Та "Internet explorer"-ийн сүүлийн хувилбар болох "Microsoft edge"-г ашиглана уу

Хэрэв "Microsoft edge"-г татах бол энд дарж татаж авна уу

ᠶᠡᠷᠦᠩᠬᠡᠢᠢᠯᠡᠭᠴᠢ ᠤ·ᠬᠦᠷᠡᠯᠰᠦ᠋ᠬᠡ ᠲᠠᠻᠰᠢ ᠦᠢᠯᠡᠴᠢᠯᠡᠭᠡ ᠡᠷᠬᠢᠯᠡᠭᠴᠢᠳ ᠦᠨ ᠲᠥᠯᠦᠭᠡᠯᠡᠯ ᠲᠡᠶ ᠠᠭᠤᠯᠵᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠑·᠘ ᠰᠠᠶ᠎ᠠ ᠬᠡᠷᠡᠭᠯᠡᠭᠴᠢ ᠲᠡᠶ «UB cab» ᠻᠣᠮᠫᠠᠨᠢ ᠪᠣᠯᠤᠨ ᠑᠒᠐ ᠮᠢᠩ᠋ᠭ᠎ᠠ ᠭᠠᠷᠤᠢ ᠵᠢᠯᠤᠭᠤᠴᠢ ᠢᠢᠨ ᠲᠥᠯᠦᠭᠡᠯᠡᠯ ᠪᠣᠯᠤᠭᠰᠠᠨ ᠲᠠᠻᠰᠢ ᠦᠢᠯᠡᠴᠢᠯᠡᠭᠡ ᠡᠷᠬᠢᠯᠡᠭᠴᠢᠳ ᠦᠨ ᠲᠥᠯᠦᠭᠡᠯᠡᠯ ᠲᠡᠶ ᠠᠭᠤᠯᠵᠠᠯ᠎ᠠ᠃

ᠶᠡᠷᠦᠩᠬᠡᠢᠢᠯᠡᠭᠴᠢ᠂ ᠣᠷᠤᠯᠭ᠎ᠠ ᠣᠯᠵᠤ᠂ ᠠᠮᠢᠳᠤᠷᠠᠯ ᠠᠬᠤᠢ ᠪᠠᠨ ᠳᠡᠭᠡᠭ᠍ᠰᠢᠯᠠᠭᠦᠯᠬᠦ ᠢᠢᠨ ᠵᠡᠷᠭᠡᠴᠡᠭᠡ ᠢᠷᠭᠡᠳ ᠦᠨ ᠢᠲᠡᠭᠡᠯ ᠢ ᠬᠦᠯᠢᠶᠡᠭᠰᠡᠨ᠂ ᠱᠠᠭᠠᠷᠳᠠᠯᠭ᠎ᠠ ᠬᠠᠩ᠋ᠭᠠᠭᠰᠠᠨ᠂ ᠨᠠᠢᠢᠳᠠᠪᠤᠷᠢᠲᠠᠢ᠂ ᠠᠶᠤᠯ ᠦᠭᠡᠢ᠂ ᠰᠣᠶᠤᠯ ᠲᠠᠶ ᠦᠢᠯᠡᠴᠢᠯᠡᠭᠡ ᠨᠡᠪᠲᠡᠷᠡᠭᠦᠯᠵᠦ ᠪᠠᠢᠢᠭ᠎ᠠ ᠲᠠᠻᠰᠢ ᠦᠢᠯᠡᠴᠢᠯᠡᠭᠡ ᠡᠷᠬᠢᠯᠡᠭᠴᠢᠳ ᠲᠥ ᠲᠠᠯᠠᠷᠬᠠᠯ ᠢᠯᠡᠷᠬᠡᠢᠢᠯᠡᠯ᠎ᠡ᠃

