Та "Internet explorer"-ийн сүүлийн хувилбар болох "Microsoft edge"-г ашиглана уу

Хэрэв "Microsoft edge"-г татах бол энд дарж татаж авна уу

ᠶᠡᠷᠦᠩᠬᠡᠢᠢᠯᠡᠭᠴᠢ ᠤ·ᠬᠦᠷᠡᠯᠰᠦ᠋ᠬᠡ: ᠪᠠᠭᠰᠢ ᠨᠠᠷ ᠶᠣᠰᠤ ᠰᠤᠷᠲᠠᠬᠤᠨ ᠤ ᠨᠣᠶᠠᠨ ᠣᠷᠭᠢᠯ ᠪᠠᠢᠢᠬᠤ ᠤᠴᠢᠷ ᠲᠠᠢ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠴᠡᠴᠡᠷᠯᠢᠭ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠪᠠᠭᠰᠢ ᠨᠠᠷ ᠲᠠᠢ ᠠᠭᠤᠯᠵᠠᠯ᠎ᠠ᠃

ᠤᠯᠤᠰ ᠣᠷᠤᠨ ᠤ ᠢᠷᠡᠭᠡᠳᠦᠢ ᠪᠣᠯᠤᠭᠰᠠᠨ ᠬᠡᠦᠬᠡᠳ᠂ ᠪᠠᠭᠠᠴᠤᠳ ᠢ ᠰᠤᠷᠭᠠᠨ ᠬᠦᠮᠦᠵᠢᠭᠦᠯᠵᠦ᠂ ᠮᠡᠳᠡᠯᠭᠡ᠂ ᠪᠣᠯᠪᠠᠰᠤᠷᠠᠯ ᠲᠠᠶ᠂ ᠡᠬᠡ ᠣᠷᠤᠨ ᠢᠶᠠᠨ ᠭᠡᠭ᠍ᠰᠡᠨ ᠰᠡᠳᠬᠢᠯ ᠲᠡᠶ᠂ ᠵᠥᠪ ᠬᠦᠮᠦᠨ ᠪᠣᠯᠭᠠᠨ ᠲᠥᠯᠦᠪᠰᠢᠭᠦᠯᠬᠦ ᠨᠡᠩ ᠬᠠᠷᠢᠭᠤᠴᠠᠯᠭ᠎ᠠ ᠲᠠᠢ ᠦᠢᠯᠡᠰ ᠦᠨ ᠲᠥᠯᠦᠭᠡ ᠬᠦᠴᠦᠨ ᠵᠢᠳᠬᠦᠵᠦ ᠪᠠᠢᠢᠭ᠎ᠠ ᠦᠶ᠎ᠡ ᠦᠶ᠎ᠡ ᠢᠢᠨ ᠪᠠᠭᠰᠢ ᠨᠠᠷ ᠲᠤ ᠶᠡᠷᠦᠩᠬᠡᠢᠢᠯᠡᠭᠴᠢ ᠲᠠᠯᠠᠷᠬᠠᠯ ᠢᠯᠡᠷᠬᠡᠢᠢᠯᠡᠵᠦ᠂ ᠠᠮᠵᠢᠯᠲᠠ ᠬᠦᠰᠡᠨ ᠢᠷᠦᠭᠡᠯ᠎ᠡ᠃

ᠰᠠᠢᠢᠨ ᠪᠠᠭᠰᠢ ᠠᠴᠠ ᠴᠢᠳᠠᠪᠤᠷᠢᠲᠠᠢ ᠱᠠᠪᠢ ᠲᠥᠷᠦᠵᠦ᠂ ᠴᠢᠳᠠᠪᠤᠷᠢᠲᠠᠢ ᠢᠷᠭᠡᠨ ᠡᠴᠡ ᠤᠯᠤᠰ ᠤᠨ ᠬᠥᠭ᠍ᠵᠢᠯ ᠬᠠᠮᠢᠶᠠᠷᠳᠠᠭ ᠤᠴᠢᠷ ᠪᠠᠭᠰᠢ ᠢᠢᠨ ᠦᠯᠢᠭᠡᠷ ᠳᠠᠭᠤᠷᠢᠶᠠᠯ᠂ ᠵᠥᠪ ᠬᠠᠨᠳᠤᠯᠭ᠎ᠠ᠂ ᠤᠷ᠎ᠠ ᠴᠢᠳᠠᠪᠤᠷᠢ᠂ ᠶᠣᠰᠤ ᠵᠦᠢ ᠬᠠᠮᠤᠭ ᠠᠴᠠ ᠴᠢᠬᠤᠯᠠ ᠭᠡᠳᠡᠭ ᠢ ᠬᠡᠯᠡᠯ᠎ᠡ᠃

