Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠵᠠᠪᠬᠠᠨ ᠠᠶᠢᠮᠠᠭ ᠤᠨ ᠶᠡᠬᠡ-ᠠᠭᠤᠯᠠ ᠰᠤᠮᠤ ᠶᠢᠨ ᠠᠷᠤ ᠭᠠᠩᠭ᠎ᠠ ᠠᠭᠤᠯᠠ ᠢᠢᠨ ᠣᠢ ᠶᠢᠨ ᠴᠡᠪᠡᠷᠯᠡᠭᠡᠨ ᠦ ᠠᠵᠢᠯ ᠤᠨ ᠶᠠᠪᠤᠴᠠ ᠲᠠᠢ ᠲᠠᠨᠢᠯᠴᠠᠯ᠎ᠠ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠵᠠᠪᠬᠠᠨ ᠠᠢᠢᠮᠠᠭ ᠤᠨ ᠶᠡᠬᠡ-ᠠᠭᠤᠯᠠ ᠰᠤᠮᠤ ᠢᠢᠨ ᠨᠤᠲᠤᠭ ᠠᠷᠤ ᠭᠠᠩᠭ᠎ᠠ ᠠᠭᠤᠯᠠ ᠢᠢᠨ ᠣᠢ ᠢᠢᠨ ᠴᠡᠪᠡᠷᠯᠡᠭᠡᠨ ᠦ ᠠᠵᠢᠯ ᠤᠨ ᠶᠠᠪᠤᠴᠠ ᠲᠠᠢ ᠲᠠᠨᠢᠯᠴᠠᠯ᠎ᠠ᠃ ᠰᠢᠲᠠᠭᠰᠠᠨ ᠣᠢ ᠢᠢ ᠴᠡᠪᠡᠷᠯᠡᠬᠦ ᠠᠵᠢᠯ ᠳᠤ ᠲᠥᠷᠥ ᠢᠢᠨ ᠪᠣᠯᠤᠨ ᠲᠥᠷᠥ ᠢᠢᠨ ᠪᠤᠰᠤ ᠣᠯᠠᠨ ᠪᠠᠢᠢᠭᠤᠯᠤᠯᠭ᠎ᠠ ᠣᠷᠣᠯᠴᠠᠵᠤ ᠪᠠᠢᠢᠭ᠎ᠠ ᠠᠴᠠ ᠭᠠᠳᠠᠨ᠎ᠠ ᠠᠬᠠᠯᠠᠬᠤ ᠠᠩᠬᠢ ᠢᠢᠨ ᠰᠤᠷᠤᠭᠴᠢᠳ᠂ ᠬᠠᠤᠯᠢ ᠰᠠᠬᠢᠭᠤᠯᠬᠤ ᠢᠢᠨ ᠶᠡᠬᠡ ᠰᠤᠷᠭᠠᠭᠤᠯᠢ ᠢᠢᠨ ᠰᠣᠨᠣᠰᠤᠭᠴᠢᠳ ᠮᠥᠨ ᠭᠠᠷ ᠪᠡᠶ᠎ᠡ ᠣᠷᠣᠯᠴᠠᠵᠤ ᠪᠠᠢᠢᠭᠰᠠᠨ ᠶᠤᠮ᠃

 