ᠲᠡᠷᠡ ᠪᠡᠷ ᠲᠥᠷᠦ ᠢᠢᠨ ᠲᠡᠷᠢᠭᠦᠨ ᠢᠶᠡᠷ ᠰᠣᠩ᠋ᠭᠤᠭᠳᠠᠭᠰᠠᠨ ᠠᠴᠠ ᠪᠠᠨ ᠬᠣᠢᠢᠰᠢ ᠬᠢᠭ᠍ᠰᠡᠨ ᠠᠵᠢᠯ᠂ «ᠬᠦᠨᠡᠰᠦᠨ ᠦ ᠬᠤᠪᠢᠰᠬᠠᠯ»᠂ «ᠴᠠᠭᠠᠨ ᠠᠯᠲᠠ»᠂ «ᠲᠡᠷᠪᠤᠮ ᠮᠣᠳᠤ»᠂ «ᠡᠷᠡᠭᠦᠯ ᠮᠣᠩ᠋ᠭᠤᠯ ᠬᠦᠮᠦᠨ»᠂ «ᠢᠯᠡᠭᠡᠯᠲᠡ-᠒᠑᠐᠐» ᠵᠡᠷᠭᠡ ᠦᠨᠳᠦᠰᠦᠨ ᠦ ᠬᠥᠳᠡᠯᠭᠡᠭᠡᠨ᠂ ᠬᠥᠲᠦᠯᠪᠦᠷᠢ ᠢᠢᠨ ᠬᠡᠷᠡᠭᠵᠢᠯᠲᠡ᠂ ᠭᠠᠳᠠᠭᠠᠳᠤ ᠬᠠᠷᠢᠯᠴᠠᠭ᠎ᠠ᠂ ᠨᠡᠢᠢᠭᠡᠮ᠂ ᠡᠳ᠋ ᠦᠨ ᠵᠠᠰᠠᠭ ᠤᠨ ᠪᠠᠢᠢᠳᠠᠯ ᠵᠡᠷᠭᠡ ᠢᠢᠨ ᠲᠠᠯ᠎ᠠ ᠪᠠᠷ ᠲᠣᠪᠴᠢ ᠲᠠᠨᠢᠯᠴᠠᠭᠤᠯᠤᠯ᠎ᠠ᠃

ᠴᠢᠨᠠᠭᠰᠢᠳᠠ ᠲᠥᠷᠦ᠂ ᠵᠠᠰᠠᠭ᠂ ᠲᠦᠮᠡᠨ ᠣᠯᠠᠨ ᠢᠶᠠᠷ ᠢᠶᠠᠨ ᠣᠯᠤᠯᠲᠠ᠂ ᠠᠮᠵᠢᠯᠲᠠ ᠪᠠᠨ ᠪᠠᠲᠤᠳᠬᠠᠨ᠂ ᠬᠦᠮᠦᠨ ᠪᠦᠷᠢ ᠠᠵᠢᠯ ᠬᠥᠳᠡᠯᠮᠦᠷᠢ ᠡᠷᠬᠢᠯᠡᠵᠦ᠂ ᠡᠪ ᠢ ᠡᠷᠬᠢᠮᠯᠡᠨ᠂ ᠤᠯᠤᠰ ᠣᠷᠤᠨ ᠢᠶᠠᠨ ᠬᠥᠭ᠍ᠵᠢᠭᠦᠯᠬᠦ ᠢᠢᠨ ᠲᠥᠯᠦᠭᠡ ᠬᠠᠮᠲᠤᠷᠠᠨ ᠵᠢᠳᠬᠦᠬᠦ ᠢᠢ ᠤᠷᠢᠶᠠᠯᠠᠯ᠎ᠠ᠃

«UBCab» ᠨᠢ ᠵᠥᠪᠬᠡᠨ ᠲᠠᠻᠰᠢ ᠳᠠᠭᠤᠳᠠᠯᠭ᠎ᠠ ᠢᠢᠨ ᠪᠤᠰᠤ᠂ ᠬᠣᠭᠤᠯᠠ᠂ ᠬᠦᠨᠡᠰᠦ᠂ ᠰᠢᠦᠳᠠᠨ ᠬᠦᠷᠭᠡᠯᠲᠡ᠂ ᠰᠢᠭᠤᠷᠬᠠᠢ ᠢᠯᠡᠭᠡᠮᠵᠢ᠂ ᠳᠠᠭᠤᠳᠠᠯᠭ᠎ᠠ ᠢᠢᠨ ᠵᠢᠯᠤᠭᠤᠴᠢ᠂ ᠶᠠᠭᠠᠷᠠᠯᠲᠠᠢ ᠠᠦ᠋ᠲ᠋ᠣ᠋ ᠲᠤᠰᠠᠯᠠᠮᠵᠢ ᠵᠡᠷᠭᠡ ᠦᠢᠯᠡᠴᠢᠯᠡᠭᠡ ᠢᠢ ᠨᠢᠭᠡᠳᠬᠡᠭ᠍ᠰᠡᠨ ᠲᠧᠺᠨᠣᠯᠤᠭᠢ ᠢᠢᠨ ᠻᠣᠮᠫᠠᠨᠢ ᠶᠤᠮ᠃