«ᠶᠡᠷᠦᠩᠬᠡᠢᠢᠯᠡᠭᠴᠢ ᠢᠢᠨ ᠢᠯᠡᠭᠡᠯᠲᠡ-᠒᠑᠐᠐» ᠲᠡᠳᠬᠦᠯᠭᠡᠲᠦ ᠬᠥᠲᠦᠯᠪᠦᠷᠢ ᠢᠢᠨ ᠬᠦᠷᠢᠶᠡᠨ ᠳᠥ ᠭᠠᠳᠠᠭᠠᠳᠤ ᠢᠢᠨ ᠒᠑ ᠤᠯᠤᠰ ᠤᠨ ᠶᠡᠬᠡ᠂ ᠳᠡᠭᠡᠳᠦ ᠰᠤᠷᠭᠠᠭᠤᠯᠢ ᠳᠤ ᠑᠂᠐᠕᠕ ᠣᠶᠤᠲᠠᠨ ᠰᠤᠷᠤᠯᠴᠠᠵᠤ ᠪᠠᠢᠢᠨ᠎ᠠ᠃

ᠳᠡᠯᠡᠬᠡᠢ ᠢᠢᠨ ᠲᠥᠪᠰᠢᠨ ᠦ ᠪᠣᠯᠪᠠᠰᠤᠷᠠᠯ ᠡᠵᠡᠮᠰᠢᠨ᠂ ᠣᠷᠤᠨ ᠨᠤᠲᠤᠭ᠂ ᠤᠯᠤᠰ ᠤᠨ ᠢᠶᠠᠨ ᠬᠥᠭ᠍ᠵᠢᠯ ᠳᠡᠪᠰᠢᠯ ᠦᠨ ᠲᠦᠭᠦᠴᠢᠭᠡ᠂ ᠮᠠᠩᠯᠠᠢᠢᠯᠠᠭᠴᠢ ᠪᠣᠯᠬᠤ ᠡᠳᠡᠭᠡᠷ ᠬᠡᠦᠬᠡᠳ ᠢ ᠰᠤᠷᠭᠠᠵᠤ᠂ ᠬᠦᠰᠡᠯ ᠮᠥᠷᠦᠭᠡᠳᠦᠯ ᠢᠶᠡᠨ ᠪᠡᠶᠡᠯᠡᠭᠦᠯᠬᠦ ᠳᠥ ᠨᠢ ᠪᠠᠭᠰᠢ ᠨᠠᠷ ᠦᠨ᠎ᠡ ᠲᠡᠶ ᠬᠤᠪᠢ ᠨᠡᠮᠡᠷᠢ ᠣᠷᠤᠭᠤᠯᠵᠤ ᠪᠠᠢᠢᠭ᠎ᠠ ᠢᠢ ᠶᠡᠷᠦᠩᠬᠡᠢᠢᠯᠡᠭᠴᠢ ᠲᠡᠮᠳᠡᠭᠯᠡᠯ᠎ᠡ᠃