ᠤᠴᠢᠷ ᠨᠢ᠂ ᠵᠠᠪᠬᠠᠨ ᠠᠢᠢᠮᠠᠭ ᠤᠨ ᠵᠠᠰᠠᠭ ᠳᠠᠷᠤᠭ᠎ᠠ ᠳ ∙ ᠪᠠᠲᠤᠰᠠᠢᠢᠬᠠᠨ 2018 ᠣᠨ ᠤ ᠨᠠᠢᠢᠮᠠᠳᠤᠭᠠᠷ ᠰᠠᠷ᠎ᠠ ᠢᠢᠨ 2 ᠍ ᠤ ᠡᠳᠦᠷ 《ᠵᠥᠪ ᠲᠡᠮᠡᠦᠯᠦᠯ-ᠡᠬᠡ ᠣᠷᠣᠨᠴᠢ ᠮᠠᠩᠯᠠᠢᠢᠯᠠᠯ》 ᠰᠡᠳᠦᠪᠲᠦ ᠰᠤᠷᠭᠠᠯᠲᠠ ᠵᠣᠬᠢᠶᠠᠨ ᠪᠠᠢᠢᠭᠤᠯᠬᠤ ᠵᠠᠬᠢᠷᠤᠮᠵᠢ ᠭᠠᠷᠭᠠᠭᠰᠠᠨ ᠪᠥᠭᠡᠳ ᠤᠭ ᠵᠠᠬᠢᠷᠤᠮᠵᠢ ᠢᠢᠨ ᠬᠦᠷᠢᠶᠡᠨ ᠳᠥ ᠪᠠᠲᠤᠯᠠᠨ ᠬᠠᠮᠠᠭᠠᠯᠠᠬᠤ ᠶᠠᠮᠤ᠂ ᠵᠡᠪᠰᠡᠭᠲᠦ ᠬᠦᠴᠦᠨ ᠦ ᠵᠠᠩᠵᠤᠨ ᠱᠲ᠋ᠠᠪ᠂ ᠬᠢᠯᠢ ᠬᠠᠮᠠᠭᠠᠯᠠᠬᠤ ᠶᠡᠷᠦᠩᠬᠡᠢ ᠭᠠᠵᠠᠷ ᠤᠨ ᠳᠡᠮᠵᠢᠯᠭᠡ ᠲᠡᠢ ᠪᠡᠷ ᠵᠠᠪᠬᠠᠨ ᠠᠢᠢᠮᠠᠭ ᠲᠤ ᠦᠢᠯᠡ ᠠᠵᠢᠯᠯᠠᠭ᠎ᠠ ᠶᠠᠪᠤᠭᠤᠯᠵᠤ ᠪᠤᠢ 12 ᠵᠢᠯ ᠦᠨ ᠰᠤᠷᠭᠠᠯᠲᠠ ᠲᠠᠢ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ 11᠂ 12 ᠳ᠋ᠤᠭᠠᠷ ᠠᠩᠬᠢ ᠢᠢᠨ ᠰᠤᠷᠤᠭᠴᠢᠳ ᠢ ᠬᠠᠮᠤᠷᠤᠭᠤᠯᠤᠨ ᠰᠤᠷᠭᠠᠯᠲᠠ ᠵᠣᠬᠢᠶᠠᠨ ᠪᠠᠢᠢᠭᠤᠯᠬᠤ ᠪᠠᠷ ᠪᠣᠯᠵᠠᠢ᠃

 

ᠡᠨᠡ ᠰᠤᠷᠭᠠᠯᠲᠠ ᠢᠢᠨ ᠨᠢᠭᠡ ᠬᠡᠰᠡᠭ ᠨᠢ ᠰᠢᠲᠠᠭᠰᠠᠨ ᠣᠢ ᠢᠢᠨ ᠴᠡᠪᠡᠷᠯᠡᠭᠡ ᠪᠥᠭᠡᠳ ᠰᠤᠷᠤᠭᠴᠢᠳ ᠲᠤ ᠰᠡᠳᠬᠢᠯ ᠵᠦᠢ ᠢᠢᠨ ᠪᠡᠯᠡᠳᠬᠡᠯ᠂ ᠭᠠᠯ ᠤᠨ ᠪᠡᠯᠡᠳᠬᠡᠯ᠂ ᠴᠡᠷᠢᠭ ᠦᠨ ᠳᠦᠷᠢᠮ᠂ ᠵᠢᠭ᠌ᠰᠠᠭᠠᠯ ᠤᠨ ᠪᠡᠯᠡᠳᠬᠡᠯ᠂ ᠠᠮᠢᠳᠤ ᠭᠠᠷᠬᠤ ᠤᠬᠠᠭᠠᠨ᠂ ᠪᠡᠶ᠎ᠡ ᠢᠢᠨ ᠲᠠᠮᠢᠷ ᠭᠠᠷᠳᠠᠨ ᠲᠤᠯᠤᠭᠠᠨ᠂ ᠴᠡᠷᠢᠭ ᠡᠬᠡ ᠣᠷᠣᠨᠴᠢ ᠬᠦᠮᠦᠵᠢᠯ ᠵᠡᠷᠭᠡ ᠰᠡᠳᠦᠪ ᠢᠶᠡᠷ ᠬᠢᠴᠢᠶᠡᠯ ᠣᠷᠣᠵᠤ᠂ ᠳᠠᠷᠠᠭ᠎ᠠ ᠨᠢ ᠮᠡᠷᠭᠡᠵᠢᠯ ᠦᠨ ᠪᠠᠭ ᠢᠢᠠᠷ ᠠᠬᠠᠯᠠᠭᠤᠯᠤᠨ ᠣᠢ ᠢᠢᠨ ᠴᠡᠪᠡᠷᠯᠡᠭᠡᠨ ᠳᠥ ᠣᠷᠤᠯᠴᠠᠭᠤᠯᠤᠭᠰᠠᠨ ᠪᠠᠢᠢᠨ᠎ᠠ᠃

 

ᠰᠲ᠋ᠠᠲ᠋ᠢᠰᠲ᠋ᠢᠺ ᠮᠡᠳᠡᠭᠡᠯᠡᠯ ᠡᠴᠡ ᠬᠠᠷᠠᠬᠤ ᠳᠤ᠄

 

ᠮᠣᠩᠭ᠋ᠣᠯ ᠤᠯᠤᠰ ᠤᠨ ᠬᠡᠮᠵᠢᠶᠡᠨ ᠳᠥ 18᠂7 ᠰᠠᠶ᠎ᠠ ᠭᠠ ᠣᠢ ᠪᠠᠢᠢᠭ᠎ᠠ ᠠᠴᠠ 1᠂708᠂266 ᠰᠠᠶ᠎ᠠ ᠭᠠ ᠪᠤᠶᠤ 9.4 ᠬᠤᠪᠢ ᠨᠢ ᠰᠢᠲᠠᠭᠰᠠᠨ

ᠵᠠᠪᠬᠠᠨ ᠠᠢᠢᠮᠠᠭ ᠲᠤ 732᠂065 ᠭᠠ ᠪᠤᠶᠤ ᠤᠯᠤᠰ ᠤᠨ ᠨᠡᠢᠢᠲᠡ ᠣᠢ ᠢᠢᠨ ᠳᠥᠷᠪᠡᠨ ᠬᠤᠪᠢ ᠪᠠᠢᠢᠳᠠᠭ ᠴᠤ ᠣᠢ ᠢᠢᠨ 133᠂089 ᠭᠠ ᠪᠤᠶᠤ 18᠂17 ᠬᠤᠪᠢ ᠨᠢ ᠰᠢᠲᠠᠭᠰᠠᠨ ᠪᠠᠢᠢᠨ᠎ᠠ᠃

ᠬᠠᠷᠢᠨ ᠶᠡᠬᠡ-ᠠᠭᠤᠯᠠ ᠰᠤᠮᠤ ᠢᠢᠨ 123᠂569 ᠭᠠ ᠣᠢ ᠢᠢᠨ 27᠂799 ᠭᠠ ᠪᠤᠶᠤ 22᠂5 ᠬᠤᠪᠢ ᠨᠢ ᠰᠢᠲᠠᠵᠠᠢ᠃

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢ ᠵᠠᠪᠬᠠᠨ ᠠᠢᠢᠮᠠᠭ ᠤᠨ ᠠᠷᠤ ᠭᠠᠩᠭ᠋᠎ᠠ ᠠᠭᠤᠯᠠ ᠢᠢᠨ ᠣᠢ ᠢᠢᠨ ᠴᠡᠪᠡᠷᠯᠡᠭᠡᠨ ᠦ ᠠᠵᠢᠯ ᠤᠨ ᠶᠠᠪᠤᠴᠠ ᠲᠠᠢ ᠲᠠᠨᠢᠯᠴᠠᠬᠤ ᠦᠶ᠎ᠡ ᠪᠡᠷ ᠵᠠᠪᠬᠠᠨ ᠠᠢᠢᠮᠠᠭ ᠤᠨ ᠪᠠᠢᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠭᠠᠵᠠᠷ ᠤᠨ ᠳᠠᠷᠤᠭ᠎ᠠ ᠪ ∙ ᠮᠥᠩᠬᠡᠪᠠᠲᠤ᠄

 

《ᠠᠷᠤ ᠭᠠᠩᠭ᠋᠎ᠠ ᠠᠭᠤᠯᠠ ᠨᠢ 2002 ᠣᠨ ᠤ ᠶᠡᠬᠡ ᠲᠦᠢᠮᠡᠷ ᠢᠶᠡᠷ ᠰᠢᠲᠠᠭᠰᠠᠨ᠃ ᠲᠦᠢᠮᠡᠷ 577 ᠭᠠ ᠲᠠᠯᠠᠪᠠᠢ ᠢᠢ ᠬᠠᠮᠤᠷᠤᠭᠰᠠᠨ᠃ ᠡᠨᠡ ᠤᠳᠠᠭ᠎ᠠ ᠢᠢᠨ ᠴᠡᠪᠡᠷᠯᠡᠭᠡᠨ ᠦ ᠠᠵᠢᠯ ᠢᠶᠠᠷ 168 ᠭᠠ ᠲᠠᠯᠠᠪᠠᠢ ᠢᠢ ᠴᠡᠪᠡᠷᠯᠡᠬᠦ ᠶᠤᠮ᠃ 66 ᠠᠵᠤ ᠠᠬᠤᠢ ᠢᠢᠨ ᠨᠢᠭᠡᠴᠡ᠂ ᠲᠥᠷᠥ ᠢᠢᠨ ᠪᠣᠯᠤᠨ ᠲᠥᠷᠥ ᠢᠢᠨ ᠪᠤᠰᠤ ᠪᠠᠢᠢᠭᠤᠯᠤᠯᠭ᠎ᠠ ᠢᠢᠨ 400 ᠭᠠᠷᠤᠢ ᠠᠵᠢᠯᠲᠠᠨ᠂ ᠠᠯᠪᠠᠨ ᠬᠠᠭᠠᠭᠴᠢ᠂ ᠨᠡᠢᠢᠲᠡ 2200 ᠭᠠᠷᠤᠢ ᠬᠦᠮᠦᠨ ᠣᠢ ᠢᠢᠨ ᠴᠡᠪᠡᠷᠯᠡᠭᠡᠨ ᠦ ᠠᠵᠢᠯ ᠢ ᠵᠣᠬᠢᠶᠠᠨ ᠪᠠᠢᠢᠭᠤᠯᠵᠤ᠂ ᠣᠷᠣᠯᠴᠠᠵᠤ ᠪᠠᠢᠢᠨ᠎ᠠ᠃ ᠮᠥᠨ ᠣᠢ ᠢᠢᠨ ᠴᠡᠪᠡᠷᠯᠡᠭᠡ ᠬᠢᠬᠦ ᠢᠢᠨ ᠲᠤᠯᠠᠳᠠ ᠲᠣᠰᠣᠨᠴᠡᠩᠭᠡᠯ ᠰᠤᠮᠤ ᠢᠢᠨ ᠮᠡᠷᠭᠡᠵᠢᠯ᠂ ᠰᠤᠷᠭᠠᠯᠲᠠ ᠦᠢᠯᠡᠳᠪᠦᠷᠢᠯᠡᠯ ᠦᠨ ᠲᠥᠪ ᠲᠥ 200 ᠬᠦᠮᠦᠨ ᠳᠦ ᠬᠢᠷᠥᠭᠡᠴᠢᠨ ᠦ ᠮᠡᠳᠡᠯᠭᠡ ᠣᠯᠭᠤᠵᠤ᠂ ᠰᠤᠷᠭᠠᠯᠲᠠ ᠳᠤ ᠰᠠᠭᠤᠯᠭᠠᠭᠰᠠᠨ᠃

 

ᠣᠢ ᠢᠢᠨ ᠴᠡᠪᠡᠷᠯᠡᠭᠡᠨ ᠳᠥ ᠰᠠᠢᠢᠨ ᠳᠤᠷ᠎ᠠ ᠪᠠᠷ ᠢᠶᠠᠨ ᠣᠷᠣᠯᠴᠠᠵᠤ ᠪᠠᠢᠢᠭ᠎ᠠ ᠬᠡᠦᠬᠡᠳ ᠦᠳ ᠦᠨ ᠠᠶᠤᠯ ᠦᠭᠡᠢ ᠠᠵᠢᠯᠯᠠᠭ᠎ᠠ ᠢᠢ ᠬᠠᠩᠭ᠋ᠠᠬᠤ ᠢᠢᠨ ᠲᠤᠯᠠᠳᠠ ᠮᠡᠷᠭᠡᠵᠢᠯ ᠦᠨ ᠣᠯᠠᠨ ᠵᠢᠭᠠᠪᠤᠷᠢᠴᠢᠯᠠᠭ᠎ᠠ ᠥᠭ᠍ᠭᠦᠭ᠍ᠰᠡᠨ᠃