ᠡᠨᠳᠡ ᠣᠷᠤᠨ ᠳᠠᠶᠠᠭᠠᠷ ᠑᠒᠐ ᠮᠢᠩ᠋ᠭᠠᠨ ᠵᠢᠯᠤᠭᠤᠴᠢ ᠬᠥᠳᠡᠯᠮᠦᠷᠢ ᠡᠷᠬᠢᠯᠡᠵᠦ᠂ ᠣᠷᠤᠯᠭ᠎ᠠ ᠣᠯᠳᠠᠭ ᠪᠥᠭᠡᠳ ᠲᠡᠳᠡᠨ ᠦ ᠳᠤᠮᠳᠠ ᠪᠠᠭᠰᠢ᠂ ᠡᠮᠴᠢ᠂ ᠲᠥᠷᠦ ᠢᠢᠨ ᠠᠯᠪᠠᠨ ᠬᠠᠭᠠᠭᠴᠢ᠂ ᠠᠬᠠᠮᠠᠳ ᠨᠠᠰᠤᠲᠠᠨ ᠭᠡᠳ ᠪᠦᠬᠦ ᠰᠠᠯᠪᠤᠷᠢ ᠢᠢᠨ ᠢᠷᠭᠡᠳ ᠨᠢᠭᠡᠳᠦᠭᠡᠳ ᠪᠠᠢᠢᠨ᠎ᠠ᠃

ᠰᠡᠭᠦᠯ ᠦᠨ ᠕ ᠵᠢᠯ ᠳᠥ «UBCab» ᠻᠣᠮᠫᠠᠨᠢ ᠤᠯᠤᠰ ᠤᠨ ᠲᠥᠰᠦᠪ ᠲᠥ ᠑᠑ ᠲᠡᠷᠪᠤᠮ᠂ ᠵᠢᠯᠤᠭᠤᠴᠢ ᠨᠠᠷ ᠔·᠑ ᠲᠡᠷᠪᠤᠮ ᠲᠥᠭᠦᠷᠢᠭ᠌ ᠦᠨ ᠲᠠᠲᠠᠪᠤᠷᠢ ᠲᠥᠯᠦᠭᠰᠡᠨ᠃

ᠲᠤᠰ ᠻᠣᠮᠫᠠᠨᠢ ᠲᠥᠷᠦ᠂ ᠬᠤᠪᠢ ᠢᠢᠨ ᠬᠡᠪᠰᠢᠯ ᠦᠨ ᠲᠦᠩᠰᠢᠯᠡᠯ ᠳᠥ ᠲᠤᠯᠭᠠᠭᠤᠷᠢᠯᠠᠨ ᠵᠢᠯᠤᠭᠤᠴᠢ ᠨᠠᠷ ᠤᠨ ᠢᠶᠠᠨ ᠠᠮᠢᠳᠤᠷᠠᠯ ᠤᠨ ᠴᠢᠨᠠᠷ ᠢ ᠳᠡᠭᠡᠭ᠍ᠰᠢᠯᠠᠭᠦᠯᠬᠦ ᠢᠢ ᠵᠣᠷᠢᠵᠤ ᠪᠠᠢᠢᠭ᠎ᠠ ᠢᠢ ᠭᠦᠢᠴᠡᠳᠬᠡᠬᠦ ᠵᠠᠬᠢᠷᠤᠯ ᠣ·ᠵᠣᠯᠪᠠᠶᠠᠷ ᠬᠡᠯᠡᠯ᠎ᠡ᠃

ᠵᠢᠯᠤᠭᠤᠴᠢ ᠨᠠᠷ ᠢ ᠲᠥᠷᠦ ᠢᠢᠨ ᠦᠢᠯᠡᠴᠢᠯᠡᠭᠡ᠂ ᠵᠠᠬᠢᠶᠠᠯᠠᠭᠠᠲᠤ ᠲᠡᠭᠡᠭᠡᠪᠦᠷᠢ᠂ ᠵᠢᠭᠤᠯᠴᠢᠨ ᠲᠡᠭᠡᠭᠡᠪᠦᠷᠢ ᠳᠤ ᠬᠠᠮᠤᠷᠤᠭᠤᠯᠵᠤ᠂ ᠲᠣᠭᠲᠠᠮᠠᠯ ᠣᠷᠤᠯᠭ᠎ᠠ ᠲᠠᠶ᠂ ᠨᠠᠢᠢᠳᠠᠪᠤᠷᠢᠲᠠᠢ ᠵᠢᠯᠤᠭᠤᠴᠢ ᠨᠠᠷ ᠢ ᠠᠦ᠋ᠲ᠋ᠣᠮᠠᠱᠢᠨ ᠢᠶᠠᠨ ᠰᠢᠨᠡᠴᠢᠯᠠᠬᠦ᠂ ᠣᠷᠤᠨ ᠰᠠᠭᠤᠴᠠ ᠲᠠᠢ ᠪᠣᠯᠭᠠᠬᠤ ᠳᠤ ᠪᠣᠳᠤᠯᠭ᠎ᠠ ᠢᠢᠨ ᠳᠡᠮᠵᠢᠯᠭᠡ ᠦᠵᠡᠭᠦᠯᠬᠦ ᠢᠢ ᠬᠦᠰᠡᠯ᠎ᠡ᠃

