ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠡᠻᠣᠯᠣᠭᠢ ᠢᠢᠨ ᠠᠶᠤᠯ ᠦᠭᠡᠢ ᠪᠠᠢᠢᠳᠠᠯ ᠢ ᠬᠠᠩ᠋ᠭᠠᠬᠤ᠂ ᠬᠥᠷᠦᠰᠦᠨ ᠦ ᠪᠣᠬᠢᠷᠳᠠᠯ ᠢ ᠪᠠᠭᠤᠷᠠᠭᠤᠯᠬᠤ ᠵᠣᠷᠢᠯᠭ᠎ᠠ ᠪᠠᠷ ᠲᠥᠪᠯᠡᠷᠡᠭᠰᠡᠨ ᠬᠣᠭ ᠤᠨ ᠴᠡᠭ ᠦᠳ ᠢ ᠣᠢᠢᠵᠢᠭᠤᠯᠤᠨᠠ᠃
ᠣᠶᠵᠢᠭᠤᠯᠬᠤ ᠲᠥᠰᠦᠯ ᠦᠨ ᠨᠡᠭᠡᠭᠡᠯᠲᠡ ᠳᠥ ᠶᠡᠷᠦᠩᠬᠡᠢᠢᠯᠡᠭᠴᠢ ᠤ·ᠬᠦᠷᠡᠯᠰᠦ᠋ᠬᠡ ᠣᠷᠤᠯᠴᠠᠵᠤ᠂ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠢᠷᠭᠡᠳ ᠲᠡᠶ ᠬᠠᠮᠲᠤ ᠮᠣᠳᠤ ᠲᠠᠷᠢᠯ᠎ᠠ᠃



ᠲᠡᠷᠡ ᠪᠡᠷ᠂ ᠮᠣᠳᠤ ᠲᠠᠷᠢᠵᠤ᠂ ᠤᠷᠭᠤᠭᠤᠯᠬᠤ ᠨᠢ ᠴᠥᠯᠵᠢᠯᠲᠡ᠂ ᠰᠢᠷ᠎ᠠ ᠰᠢᠷᠤᠶ ᠢᠢᠨ ᠰᠢᠭᠤᠷᠭ᠎ᠠ᠂ ᠭᠠᠵᠠᠷ ᠤᠨ ᠳᠣᠷᠤᠢᠢᠲᠠᠯ ᠠᠴᠠ ᠰᠡᠷᠭᠡᠢᠢᠯᠡᠬᠦ ᠬᠠᠮᠤᠭ ᠤᠨ ᠰᠠᠢᠢᠨ ᠠᠷᠭ᠎ᠠ ᠭᠡᠵᠦ ᠦᠵᠡᠳᠡᠭ ᠢᠶᠡᠨ ᠬᠡᠯᠡᠵᠦ᠂ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠳᠥ ᠢᠳᠡᠪᠬᠢᠲᠡᠢ ᠣᠷᠤᠯᠴᠠᠵᠤ ᠪᠠᠢᠢᠭ᠎ᠠ ᠳᠣᠲᠤᠭᠠᠳᠤ᠂ ᠭᠠᠳᠠᠭᠠᠳᠤ ᠢᠢᠨ ᠪᠠᠢᠢᠭᠤᠯᠤᠯᠭ᠎ᠠ᠂ ᠬᠤᠪᠢ ᠢᠢᠨ ᠬᠡᠪᠰᠢᠯ᠂ ᠢᠷᠭᠡᠨ ᠦ ᠨᠡᠢᠢᠭᠡᠮ᠂ ᠢᠷᠭᠡᠳ ᠲᠥ ᠲᠠᠯᠠᠷᠬᠠᠯ ᠢᠯᠡᠷᠬᠡᠢᠢᠯᠡᠯ᠎ᠡ᠃