 

ᠲᠠᠪᠤᠨ ᠰᠤᠷᠤᠭᠴᠢ ᠳᠤ ᠨᠢᠭᠡ ᠮᠡᠷᠭᠡᠵᠢᠯ ᠦᠨ ᠵᠢᠭᠠᠪᠤᠷᠢᠯᠠᠭᠴᠢ ᠣᠨᠣᠭᠳᠠᠵᠤ ᠪᠠᠢᠢᠭ᠎ᠠ᠃ 168 ᠭᠠ ᠲᠠᠯᠠᠪᠠᠢ ᠢᠢ ᠴᠡᠪᠡᠷᠯᠡᠬᠦ ᠢᠢᠨ ᠲᠤᠯᠠᠳᠠ ᠨᠢᠭᠡ ᠮᠡᠷᠭᠡᠵᠢᠯ ᠦᠨ ᠪᠠᠢᠢᠭᠤᠯᠤᠯᠭ᠎ᠠ ᠳᠤ 4 ᠬᠦᠷᠲᠡᠯᠡᠬᠢ ᠭᠠ ᠲᠠᠯᠠᠪᠠᠢ ᠢᠢ ᠣᠨᠣᠭᠳᠠᠭᠤᠯᠵᠤ ᠥᠭ᠍ᠭᠦᠭ᠍ᠰᠡᠨ᠃

 

ᠴᠡᠪᠡᠷᠯᠡᠭᠡᠨ ᠦ ᠠᠵᠢᠯ ᠢ ᠨᠠᠢᠢᠮᠠᠳᠤᠭᠠᠷ ᠰᠠᠷ᠎ᠠ ᠢᠢᠨ ᠰᠡᠭᠦᠯ ᠡᠴᠡ ᠥᠨᠥᠳᠥᠷ ᠢ ᠬᠦᠷᠲᠡᠯ᠎ᠡ ᠵᠣᠬᠢᠶᠠᠨ ᠪᠠᠢᠢᠭᠤᠯᠵᠤ ᠪᠠᠢᠢᠭ᠎ᠠ᠃ ᠥᠩᠭᠡᠷᠡᠭᠰᠡᠨ 15 ᠬᠣᠨᠣᠭ ᠤᠨ ᠬᠤᠭᠤᠴᠠᠭᠠᠨ ᠳᠤ ᠠᠴᠢᠬᠤ ᠳᠤ ᠪᠡᠯᠡᠨ 60 ᠮᠠᠱᠢᠨ ᠮᠣᠳᠣ ᠭᠠᠷᠭᠠᠭᠰᠠᠨ᠃ ᠲᠠᠯᠠᠪᠠᠢ ᠳᠤ ᠬᠡᠮᠵᠢᠯᠲᠡ ᠬᠢᠵᠦ ᠦᠵᠡᠬᠦ ᠳᠥ ᠨᠢᠭᠡ ᠭᠠ ᠲᠠᠯᠠᠪᠠᠢ ᠠᠴᠠ 25 ᠺᠦᠪ ᠮᠧᠲ᠋ᠷ ᠮᠣᠳᠣ ᠭᠠᠷᠤᠨ᠎ᠠ ᠭᠡᠵᠦ ᠲᠣᠭᠠᠴᠠᠪᠠᠯ 168 ᠭᠠ ᠲᠠᠯᠠᠪᠠᠢ ᠠᠴᠠ 4200 ᠺᠦᠪ ᠮᠧᠲ᠋ᠷ ᠮᠣᠳᠣ ᠪᠡᠯᠡᠳᠬᠡᠭ᠍ᠳᠡᠬᠦ ᠲᠣᠭᠠᠴᠠᠭ᠎ᠠ ᠭᠠᠷᠴᠤ ᠪᠠᠢᠢᠭ᠎ᠠ》 ᠭᠡᠰᠡᠨ ᠶᠤᠮ᠃

 