ᠪᠠᠭᠰᠢ ᠨᠠᠷ ᠪᠣᠯ ᠶᠣᠰᠤ ᠰᠤᠷᠲᠠᠬᠤᠨ ᠤ ᠨᠣᠶᠠᠨ ᠣᠷᠭᠢᠯ ᠪᠠᠢᠢᠬᠤ ᠤᠴᠢᠷ ᠲᠠᠢ ᠢᠢ ᠬᠡᠯᠡᠯ᠎ᠡ᠃

ᠲᠡᠷᠡ ᠪᠡᠷ ᠲᠥᠷᠦ ᠢᠢᠨ ᠲᠡᠷᠢᠭᠦᠨ ᠢᠶᠡᠷ ᠰᠣᠩ᠋ᠭᠤᠭᠳᠠᠭᠰᠠᠨ ᠠᠴᠠ ᠬᠣᠢᠢᠰᠢ ᠬᠢᠭ᠍ᠰᠡᠨ ᠠᠵᠢᠯ᠂ ᠲᠡᠷᠡ ᠳᠤᠮᠳᠠ ᠪᠠᠨ ᠪᠣᠯᠪᠠᠰᠤᠷᠠᠯ ᠤᠨ ᠰᠠᠯᠪᠤᠷᠢ ᠳᠤ ᠭᠠᠷᠭᠠᠭᠰᠠᠨ ᠰᠠᠨᠠᠭᠠᠴᠢᠯᠠᠭ᠎ᠠ᠂ ᠦᠵᠡᠭᠦᠯᠦᠭᠰᠡᠨ ᠳᠡᠮᠵᠢᠯᠭᠡ᠂ ᠦᠨᠳᠦᠰᠦᠨ ᠦ ᠬᠥᠳᠡᠯᠭᠡᠭᠡᠨ᠂ ᠬᠥᠲᠦᠯᠪᠦᠷᠢ ᠨᠤᠭᠦᠳ ᠦᠨ ᠬᠡᠷᠡᠭᠵᠢᠯᠲᠡ᠂ ᠭᠠᠳᠠᠭᠠᠳᠤ ᠬᠠᠷᠢᠯᠴᠠᠭ᠎ᠠ᠂ ᠨᠡᠢᠢᠭᠡᠮ᠂ ᠡᠳ᠋ ᠦᠨ ᠵᠠᠰᠠᠭ ᠤᠨ ᠪᠠᠢᠢᠳᠠᠯ ᠵᠡᠷᠭᠡ ᠢᠢᠨ ᠲᠠᠯ᠎ᠠ ᠪᠠᠷ ᠲᠣᠪᠴᠢ ᠲᠠᠨᠢᠯᠴᠠᠭᠤᠯᠤᠯ᠎ᠠ᠃

ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ᠂ ᠳᠡᠮᠵᠢᠯᠭᠡ᠂ ᠦᠨᠳᠦᠰᠦᠨ ᠦ ᠬᠥᠳᠡᠯᠭᠡᠭᠡᠨ᠂ ᠬᠥᠲᠦᠯᠪᠦᠷᠢ ᠨᠤᠭᠦᠳ ᠪᠣᠯᠪᠠᠰᠤᠷᠠᠯ ᠤᠨ ᠰᠠᠯᠪᠤᠷᠢ ᠳᠤ ᠪᠣᠳᠠᠲᠤ ᠦᠷ᠎ᠡ ᠨᠥᠯᠦᠭᠡ ᠦᠵᠡᠭᠦᠯᠵᠦ ᠪᠠᠢᠢᠭ᠎ᠠ ᠢᠢ ᠰᠠᠢᠢᠳ ᠯᠤ᠊·ᠡᠩᠬᠡ-ᠠᠮᠤᠭᠤᠯᠠᠩ ᠬᠡᠯᠡᠯ᠎ᠡ᠃

᠒᠐᠒᠓ ᠣᠨ ᠳᠤ ᠠᠽᠢ ᠢᠢᠨ ᠹᠢᠽᠢᠻ ᠦᠨ ᠒᠓ ᠳ᠋ᠤᠭᠠᠷ ᠣᠯᠢᠮᠫᠢᠶᠠᠳ᠋ ᠢ ᠶᠡᠷᠦᠩᠬᠡᠢᠢᠯᠡᠭᠴᠢ ᠢᠪᠡᠭᠡᠯ ᠳᠣᠣᠷ᠎ᠠ ᠪᠠᠨ ᠤᠯᠠᠭᠠᠨᠪᠠᠭᠠᠲᠤᠷ ᠬᠣᠲᠠᠨ᠎ᠠ ᠵᠣᠬᠢᠶᠠᠨ ᠪᠠᠢᠢᠭᠤᠯᠵᠤ ᠪᠠᠢᠢᠯ᠎ᠠ᠃ ᠮᠥᠨ ᠡᠬᠡ ᠣᠷᠤᠨ ᠳᠤ ᠪᠠᠨ ᠪᠣᠯᠤᠨ ᠣᠯᠠᠨ ᠤᠯᠤᠰ ᠲᠤ ᠬᠦᠯᠢᠶᠡᠨ ᠵᠥᠪᠰᠢᠶᠡᠷᠡᠭᠳᠡᠭᠰᠡᠨ ᠣᠯᠢᠮᠫᠢᠶᠠᠳ᠋ ᠳᠤ ᠰᠤᠷᠤᠭᠴᠢᠳ ᠢ ᠣᠷᠤᠯᠴᠠᠬᠤ ᠪᠣᠯᠤᠮᠵᠢ᠂ ᠨᠥᠬᠦᠴᠡᠯ ᠢ ᠪᠦᠷᠢᠳᠦᠭᠦᠯᠵᠦ᠂ ᠤᠷᠮᠠᠰᠢᠭᠤᠯᠵᠤ ᠪᠠᠢᠢᠬᠤ ᠢᠢ ᠵᠠᠰᠠᠭ ᠤᠨ ᠭᠠᠵᠠᠷ ᠲᠤ ᠴᠢᠭᠯᠡᠯ ᠪᠣᠯᠭᠠᠭᠰᠠᠨ᠃