ᠶᠡᠷᠦᠩᠬᠡᠢᠢᠯᠡᠭᠴᠢ ᠲᠠᠻᠰᠢ ᠦᠢᠯᠡᠴᠢᠯᠡᠭᠡ ᠡᠷᠬᠢᠯᠡᠭᠴᠢᠳ ᠲᠡᠶ ᠠᠭᠤᠯᠵᠠᠬᠤ ᠦᠶ᠎ᠡ ᠪᠡᠷ ᠢᠶᠡᠨ «UBCab» ᠬᠢᠵᠠᠭᠠᠷᠯᠠᠭᠳᠠᠮᠠᠯ ᠬᠠᠷᠢᠭᠤᠴᠠᠯᠭᠠᠲᠠᠶ ᠻᠣᠮᠫᠠᠨᠢ ᠢᠢᠨ ᠲᠠᠻᠰᠢ ᠦᠢᠯᠡᠴᠢᠯᠡᠭᠡᠨ ᠦ ᠠᠬᠠᠮᠠᠳ ᠵᠢᠯᠤᠭᠤᠴᠢ ᠯᠤᠪᠰᠠᠩᠴᠡᠷᠢᠩ ᠦᠨ ᠪᠠᠰᠠᠩᠪᠠᠶᠠᠷ ᠲᠤ ᠭᠠᠪᠢᠶᠠᠲᠤ ᠲᠡᠭᠡᠭᠡᠪᠦᠷᠢᠴᠢᠨ ᠴᠣᠯᠠ ᠬᠦᠷᠲᠡᠭᠡᠵᠦ᠂ ᠨᠡᠷ᠎ᠡ ᠪᠦᠬᠦᠢ ᠵᠢᠯᠤᠭᠤᠴᠢ ᠨᠠᠷ ᠢ ᠲᠥᠷᠦ ᠢᠢᠨ ᠳᠡᠭᠡᠳᠦ ᠣᠳᠤᠨ᠂ ᠮᠧᠳᠠᠯᠢ ᠪᠠᠷ ᠱᠠᠩᠨᠠᠯ᠎ᠠ᠃

ᠲᠡᠭᠡᠭᠡᠪᠦᠷᠢ ᠢᠢᠨ ᠰᠠᠯᠪᠤᠷᠢ ᠨᠢ ᠮᠠᠨ ᠤ ᠤᠯᠤᠰ ᠤᠨ ᠳᠣᠲᠤᠭᠠᠳᠤ ᠢᠢᠨ ᠨᠡᠢᠢᠲᠡ ᠪᠦᠲᠦᠭᠡᠭ᠍ᠳᠡᠬᠦᠨ ᠦ ᠘ ᠣᠷᠴᠢᠮ ᠬᠤᠪᠢ᠂ ᠨᠡᠢᠢᠲᠡ ᠠᠵᠢᠯᠯᠠᠬᠤ ᠬᠦᠴᠦᠨ ᠦ ᠖-᠘ ᠬᠤᠪᠢ ᠢᠢ ᠡᠵᠡᠯᠡᠳᠡᠭ᠂ ᠨᠡᠢᠢᠭᠡᠮ᠂ ᠡᠳ᠋ ᠦᠨ ᠵᠠᠰᠠᠭ ᠲᠤ ᠴᠢᠬᠤᠯᠠ ᠨᠥᠯᠦᠭᠡ ᠦᠵᠡᠭᠦᠯᠳᠡᠭ᠃

ᠶᠡᠷᠦᠩᠬᠡᠢᠢᠯᠡᠭᠴᠢ ᠰᠠᠨᠠᠭᠠᠴᠢᠯᠠᠭ᠎ᠠ ᠭᠠᠷᠭᠠᠨ «ᠲᠷᠠᠨ᠋ᠽᠢᠲ᠋ ᠮᠣᠩ᠋ᠭᠣᠯ» ᠦᠨᠳᠦᠰᠦᠨ ᠦ ᠬᠥᠲᠦᠯᠪᠦᠷᠢ ᠬᠡᠷᠡᠭᠵᠢᠭᠦᠯᠵᠦ᠂ ᠮᠣᠩ᠋ᠭᠣᠯ ᠤᠯᠤᠰ-ᠠᠽᠢ᠂ ᠧᠦ᠋ᠷᠣᠫᠠ ᠢᠢ ᠬᠣᠯᠪᠤᠭᠰᠠᠨ ᠲᠡᠭᠡᠭᠡᠪᠦᠷᠢ ᠯᠣᠭᠢᠰᠲ᠋ᠢᠭ ᠤᠨ ᠵᠠᠩ᠋ᠭᠢᠯᠠᠭ᠎ᠠ ᠲᠥᠪ ᠪᠣᠯᠬᠤ ᠵᠣᠷᠢᠯᠲᠠ ᠳᠡᠪᠰᠢᠭᠦᠯᠦᠭᠰᠡᠨ᠃

ᠮᠥᠨ ᠶᠡᠷᠦᠩᠬᠡᠢ ᠰᠠᠢᠢᠳ ᠪᠠᠢᠢᠬᠤ ᠳᠤ ᠪᠠᠨ ᠠᠩᠬ᠎ᠠ ᠤᠳᠠᠭ᠎ᠠ «ᠲᠥᠷᠦ ᠡᠴᠡ ᠠᠦ᠋ᠲ᠋ᠣ᠋ ᠲᠡᠭᠡᠭᠡᠪᠦᠷᠢ ᠢᠢᠨ ᠲᠠᠯ᠎ᠠ ᠪᠠᠷ ᠪᠠᠷᠢᠮᠲᠠᠯᠠᠬᠤ ᠪᠣᠳᠤᠯᠭ᠎ᠠ» ᠢᠢ ᠪᠠᠲᠤᠯᠠᠭᠤᠯᠵᠤ᠂ «ᠵᠠᠮ ᠤᠨ ᠬᠥᠳᠡᠯᠭᠡᠭᠡᠨ ᠦ ᠠᠶᠤᠯ ᠦᠭᠡᠢ ᠪᠠᠢᠢᠳᠠᠯ ᠤᠨ ᠦᠨᠳᠦᠰᠦᠨ ᠦ ᠵᠥᠪᠯᠡᠯ» ᠪᠠᠢᠢᠭᠤᠯᠤᠨ ᠠᠵᠢᠯᠯᠠᠭᠤᠯᠵᠤ ᠪᠠᠢᠢᠯ᠎ᠠ᠃

ᠵᠠᠮ᠂ ᠲᠡᠭᠡᠭᠡᠪᠦᠷᠢ ᠢᠢᠨ ᠬᠥᠭ᠍ᠵᠢᠯ ᠦᠨ ᠶᠠᠮᠤᠨ ᠴᠢᠨᠠᠭᠰᠢᠳᠠ ᠡᠷᠬᠡ ᠵᠦᠢ ᠢᠢᠨ ᠰᠢᠨᠡᠴᠢᠯᠡᠯ ᠬᠢᠵᠦ᠂ ᠲᠡᠭᠡᠭᠡᠪᠦᠷᠢᠴᠢᠳ ᠦᠨ ᠬᠥᠳᠡᠯᠮᠦᠷᠢ ᠢᠢᠨ ᠵᠠᠬ᠎ᠠ ᠵᠡᠭᠡᠯᠢ ᠢᠢ ᠬᠠᠮᠠᠭᠠᠯᠠᠵᠤ᠂ ᠶᠠᠳᠠᠭᠤᠷᠠᠯ ᠢ ᠪᠠᠭᠤᠷᠠᠭᠤᠯᠬᠤ᠂ ᠰᠠᠯᠪᠤᠷᠢ ᠢᠢᠨ ᠬᠠᠷᠢᠭᠤᠴᠠᠯᠭ᠎ᠠ ᠢᠢ ᠳᠡᠭᠡᠭ᠍ᠰᠢᠯᠠᠭᠦᠯᠬᠦ᠂ ᠶᠣᠰᠤ ᠵᠦᠢ ᠢᠢ ᠰᠠᠢᠢᠵᠢᠷᠠᠭᠤᠯᠬᠤ ᠳᠤ ᠠᠩᠬᠠᠷᠬᠤ ᠶᠤᠮ ᠪᠠᠢᠢᠨ᠎ᠠ᠃