ᠴᠠᠭᠠᠨ ᠳᠠᠪᠠᠭᠠᠨ ᠤ ᠑᠕ ᠭᠠ ᠲᠠᠯᠠᠪᠠᠢ ᠳᠤ ᠓᠑᠒ ᠮᠢᠩ᠋ᠭᠠᠨ ᠰᠢᠷᠬᠡᠭ᠌ ᠬᠠᠢᠢᠯᠠᠰᠤ ᠮᠣᠳᠤᠨ ᠤ ᠰᠠᠭᠤᠯᠭᠠᠴᠠ ᠲᠠᠷᠢᠵᠤ ᠤᠷᠭᠤᠭᠤᠯᠤᠨ᠂ ᠬᠣᠭ ᠤᠨ ᠲᠣᠭᠤᠰᠤᠵᠢᠯᠲᠠ ᠢᠢ ᠪᠠᠷᠢᠬᠤ᠂ ᠠᠭᠠᠷ ᠳ᠋ᠠᠬᠢ ᠬᠣᠣᠷᠠᠲᠤ ᠪᠣᠳᠠᠰ ᠢ ᠰᠢᠭᠦᠬᠦ ᠤᠷᠭᠤᠮᠠᠯ ᠤᠨ ᠬᠠᠰᠢᠯᠭ᠎ᠠ ᠪᠤᠢ ᠪᠣᠯᠭᠠᠨ᠎ᠠ᠃
ᠣᠢ ᠢᠢᠨ ᠮᠡᠷᠭᠡᠵᠢᠯ ᠦᠨ «ᠬᠠᠮᠲᠤ ᠢᠢᠨ ᠲᠥᠭᠡᠯ» ᠬᠢᠵᠠᠭᠠᠷᠯᠠᠭᠳᠠᠮᠠᠯ ᠬᠠᠷᠢᠭᠤᠴᠠᠯᠭᠠᠲᠠᠶ ᠻᠣᠮᠫᠠᠨᠢ ᠨᠢᠭᠡ ᠵᠢᠯ᠂ ᠴᠢᠨᠠᠭᠰᠢᠳᠠ ᠨᠡᠢᠢᠰᠯᠡᠯ ᠦᠨ ᠬᠣᠲᠠ ᠲᠣᠬᠢᠵᠢᠯᠲᠠ ᠢᠢᠨ ᠭᠠᠵᠠᠷ ᠭᠤᠷᠪᠠᠨ ᠵᠢᠯ ᠠᠷᠠᠴᠢᠯᠠᠭ᠎ᠠ᠂ ᠬᠠᠮᠠᠭᠠᠯᠠᠯᠲᠠ ᠢᠢ ᠪᠦᠷᠢᠨ ᠬᠠᠷᠢᠭᠤᠴᠠᠵᠤ ᠪᠠᠢᠢᠨ᠎ᠠ᠃
ᠡᠨᠡ ᠪᠣᠯ ᠲᠥᠪᠯᠡᠷᠡᠭᠰᠡᠨ ᠬᠣᠭ ᠤᠨ ᠴᠡᠭ ᠦᠳ ᠢ ᠨᠣᠭᠤᠭᠠᠨ ᠪᠦᠰᠡ ᠪᠣᠯᠭᠠᠬᠤ ᠴᠣᠭᠴᠠ ᠠᠵᠢᠯ ᠤᠨ ᠡᠬᠢᠯᠡᠯ ᠶᠤᠮ᠃



ᠡᠨᠡ ᠬᠦᠷᠢᠶᠡᠨ ᠳᠥ ᠨᠠᠷᠠᠨ ᠤ ᠡᠩ᠋ᠭᠡᠷ᠂ ᠴᠠᠭᠠᠨ ᠳᠠᠪᠠᠭᠠᠨ ᠤ ᠕᠐ ᠭᠠ ᠲᠠᠯᠠᠪᠠᠢ ᠳᠤ ᠨᠡᠢᠢᠲᠡ ᠘᠗᠐ ᠭᠠᠷᠤᠢ ᠮᠢᠩ᠋ᠭᠠᠨ ᠨᠠᠪᠴᠢᠲᠤ ᠮᠣᠳᠤ ᠲᠠᠷᠢᠵᠤ ᠤᠷᠭᠤᠭᠤᠯᠬᠤ ᠪᠠᠷ ᠲᠥᠯᠦᠪᠯᠡᠵᠡᠶ᠃