ᠡᠭᠦᠨ ᠦ ᠳ᠋ᠦᠩ ᠳᠥ ᠬᠡᠦᠬᠡᠳ ᠦᠳ ᠰᠡᠭᠦᠯ ᠦᠨ ᠲᠠᠪᠤᠨ ᠵᠢᠯ ᠳᠥ ᠣᠯᠠᠨ ᠤᠯᠤᠰ ᠤᠨ ᠣᠯᠢᠮᠫᠢᠶᠠᠳ᠋ ᠤᠳ ᠠᠴᠠ ᠑᠐᠔ ᠮᠧᠳᠠᠯᠢ ᠬᠦᠷᠲᠡᠨ᠂ ᠬᠡᠳᠦᠨ ᠠᠷᠪᠠᠨ ᠱᠠᠩᠨᠠᠯᠲᠤ ᠪᠠᠢᠢᠷᠢ ᠡᠵᠡᠯᠡᠵᠦ᠂ ᠤᠷᠮᠠᠰᠢᠭᠤᠯᠤᠯ ᠢᠶᠠᠨ ᠠᠪᠤᠭᠠᠳ ᠪᠠᠢᠢᠨ᠎ᠠ᠃

«ᠡᠷᠡᠭᠦᠯ ᠮᠣᠩ᠋ᠭᠤᠯ ᠬᠦᠮᠦᠨ»᠂ «ᠬᠦᠨᠡᠰᠦᠨ ᠦ ᠬᠤᠪᠢᠰᠬᠠᠯ» ᠬᠥᠳᠡᠯᠭᠡᠭᠡᠨ ᠢᠶᠡᠷ ᠳᠠᠮᠵᠢᠭᠤᠯᠤᠨ ᠬᠡᠦᠬᠡᠳ ᠲᠥ ᠵᠥᠪ ᠬᠣᠭᠣᠯᠠᠯᠠᠬᠤ᠂ ᠡᠷᠡᠭᠦᠯ ᠮᠡᠨᠳᠦ᠂ ᠵᠥᠪ ᠳᠠᠳᠤᠯ᠂ ᠴᠢᠳᠠᠪᠤᠷᠢ ᠲᠥᠯᠦᠪᠰᠢᠭᠦᠯᠬᠦ ᠢᠢ ᠳᠠᠪᠬᠤᠷ ᠵᠣᠷᠢᠳᠠᠭ᠃