ᠮᠥᠨ ᠲᠣᠰᠣᠨᠴᠡᠩᠭᠡᠯ᠂ ᠶᠡᠬᠡ-ᠠᠭᠤᠯᠠ ᠰᠤᠮᠤᠳ ᠲᠤ 《ᠽᠢᠯ-130》 ᠮᠠᠱᠢᠨ ᠮᠣᠳᠣ 200-250 ᠮᠢᠩᠭ᠋ᠠᠨ ᠲᠥᠭᠥᠷᠢᠭ᠌᠂ ᠠᠢᠢᠮᠠᠭ ᠤᠨ ᠲᠥᠪ ᠲᠥ 550-600 ᠮᠢᠩᠭ᠋ᠠᠨ ᠲᠥᠭᠥᠷᠢᠭ᠌ ᠦᠨ ᠬᠠᠩᠰᠢ ᠲᠠᠢ ᠪᠠᠢᠢᠳᠠᠭ ᠪᠠᠢᠢᠨ᠎ᠠ᠃ ᠬᠠᠷᠢᠨ ᠴᠡᠪᠡᠷᠯᠡᠭᠡᠨ ᠡᠴᠡ ᠭᠠᠷᠤᠭᠰᠠᠨ ᠮᠣᠳᠣ ᠢᠢ ᠵᠠᠬ᠎ᠠ ᠵᠡᠭᠡᠯᠢ ᠢᠢᠨ ᠬᠢ ᠨᠢ ᠬᠠᠩᠰᠢ ᠪᠠᠷ ᠲᠣᠭᠠᠴᠠᠵᠤ ᠦᠵᠡᠪᠡᠯ᠂ ᠰᠤᠮᠤ ᠢᠢᠨ ᠬᠠᠩᠰᠢ ᠪᠠᠷ 131 ᠰᠠᠶ᠎ᠠ ᠲᠥᠭᠥᠷᠢᠭ᠌ ᠦᠨ ᠮᠣᠳᠣ᠂ ᠠᠢᠢᠮᠠᠭ ᠤᠨ ᠬᠠᠩᠰᠢ ᠪᠠᠷ 288 ᠰᠠᠶ᠎ᠠ ᠲᠥᠭᠥᠷᠢᠭ᠌ ᠦᠨ ᠦᠨᠡᠯᠡᠭᠡ ᠲᠡᠢ ᠮᠣᠳᠣ ᠴᠠᠭᠠᠯᠠᠨ ᠪᠡᠯᠡᠳᠬᠡᠭ᠍ᠰᠡᠨ ᠪᠠᠢᠢᠨ᠎ᠠ᠃ ᠤᠯᠠᠮ ᠢᠶᠠᠷ ᠠᠢᠢᠮᠠᠭ ᠤᠨ ᠲᠥᠰᠥᠪ ᠲᠥ ᠪᠠᠢᠢᠭᠤᠯᠤᠯᠭ᠎ᠠ ᠨᠤᠭᠤᠳ ᠲᠤ ᠡᠳᠡᠭᠡᠷ ᠮᠣᠳᠣ ᠢᠢ ᠬᠦᠷᠭᠡᠯᠲᠡ ᠪᠡᠷ ᠥᠭ᠍ᠬᠦ ᠶᠤᠮ ᠪᠠᠢᠢᠨ᠎ᠠ᠃

 

ᠬᠠᠷᠢᠨ ᠣᠢ ᠢᠢᠨ ᠴᠡᠪᠡᠷᠯᠡᠭᠡᠨ ᠦ ᠠᠵᠢᠯ ᠳᠤ ᠣᠷᠣᠯᠴᠠᠵᠤ ᠪᠠᠢᠢᠭ᠎ᠠ ᠰᠤᠷᠤᠭᠴᠢᠳ ᠤᠨ ᠠᠰᠠᠭᠤᠳᠠᠯ ᠢᠶᠠᠷ ᠤᠯᠤᠰ ᠤᠨ ᠶᠡᠬᠡ ᠬᠤᠷᠠᠯ ᠤᠨ ᠳᠡᠳ᠋ ᠳᠠᠷᠤᠭ᠎ᠠ ᠶᠠ᠊ ∙ ᠰᠠᠨᠵᠢᠮᠢᠲᠠᠪᠠ᠄

 