ᠤᠯᠠᠭᠠᠨᠪᠠᠭᠠᠲᠤᠷ ᠬᠣᠲᠠ ᠳᠤ ᠨᠠᠷᠠᠨ ᠤ ᠡᠩ᠋ᠭᠡᠷ᠂ ᠴᠠᠭᠠᠨ ᠳᠠᠪᠠᠭ᠎ᠠ᠂ ᠮᠣᠷᠢᠨ ᠤ ᠳᠠᠪᠠᠭᠠᠨ ᠤ ᠭᠡᠭ᠍ᠰᠡᠨ ᠲᠥᠪᠯᠡᠷᠡᠭᠰᠡᠨ ᠭᠤᠷᠪᠠᠨ ᠬᠣᠭ ᠤᠨ ᠴᠡᠭ ᠪᠠᠢᠢᠳᠠᠭ᠃ ᠡᠨᠳᠡ ᠡᠳᠦᠷ ᠲᠥ ᠳᠤᠮᠳᠠᠵᠢ ᠪᠠᠷ ᠓᠂᠐᠐᠐ ᠣᠷᠴᠢᠮ ᠲᠣᠨ᠋᠊ᠨ᠋ ᠬᠣᠭ ᠬᠠᠶᠠᠭᠳᠠᠯ ᠢᠷᠡᠳᠡᠭ ᠪᠥᠭᠡᠳ ᠬᠣᠭ ᠬᠠᠶᠠᠭᠳᠠᠯ ᠤᠨ ᠬᠡᠮᠵᠢᠶ᠎ᠡ ᠵᠢᠯ ᠢᠷᠡᠬᠦ ᠲᠤᠰᠤᠮ ᠨᠡᠮᠡᠭᠳᠡᠵᠦ ᠪᠠᠢᠢᠨ᠎ᠠ᠃
ᠴᠠᠭᠠᠨ ᠳᠠᠪᠠᠭᠠᠨ ᠤ ᠙᠒ ᠭᠠ ᠲᠠᠯᠠᠪᠠᠢ ᠪᠦᠬᠦᠢ ᠬᠣᠭ ᠤᠨ ᠴᠡᠭ ᠲᠥ ᠬᠣᠲᠠ ᠢᠢᠨ ᠵᠡᠭᠦᠨ ᠪᠣᠯᠤᠨ ᠲᠥᠪ ᠦᠨ ᠪᠦᠰᠡ ᠢᠢᠨ ᠠᠢᠢᠯ ᠡᠷᠦᠬᠡ᠂ ᠠᠵᠤ ᠠᠬᠤᠢ ᠢᠢᠨ ᠨᠢᠭᠡᠴᠡ ᠨᠤᠭᠦᠳ ᠦᠨ ᠬᠣᠭ ᠬᠠᠶᠠᠭᠳᠠᠯ ᠢ ᠲᠥᠪᠯᠡᠷᠡᠭᠦᠯᠳᠡᠭ᠃ ᠡᠭᠦᠨ ᠦ ᠒᠓ ᠭᠠ ᠲᠠᠯᠠᠪᠠᠢ ᠨᠢ ᠬᠣᠭ ᠬᠠᠶᠠᠭᠳᠠᠯ ᠬᠦᠯᠢᠶᠡᠨ ᠠᠪᠬᠤ ᠵᠣᠷᠢᠭᠤᠯᠤᠯᠲᠠ ᠲᠠᠢ᠃
᠒᠐᠒᠐-᠒᠐᠒᠒ ᠣᠨ ᠳᠤ ᠑᠐ ᠭᠠ ᠲᠠᠯᠠᠪᠠᠢ ᠢᠢ ᠨᠥᠬᠦᠨ ᠰᠡᠷᠭᠦᠭᠡᠵᠦ᠂ ᠬᠣᠭ ᠤᠨ ᠴᠡᠭ ᠡᠴᠡ ᠲᠤᠰᠠᠭᠠᠷᠯᠠᠬᠤ ᠭᠤᠷᠪᠠᠨ ᠮᠧᠲ᠋ᠷ ᠥᠨᠳᠦᠷ ᠲᠡᠶ᠂ ᠓᠖᠐ ᠮᠧᠲ᠋ᠷ ᠤᠷᠲᠤ ᠲᠡᠮᠦᠷ ᠲᠣᠷᠤᠨ ᠬᠠᠰᠢᠶ᠎ᠠ ᠪᠠᠷᠢᠵᠠᠶ᠃



ᠨᠠᠷᠠᠨ ᠤ ᠡᠩ᠋ᠭᠡᠷ ᠦᠨ ᠬᠣᠭ ᠤᠨ ᠴᠡᠭ ᠢ ᠶᠠᠫᠣᠨ ᠤ ᠪᠤᠴᠠᠯᠲᠠ ᠦᠭᠡᠢ ᠲᠤᠰᠠᠯᠠᠮᠵᠢ ᠪᠠᠷ ᠣᠯᠠᠨ ᠤᠯᠤᠰ ᠤᠨ ᠰᠲ᠋ᠠᠨ᠋ᠳᠠᠷᠲ ᠤᠨ ᠳᠠᠭᠠᠭᠤ ᠲᠣᠬᠢᠵᠢᠭᠤᠯᠤᠭᠰᠠᠨ᠃ ᠡᠨᠳᠡ ᠬᠣᠭ ᠪᠤᠯᠠᠰᠢᠯᠠᠬᠤ ᠲᠠᠯᠠᠪᠠᠢ ᠢᠢᠨ ᠬᠥᠷᠦᠰᠦᠨ ᠳᠥ ᠪᠣᠬᠢᠷᠳᠠᠯ ᠨᠡᠪᠴᠢᠬᠦ ᠡᠴᠡ ᠬᠠᠮᠠᠭᠠᠯᠠᠬᠤ ᠲᠤᠰᠠᠭᠠᠷᠯᠠᠭᠴᠢ ᠳᠠᠪᠬᠤᠷᠭ᠎ᠠ ᠪᠠᠢᠢᠭᠤᠯᠵᠤ᠂ ᠬᠣᠭ ᠬᠠᠶᠠᠭᠳᠠᠯ ᠤᠨ ᠢᠯᠵᠠᠷᠠᠯ᠂ ᠰᠢᠭᠦᠷᠡᠯ ᠡᠴᠡ ᠡᠭᠦᠰᠬᠦ ᠪᠣᠬᠢᠷ ᠰᠢᠩ᠋ᠭᠡᠨ ᠢ ᠵᠠᠢᠢᠯᠠᠭᠤᠯᠬᠤ ᠬᠡᠪᠲᠡᠭᠡ ᠬᠣᠭᠤᠯᠠᠢ ᠢᠢᠨ ᠰᠢᠰᠲ᠋ᠧᠮ ᠰᠠᠭᠤᠷᠢᠯᠠᠭᠤᠯᠤᠭᠰᠠᠨ ᠪᠠᠢᠢᠨ᠎ᠠ᠃
᠒᠐᠒᠐-᠒᠐᠒᠒ ᠣᠨ ᠳᠤ ᠡᠨᠡ ᠬᠣᠭ ᠤᠨ ᠴᠡᠭ ᠦᠨ ᠒᠐ ᠭᠠ ᠲᠠᠯᠠᠪᠠᠢ ᠢᠢ ᠨᠥᠬᠦᠨ ᠰᠡᠷᠭᠦᠭᠡᠭ᠍ᠰᠡᠨ᠃ ᠮᠥᠨ ᠒᠐᠒᠐–᠒᠐᠒᠕ ᠣᠨ ᠳᠤ «ᠤᠯᠠᠭᠠᠨᠪᠠᠭᠠᠲᠤᠷ ᠰᠢᠨᠡᠴᠢᠯᠡᠯ» ᠬᠢᠵᠠᠭᠠᠷᠯᠠᠭᠳᠠᠮᠠᠯ ᠬᠠᠷᠢᠭᠤᠴᠠᠯᠭᠠᠲᠠᠶ ᠻᠣᠮᠫᠠᠨᠢ ᠨᠡᠢᠢᠰᠯᠡᠯ ᠦᠨ ᠬᠥᠷᠦᠩ᠋ᠭᠡ ᠪᠡᠷ ᠑᠕ ᠭᠠ ᠲᠠᠯᠠᠪᠠᠢ ᠳᠤ ᠲᠧᠺᠨᠢᠭ ᠦᠨ ᠪᠣᠯᠤᠨ ᠪᠢᠣᠯᠣᠭᠢ ᠢᠢᠨ ᠨᠥᠬᠦᠨ ᠰᠡᠷᠭᠦᠭᠡᠯᠲᠡ ᠬᠢᠵᠡᠶ᠃



«ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠡᠨᠡ ᠵᠢᠯ ᠕᠐ ᠰᠠᠶ᠎ᠠ᠂ ᠢᠷᠡᠬᠦ ᠵᠢᠯ ᠡᠴᠡ ᠑᠐᠐ ᠰᠠᠶ᠎ᠠ ᠠᠴᠠ ᠳᠡᠭᠡᠭ᠍ᠰᠢ ᠮᠣᠳᠤ ᠲᠠᠷᠢᠵᠤ᠂ ᠤᠷᠭᠤᠭᠤᠯᠤᠨ᠎ᠠ᠃
ᠥᠨᠦᠳᠦᠷ ᠦᠨ ᠪᠠᠢᠢᠳᠠᠯ ᠢᠶᠠᠷ ᠤᠯᠤᠰ ᠤᠨ ᠬᠡᠮᠵᠢᠶᠡᠨ ᠳᠥ ᠑᠒᠘ ᠰᠠᠶ᠎ᠠ ᠮᠣᠳᠤ ᠢᠢ ᠰᠢᠭᠤᠳ ᠪᠣᠯᠤᠨ ᠳᠦᠢᠴᠡᠭᠦᠯᠬᠦ ᠬᠡᠯᠪᠡᠷᠢ ᠪᠡᠷ ᠲᠠᠷᠢᠵᠤ᠂ ᠠᠷᠠᠴᠢᠯᠠᠵᠤ᠂ ᠬᠠᠮᠠᠭᠠᠯᠠᠵᠤ ᠪᠠᠢᠢᠨ᠎ᠠ᠃
᠒᠐᠓᠐ ᠣᠨ ᠭᠡᠬᠦ ᠳᠥ ᠠᠭᠤᠯᠠ ᠠᠭᠤᠷᠬᠠᠢ ᠢᠢᠨ ᠲᠣᠮᠣᠬᠠᠨ ᠠᠵᠤ ᠠᠬᠤᠢ ᠢᠢᠨ ᠨᠢᠭᠡᠴᠡ ᠨᠤᠭᠦᠳ ᠖᠐᠘ ᠰᠠᠶ᠎ᠠ᠂ ᠠᠢᠢᠮᠠᠭ᠂ ᠨᠡᠢᠢᠰᠯᠡᠯ ᠖᠘᠐ ᠭᠠᠷᠤᠢ ᠰᠠᠶ᠎ᠠ ᠮᠣᠳᠤ ᠲᠠᠷᠢᠵᠤ᠂ ᠤᠷᠭᠤᠭᠤᠯᠤᠨ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠳᠥ ᠭᠣᠣᠯᠯᠠᠬᠤ ᠬᠤᠪᠢ ᠨᠡᠮᠡᠷᠢ ᠣᠷᠤᠭᠤᠯᠬᠤ ᠠᠮᠠᠯᠠᠯᠲᠠ ᠠᠪᠤᠭᠰᠠᠨ᠃
ᠡᠨᠡ ᠳᠠᠭᠠᠭᠤ ᠦᠶ᠎ᠡ ᠱᠠᠲᠤ ᠲᠠᠢ ᠲᠥᠯᠦᠪᠯᠡᠭᠡ ᠭᠠᠷᠭᠠᠨ ᠪᠡᠯᠡᠳᠬᠡᠯ ᠢᠶᠡᠨ ᠬᠠᠩ᠋ᠭᠠᠵᠤ᠂ ᠢᠷᠡᠬᠦ ᠵᠢᠯ ᠦᠳ ᠡᠴᠡ ᠲᠠᠷᠢᠯᠲᠠ ᠪᠠᠨ ᠡᠷᠡᠰ ᠡᠷᠴᠢᠮᠵᠢᠭᠦᠯᠦᠨ᠎ᠡ᠃
ᠦᠨᠳᠦᠰᠦᠨ ᠦ ᠬᠥᠳᠡᠯᠭᠡᠭᠡᠨ ᠥᠷᠨᠢᠭᠰᠡᠨ ᠒᠐᠒᠑ ᠣᠨ ᠳᠤ ᠘ ᠰᠠᠶ᠎ᠠ ᠪᠠᠢᠢᠭᠰᠠᠨ ᠲᠠᠷᠢᠴᠠ᠂ ᠰᠠᠭᠤᠯᠭᠠᠴᠠ ᠢᠢᠨ ᠨᠥᠭᠡᠴᠡ ᠣᠳᠤ ᠑᠖᠔ ᠰᠠᠶ᠎ᠠ ᠳᠤ ᠬᠦᠷᠴᠦ᠂ ᠮᠣᠳᠤ ᠦᠷᠡᠵᠢᠭᠦᠯᠭᠡ ᠢᠢᠨ ᠭᠠᠵᠠᠷ᠂ ᠲᠤᠰᠬᠠᠢ ᠵᠥᠪᠰᠢᠶᠡᠷᠡᠯ ᠲᠡᠶ ᠠᠵᠤ ᠠᠬᠤᠢ ᠢᠢᠨ ᠨᠢᠭᠡᠴᠡ᠂ ᠨᠥᠬᠦᠷᠯᠡᠯ ᠦᠨ ᠲᠣᠭ᠎ᠠ ᠬᠡᠳᠦᠨ ᠵᠠᠭᠤ ᠪᠠᠷ ᠨᠡᠮᠡᠭᠳᠡᠭᠡᠳ ᠪᠠᠢᠢᠨ᠎ᠠ᠃