ᠳᠤᠮᠳᠠ ᠰᠤᠷᠭᠠᠭᠤᠯᠢ «ᠦᠳᠡ ᠢᠢᠨ ᠴᠠᠢ»᠂ «ᠦᠳᠡ ᠢᠢᠨ ᠬᠣᠭᠤᠯᠠ» ᠬᠥᠲᠦᠯᠪᠦᠷᠢ ᠳᠥ ᠪᠦᠷᠢᠨ ᠰᠢᠯᠵᠢᠭᠰᠡᠨ ᠪᠥᠭᠡᠳ ᠡᠨᠡ ᠬᠢᠴᠢᠶᠡᠯ ᠦᠨ ᠵᠢᠯ ᠡᠴᠡ «ᠬᠡᠦᠬᠡᠳ ᠪᠦᠷᠢ ᠳᠥ ᠰᠦᠨ» ᠬᠥᠲᠦᠯᠪᠦᠷᠢ ᠡᠷᠴᠢᠮᠵᠢᠭᠰᠡᠨ ᠨᠢ ᠳᠡᠭᠡᠷᠡᠬᠢ ᠬᠣᠶᠠᠷ ᠬᠥᠳᠡᠯᠭᠡᠭᠡᠨ ᠦ ᠦᠷ᠎ᠡ ᠳ᠋ᠦᠩ ᠲᠡᠳᠦᠢ ᠦᠭᠡᠢ ᠬᠦᠨᠡᠰᠦ ᠦᠢᠯᠡᠳᠪᠦᠷᠢᠯᠡᠭᠴᠢ ᠠᠵᠤ ᠠᠬᠤᠢ ᠢᠢᠨ ᠨᠢᠭᠡᠴᠡ᠂ ᠵᠢᠵᠢᠭ᠂ ᠳᠤᠮᠳᠠ ᠪᠢᠽᠢᠨᠧᠰ ᠡᠷᠬᠢᠯᠡᠭᠴᠢᠳ ᠲᠥ ᠲᠣᠮᠤ ᠳᠡᠮᠵᠢᠯᠭᠡ ᠪᠣᠯᠵᠠᠶ᠃

ᠥᠩ᠋ᠭᠡᠷᠡᠭᠰᠡᠨ ᠬᠤᠭᠤᠴᠠᠭᠠᠨ ᠳᠤ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ᠂ ᠢᠪᠡᠭᠡᠯ ᠳᠣᠣᠷ᠎ᠠ ᠰᠢᠨᠵᠢᠯᠡᠬᠦ ᠤᠬᠠᠭᠠᠨ ᠤ ᠠᠵᠢᠯᠲᠠᠨ ᠨᠤᠭᠤᠳ᠂ ᠪᠠᠭᠰᠢ᠂ ᠲᠡᠦᠬᠡ ᠢᠢᠨ ᠪᠠᠭᠰᠢ ᠨᠠᠷ ᠤᠨ ᠶᠡᠬᠡ ᠬᠤᠷᠠᠯ᠂ ᠤᠯᠤᠰ ᠤᠨ ᠵᠥᠪᠯᠡᠭᠡᠨ ᠪᠣᠯᠤᠭᠰᠠᠨ ᠪᠣᠯ ᠮᠣᠩ᠋ᠭᠤᠯ ᠬᠡᠯᠡᠨ ᠦ ᠪᠠᠭᠰᠢ ᠨᠠᠷ ᠵᠥᠪᠯᠡᠭᠡᠨ ᠢᠶᠡᠨ ᠬᠢᠵᠦ᠂ ᠣᠯᠤᠯᠲᠠ ᠠᠮᠵᠢᠯᠲᠠ᠂ ᠲᠤᠯᠭᠠᠮᠳᠠᠭᠰᠠᠨ ᠠᠰᠠᠭᠤᠳᠠᠯ᠂ ᠭᠠᠷᠴᠠ᠂ ᠰᠢᠢᠳᠦᠯ ᠢᠶᠡᠨ ᠬᠡᠯᠡᠯᠴᠡᠨ᠎ᠡ᠃

«ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠢᠶᠡᠷ ᠬᠡᠦᠬᠡᠳ ᠦᠳ ᠪᠠᠢᠢᠭᠠᠯᠢ ᠣᠷᠴᠢᠨ ᠢᠶᠠᠨ ᠬᠠᠢᠢᠷᠠᠯᠠᠬᠤ᠂ ᠬᠠᠮᠠᠭᠠᠯᠠᠬᠤ ᠳᠤ ᠰᠤᠷᠤᠯᠴᠠᠵᠤ᠂ ᠪᠠᠭᠰᠢ᠂ ᠠᠵᠢᠯᠲᠠᠨ ᠨᠤᠭᠤᠳ ᠵᠢᠯ ᠪᠦᠷᠢ ᠰᠤᠷᠤᠭᠴᠢᠳ ᠲᠠᠢ ᠪᠠᠨ ᠬᠠᠮᠲᠤ ᠮᠣᠳᠤ ᠲᠠᠷᠢᠵᠤ᠂ ᠠᠷᠠᠴᠢᠯᠠᠵᠤ᠂ ᠤᠷᠭᠤᠭᠤᠯᠵᠤ ᠪᠠᠢᠢᠨ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠶᠡᠷᠦᠩᠬᠡᠢ ᠰᠠᠢᠢᠳ ᠢᠶᠠᠷ ᠠᠵᠢᠯᠯᠠᠵᠤ ᠪᠠᠢᠢᠬᠤ ᠳᠤ ᠪᠠᠨ ᠬᠡᠦᠬᠡᠳ ᠦᠨ ᠴᠡᠴᠡᠷᠯᠢᠭ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ ᠳᠣᠲᠤᠭᠤᠷ ᠪᠠᠢᠢᠷᠢ ᠢᠢ ᠨᠦᠬᠡᠨ ᠵᠣᠷᠯᠤᠩ ᠠᠴᠠ ᠰᠠᠯᠭᠠᠬᠤ ᠲᠥᠰᠦᠯ ᠬᠡᠷᠡᠭᠵᠢᠭᠦᠯᠵᠦ ᠡᠬᠢᠯᠡᠭᠰᠡᠨ᠃

ᠡᠭᠦᠨ ᠦ ᠳ᠋ᠦᠩ ᠳᠥ ᠗᠖᠔ ᠴᠡᠴᠡᠷᠯᠢᠭ᠂ ᠰᠤᠷᠭᠠᠭᠤᠯᠢ᠂ ᠳᠣᠲᠤᠭᠤᠷ ᠪᠠᠢᠢᠷᠢ ᠣᠷᠴᠢᠨ ᠦᠶ᠎ᠡ ᠢᠢᠨ ᠠᠷᠢᠭᠤᠨ ᠴᠡᠪᠡᠷ ᠦᠨ ᠪᠠᠢᠢᠭᠤᠯᠤᠮᠵᠢ ᠲᠠᠢ ᠪᠣᠯᠤᠭᠠᠳ ᠪᠠᠢᠢᠨ᠎ᠠ᠃

ᠰᠠᠯᠪᠤᠷᠢ ᠢᠢᠨ ᠶᠠᠮᠤᠨ ᠴᠢᠨᠠᠭᠰᠢᠳᠠ ᠬᠡᠦᠬᠡᠳ ᠦᠳ ᠢ ᠵᠥᠪᠬᠡᠨ ᠮᠡᠳᠡᠯᠭᠡ ᠲᠡᠶ ᠪᠢᠰᠢ᠂ ᠪᠦᠲᠦᠭᠡᠯᠴᠢ ᠰᠡᠳᠬᠢᠯᠭᠡ ᠲᠡᠶ᠂ ᠠᠮᠢᠳᠤᠷᠠᠯ ᠤᠨ ᠠᠯᠢᠪᠠ ᠰᠣᠷᠢᠯᠲᠠ᠂ ᠪᠡᠷᠬᠡᠰᠢᠶᠡᠯ ᠢ ᠳᠠᠪᠠᠨ ᠲᠤᠭᠤᠯᠬᠤ᠂ ᠬᠠᠮᠲᠤᠷᠠᠨ ᠠᠵᠢᠯᠯᠠᠬᠤ ᠴᠢᠳᠠᠪᠤᠷᠢᠲᠠᠢ᠂ ᠪᠡᠶ᠎ᠡ᠂ ᠰᠡᠳᠬᠢᠯ᠂ ᠣᠶᠤᠨ ᠤ ᠲᠠᠮᠢᠷ ᠲᠠᠢ ᠢᠷᠭᠡᠨ ᠪᠣᠯᠭᠠᠨ ᠬᠥᠭ᠍ᠵᠢᠭᠦᠯᠵᠦ᠂ ᠲᠥᠯᠦᠪᠰᠢᠭᠦᠯᠬᠦ ᠳᠥ ᠠᠩᠬᠠᠷᠬᠤ ᠶᠤᠮ᠃

ᠮᠥᠨ ᠪᠠᠭᠰᠢ ᠢᠢᠨ ᠬᠥᠭ᠍ᠵᠢᠯ᠂ ᠨᠡᠷ᠎ᠡ ᠬᠦᠨᠳᠦ᠂ ᠨᠡᠢᠢᠭᠡᠮ ᠦᠨ ᠪᠠᠲᠤᠯᠠᠭ᠎ᠠ ᠢᠢ ᠨᠢ ᠴᠣᠭᠴᠠ ᠪᠠᠷ ᠨᠢ ᠳᠡᠮᠵᠢᠬᠦ ᠵᠣᠷᠢᠯᠭ᠎ᠠ ᠪᠠᠷ «ᠪᠠᠭᠰᠢ ᠢᠢᠨ ᠓ ᠲᠤᠯᠭᠠᠭᠤᠷᠢᠲᠤ ᠪᠣᠳᠤᠯᠭ᠎ᠠ» ᠬᠡᠷᠡᠭᠵᠢᠭᠦᠯᠵᠦ ᠡᠬᠢᠯᠡᠵᠡᠶ᠃ ᠲᠡᠭᠦᠨᠴᠢᠯᠡᠨ ᠪᠠᠭᠰᠢ ᠢᠢᠨ ᠠᠵᠢᠯ ᠤᠨ ᠠᠴᠢᠶᠠᠯᠠᠯ ᠢ ᠪᠠᠭᠤᠷᠠᠭᠤᠯᠬᠤ᠂ ᠬᠢᠮᠡᠯ ᠣᠶᠤᠨ ᠤᠬᠠᠭᠠᠨ ᠢ ᠰᠤᠷᠭᠠᠯᠲᠠ ᠳᠤ ᠨᠡᠪᠲᠡᠷᠡᠭᠦᠯᠬᠦ᠂ ᠬᠦᠷᠲᠡᠭᠡᠮᠵᠢᠲᠡᠶ ᠴᠠᠬᠢᠮ ᠪᠣᠯᠪᠠᠰᠤᠷᠠᠯ ᠢ ᠬᠥᠭ᠍ᠵᠢᠭᠦᠯᠬᠦ ᠪᠣᠳᠤᠯᠭ᠎ᠠ ᠢᠢ ᠦᠶ᠎ᠡ ᠱᠠᠲᠤ ᠲᠠᠢ ᠬᠡᠷᠡᠭᠵᠢᠭᠦᠯᠦᠨ᠎ᠡ᠃

ᠶᠡᠷᠦᠩᠬᠡᠢᠢᠯᠡᠭᠴᠢ ᠤ·ᠬᠦᠷᠡᠯᠰᠦ᠋ᠬᠡ ᠮᠥᠨ ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ ᠕ ᠪᠣᠯᠤᠨ ᠑᠗ ᠳ᠋ᠤᠭᠠᠷ ᠰᠤᠷᠭᠠᠭᠤᠯᠢ ᠢᠢᠨ ᠠᠬᠠᠮᠠᠳ ᠪᠠᠭᠰᠢ ᠵᠢᠮᠪᠠ ᠢᠢᠨ ᠪᠠᠭᠠᠰᠤᠲᠤ᠂ ᠨᠡᠢᠢᠰᠯᠡᠯ ᠦᠨ ᠶᠡᠷᠦᠩᠬᠡᠢ ᠪᠣᠯᠪᠠᠰᠤᠷᠠᠯ ᠤᠨ ᠑᠒ ᠳ᠋ᠤᠭᠠᠷ ᠰᠤᠷᠭᠠᠭᠤᠯᠢ ᠢᠢᠨ ᠵᠠᠬᠢᠷᠤᠯ ᠮᠢᠰᠢᠭ᠍ᠳᠣᠷᠵᠢ ᠢᠢᠨ ᠲᠤᠤᠯᠠᠰᠠᠢᠢᠬᠠᠨ ᠨᠠᠷ ᠲᠤ ᠭᠠᠪᠢᠶᠠᠲᠤ ᠪᠠᠭᠰᠢ ᠴᠣᠯᠠ ᠬᠦᠷᠲᠡᠭᠡᠵᠦ᠂ ᠨᠡᠷ᠎ᠡ ᠪᠦᠬᠦᠢ ᠪᠠᠭᠰᠢ ᠨᠠᠷ ᠢ ᠲᠥᠷᠦ ᠢᠢᠨ ᠳᠡᠭᠡᠳᠦ ᠣᠳᠤᠨ᠂ ᠮᠧᠳᠠᠯᠢ ᠪᠠᠷ ᠱᠠᠩᠨᠠᠯ᠎ᠠ᠃