《2200 ᠭᠠᠷᠤᠢ ᠬᠦᠮᠦᠨ ᠣᠢ ᠢᠢᠨ ᠴᠡᠪᠡᠷᠯᠡᠭᠡᠨ ᠳᠥ ᠣᠷᠣᠯᠴᠠᠵᠤ ᠪᠠᠢᠢᠨ᠎ᠠ᠃ ᠬᠠᠤᠯᠢ ᠰᠠᠬᠢᠭᠤᠯᠬᠤ ᠢᠢᠨ ᠶᠡᠬᠡ ᠰᠤᠷᠭᠠᠭᠤᠯᠢ ᠢᠢᠨ ᠰᠣᠨᠣᠰᠤᠭᠴᠢ ᠨᠠᠷ᠂ ᠮᠥᠨ ᠠᠢᠢᠮᠠᠭ ᠤᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠦᠨ 11᠂ 12 ᠳ᠋ᠤᠭᠠᠷ ᠠᠩᠬᠢ ᠢᠢᠨ ᠡᠬᠡ ᠣᠷᠣᠨᠴᠢ ᠬᠡᠦᠬᠡᠳ ᠦᠳ ᠵᠢᠳᠬᠦᠵᠦ ᠪᠠᠢᠢᠨ᠎ᠠ᠃ ᠲᠡᠳᠡ ᠲᠡᠮᠡᠦᠯᠦᠯ ᠲᠡᠢ ᠪᠣᠯᠤᠨ᠎ᠠ᠃ ᠬᠡᠦᠬᠡᠳ ᠦᠳ ᠥᠪᠡᠷ ᠦᠨ ᠨᠢᠳᠦ ᠪᠡᠷ ᠣᠢ ᠰᠢᠲᠠᠬᠤ ᠨᠢ ᠶᠠᠮᠠᠷ ᠬᠡᠮᠵᠢᠶᠡᠨ ᠦ ᠭᠠᠮᠰᠢᠭ ᠤᠴᠠᠷᠠᠭᠤᠯᠳᠠᠭ ᠪᠤᠢ ᠭᠡᠳᠡᠭ ᠢ ᠬᠠᠷᠠᠵᠤ ᠪᠠᠢᠢᠨ᠎ᠠ᠃ ᠬᠡᠦᠬᠡᠳ ᠦᠳ ᠪᠠᠭ ᠢᠢᠠᠷ ᠠᠵᠢᠯᠯᠠᠬᠤ ᠴᠢᠳᠠᠪᠤᠷᠢ ᠲᠠᠢ ᠪᠣᠯᠵᠤ ᠪᠠᠢᠢᠨ᠎ᠠ᠃ ᠡᠳᠦᠷ ᠰᠤᠷᠤᠭᠰᠠᠨ ᠵᠦᠢᠯ ᠢᠶᠡᠨ ᠣᠷᠣᠢ ᠨᠢ ᠬᠡᠷᠡᠭᠵᠢᠭᠦᠯᠵᠦ ᠰᠤᠷᠴᠤ ᠪᠠᠢᠢᠨ᠎ᠠ᠃ ᠪᠢ ᠬᠡᠦᠬᠡᠳ ᠦᠳ ᠲᠡᠭᠡᠨ ᠶᠡᠬᠡ ᠪᠠᠶᠠᠷᠯᠠᠵᠤ ᠪᠠᠢᠢᠨ᠎ᠠ᠃ ᠥᠩᠭᠡᠷᠡᠭᠰᠡᠨ ᠳᠣᠯᠣᠭᠠᠨ ᠵᠢᠯ ᠦᠨ ᠬᠤᠭᠤᠴᠠᠭᠠᠨ ᠳᠤ ᠣᠢ ᠢᠢ ᠴᠡᠪᠡᠷᠯᠡᠵᠦ᠂ ᠨᠥᠬᠥᠨ ᠰᠡᠷᠭᠦᠭᠡᠬᠦ ᠠᠵᠢᠯ ᠲᠠᠰᠤᠷᠠᠯᠲᠠ ᠦᠭᠡᠢ ᠬᠢᠭ᠍ᠳᠡᠵᠦ 160 ᠭᠠ ᠲᠠᠯᠠᠪᠠᠢ ᠢᠢ ᠯᠠ ᠴᠡᠪᠡᠷᠯᠡᠭᠰᠡᠨ᠃ ᠬᠠᠷᠢᠨ 15 ᠬᠣᠨᠣᠭ ᠲᠤ ᠬᠢᠷᠦᠭᠡᠴᠢᠳ᠂ ᠬᠡᠦᠬᠡᠳ ᠦᠳ ᠲᠡᠢ ᠨᠡᠢᠢᠯᠡᠭᠡᠳ 168 ᠭᠠ ᠭᠠᠵᠠᠷ ᠢ ᠴᠡᠪᠡᠷᠯᠡᠯ᠎ᠡ᠃ ