᠠᠩ᠋ᠭᠤᠢ ᠪᠣᠯᠭᠠᠵᠠᠶ᠃
ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠻᠣᠮᠠᠨ᠋ᠳ᠋᠋ᠯᠠᠭᠴᠢ ᠠᠴᠠ ᠥᠭ᠍ᠭᠦᠭ᠍ᠰᠡᠨ ᠡᠭᠦᠷᠭᠡ᠂ ᠴᠢᠭᠯᠡᠯ ᠦᠨ ᠳᠠᠭᠠᠭᠤ ᠰᠤᠷᠭᠠᠭᠤᠯᠢ ᠢᠢᠨ ᠬᠥᠭ᠍ᠵᠢᠯ ᠢ ᠡᠷᠴᠢᠮᠵᠢᠭᠦᠯᠬᠦ ᠰᠲ᠋ᠷᠠᠲ᠋ᠧᠭᠢ ᠲᠥᠯᠦᠪᠯᠡᠭᠡ ᠢᠢ ᠰᠢᠨᠡᠴᠢᠯᠠᠨ ᠪᠣᠯᠪᠠᠰᠤᠷᠠᠭᠤᠯᠤᠭᠰᠠᠨ ᠪᠠᠢᠢᠨ᠎ᠠ᠃
ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠦᠨᠳᠦᠰᠦᠨ ᠦ ᠪᠠᠲᠤᠯᠠᠨ ᠬᠠᠮᠠᠭᠠᠯᠠᠬᠤ ᠶᠡᠬᠡ ᠰᠤᠷᠭᠠᠭᠤᠯᠢ ᠳ᠋ᠤ ᠳᠡᠯᠡᠬᠡᠢ ᠢᠢᠨ ᠵᠢᠱᠢᠭ ᠲᠥ ᠨᠡᠢᠢᠴᠡᠭᠰᠡᠨ «ᠣᠯᠠᠨ ᠤᠯᠤᠰ ᠰᠤᠳᠤᠯᠤᠯ ᠤᠨ ᠲᠥᠪ» ᠪᠠᠢᠢᠭᠤᠯᠬᠤ ᠭᠡᠵᠦ ᠪᠠᠢᠢᠭ᠎ᠠ ᠢᠢ ᠪᠠᠲᠤᠯᠠᠨ ᠬᠠᠮᠠᠭᠠᠯᠠᠬᠤ ᠢᠢᠨ ᠰᠠᠢᠢᠳ ᠳᠠ᠊·ᠪᠠᠲᠤᠯᠤᠲᠤ ᠬᠡᠯᠡᠯ᠎ᠡ᠃




ᠡᠨᠡ ᠲᠥᠪ ᠤᠯᠤᠰ ᠣᠷᠤᠨ ᠤ ᠠᠶᠤᠯ ᠦᠭᠡᠢ ᠪᠠᠢᠢᠳᠠᠯ᠂ ᠴᠡᠷᠢᠭ-ᠤᠯᠤᠰ ᠲᠥᠷᠦ ᠢᠢᠨ ᠬᠠᠷᠢᠯᠴᠠᠭ᠎ᠠ᠂ ᠪᠣᠳᠤᠯᠭ᠎ᠠ ᠢᠢᠨ ᠰᠢᠨᠵᠢᠯᠡᠭᠡ ᠢᠢ ᠣᠯᠠᠨ ᠤᠯᠤᠰ ᠤᠨ ᠲᠥᠪᠰᠢᠨ ᠳᠥ ᠬᠦᠷᠭᠡᠵᠦ᠂ ᠰᠢᠨᠵᠢᠯᠡᠬᠦ ᠤᠬᠠᠭᠠᠨᠴᠢ᠂ ᠰᠤᠳᠤᠯᠭᠠᠨ ᠳᠤ ᠰᠠᠭᠤᠷᠢᠯᠠᠭᠰᠠᠨ ᠪᠣᠳᠤᠯᠭ᠎ᠠ ᠲᠣᠳᠤᠷᠬᠠᠢᠢᠯᠠᠬᠤ᠂ ᠮᠣᠩ᠋ᠭᠣᠯ ᠤᠯᠤᠰ ᠤᠨ ᠭᠠᠳᠠᠭᠠᠳᠤ ᠳ᠋ᠠᠬᠢ ᠪᠠᠢᠢᠷᠢ ᠰᠠᠭᠤᠷᠢ ᠢᠢ ᠤᠯᠠᠮ ᠪᠠᠲᠤᠳᠬᠠᠨ ᠪᠡᠬᠢᠵᠢᠭᠦᠯᠬᠦ ᠵᠣᠷᠢᠯᠭ᠎ᠠ ᠲᠠᠶ ᠶᠤᠮ᠃
ᠦᠨᠳᠦᠰᠦᠨ ᠦ ᠪᠠᠲᠤᠯᠠᠨ ᠬᠠᠮᠠᠭᠠᠯᠠᠬᠤ ᠶᠡᠬᠡ ᠰᠤᠷᠭᠠᠭᠤᠯᠢ ᠴᠢᠨᠠᠭᠰᠢᠳᠠ ᠣᠯᠠᠨ ᠤᠯᠤᠰ ᠤᠨ ᠵᠢᠱᠢᠭ ᠲᠥ ᠨᠡᠢᠢᠴᠡᠭᠰᠡᠨ ᠴᠡᠷᠢᠭ ᠦᠨ ᠪᠣᠯᠪᠠᠰᠤᠷᠠᠯ᠂ ᠰᠤᠷᠭᠠᠯᠲᠠ᠂ ᠰᠤᠳᠤᠯᠭ᠎ᠠ-ᠢᠨ᠋᠊᠊ᠨᠣᠸᠠᠼ ᠤᠨ ᠲᠣᠭᠲᠠᠯᠴᠠᠭ᠎ᠠ ᠲᠠᠶ᠂ ᠥᠨᠳᠦᠷ ᠶᠣᠰᠤ ᠵᠦᠢ ᠲᠡᠶ᠂ ᠮᠡᠷᠭᠡᠵᠢᠯ ᠦᠨ ᠤᠷ᠎ᠠ ᠴᠢᠳᠠᠪᠤᠷᠢ ᠪᠦᠬᠦᠢ ᠣᠹᠢᠼᠧᠷ᠂ ᠠᠬᠠᠯᠠᠭᠴᠢ ᠪᠡᠯᠡᠳᠬᠡᠵᠦ᠂ «ᠰᠤᠷᠭᠠᠯᠲᠠ ᠢᠢᠨ ᠶᠡᠬᠡ ᠰᠤᠷᠭᠠᠭᠤᠯᠢ» ᠪᠣᠯᠬᠤ ᠵᠣᠷᠢᠯᠲᠠ ᠳᠡᠪᠰᠢᠭᠦᠯᠵᠡᠶ᠃
ᠪᠠᠲᠤᠯᠠᠨ ᠬᠠᠮᠠᠭᠠᠯᠠᠬᠤ ᠪᠣᠯᠤᠨ ᠬᠠᠤᠯᠢ ᠵᠦᠢ᠂ ᠳᠣᠲᠤᠭᠠᠳᠤ ᠬᠡᠷᠡᠭ ᠦᠨ ᠰᠠᠯᠪᠤᠷᠢ ᠢᠢᠨ ᠬᠢᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ ᠬᠥᠳᠡᠯᠭᠡᠭᠡᠨ᠂ ᠬᠥᠲᠦᠯᠪᠦᠷᠢ ᠳᠥ ᠨᠢᠭᠡᠳᠦᠨ ᠬᠤᠪᠢ ᠨᠡᠮᠡᠷᠢ ᠪᠡᠨ ᠣᠷᠤᠭᠤᠯᠵᠤ ᠪᠠᠢᠢᠨ᠎ᠠ᠃
ᠴᠢᠨᠠᠭᠰᠢᠳᠠ ᠦᠨᠳᠦᠰᠦᠨ ᠦ ᠠᠶᠤᠯ ᠦᠭᠡᠢ ᠪᠠᠢᠢᠳᠠᠯ᠂ ᠢᠷᠭᠡᠳ ᠲᠥ ᠡᠭᠡᠯᠢᠲᠡᠢ ᠣᠷᠴᠢᠨ᠂ ᠰᠢᠳᠤᠷᠭᠤ ᠶᠣᠰᠤ᠂ ᠡᠷᠬᠡ ᠵᠦᠢ ᠢᠢᠨ ᠰᠢᠨᠡᠴᠢᠯᠡᠯ ᠦᠨ ᠲᠥᠯᠦᠭᠡᠬᠢ ᠲᠥᠷᠦ ᠢᠢᠨ ᠲᠡᠷᠢᠭᠦᠨ ᠦ ᠪᠣᠳᠤᠯᠭ᠎ᠠ᠂ ᠵᠣᠷᠢᠯᠲᠠ ᠢᠢ ᠲᠤᠭᠤᠰᠢᠲᠠᠢ ᠳᠡᠮᠵᠢᠬᠦ ᠪᠡᠨ ᠢᠯᠡᠷᠬᠡᠢᠢᠯᠡᠯ᠎ᠡ᠃
ᠶᠡᠷᠦᠩᠬᠡᠢᠢᠯᠡᠭᠴᠢ ᠤ·ᠬᠦᠷᠡᠯᠰᠦ᠋ᠬᠡ ᠳᠣᠲᠤᠭᠠᠳᠤ ᠬᠡᠷᠡᠭ ᠦᠨ ᠶᠡᠬᠡ ᠰᠤᠷᠭᠠᠭᠤᠯᠢ ᠢᠢᠨ ᠡᠷᠳᠡᠮ ᠰᠢᠨᠵᠢᠯᠡᠭᠡ᠂ ᠢᠨ᠋᠊᠊ᠨᠣᠸᠠᠼ ᠤᠨ ᠭᠠᠵᠠᠷ ᠤᠨ ᠰᠤᠳᠤᠯᠭᠠᠨ ᠤ ᠠᠷᠭ᠎ᠠ ᠵᠦᠢᠴᠢ ᠪᠠᠭᠰᠢ᠂ ᠳ᠋ᠣᠻᠲ᠋ᠤᠷ᠂ ᠫᠷᠣᠹᠧᠰᠰᠤᠷ᠂ ᠴᠠᠭᠳᠠᠭ᠎ᠠ ᠢᠢᠨ ᠬᠤᠷᠠᠩᠳᠠ ᠴᠣᠢᠢᠵᠠᠯ ᠤᠨ ᠨᠢᠮᠠᠰᠦ᠋ᠷᠦᠩ ᠳᠥ ᠭᠠᠪᠢᠶᠠᠲᠤ ᠬᠠᠤᠯᠢᠴᠢ᠂ ᠦᠨᠳᠦᠰᠦᠨ ᠦ ᠪᠠᠲᠤᠯᠠᠨ ᠬᠠᠮᠠᠭᠠᠯᠠᠬᠤ ᠢᠢᠨ ᠶᠡᠬᠡ ᠰᠤᠷᠭᠠᠭᠤᠯᠢ ᠢᠢᠨ ᠡᠷᠳᠡᠮ ᠦᠨ ᠰᠤᠷᠭᠠᠭᠤᠯᠢ ᠢᠢᠨ ᠪᠠᠲᠤᠯᠠᠨ ᠬᠠᠮᠠᠭᠠᠯᠠᠬᠤ ᠰᠤᠳᠤᠯᠤᠯ ᠤᠨ ᠲᠢᠩᠬᠢᠮ ᠦᠨ ᠳᠠᠷᠤᠭ᠎ᠠ᠂ ᠲᠧᠺᠨᠢᠭ ᠦᠨ ᠰᠢᠨᠵᠢᠯᠡᠬᠦ ᠤᠬᠠᠭᠠᠨ ᠤ ᠳ᠋ᠣᠻᠲ᠋ᠤᠷ᠂ ᠫᠷᠣᠹᠧᠰᠰᠤᠷ᠂ ᠪᠡᠯᠡᠳᠬᠡᠯ ᠬᠤᠷᠠᠩᠳᠠ ᡀᠦᠨᠳᠦᠪ ᠦᠨ ᠪᠠᠲᠤᠴᠡᠩ᠋ᠭᠡᠯ ᠳᠥ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ ᠴᠣᠯᠠ ᠬᠦᠷᠲᠡᠭᠡᠵᠦ᠂ ᠨᠡᠷ᠎ᠡ ᠪᠦᠬᠦᠢ ᠡᠷᠬᠢᠮ ᠦᠳ ᠢ ᠲᠥᠷᠦ ᠢᠢᠨ ᠳᠡᠭᠡᠳᠦ ᠣᠳᠤᠨ᠂ ᠮᠧᠳᠠᠯᠢ ᠪᠠᠷ ᠱᠠᠩᠨᠠᠯ᠎ᠠ᠃




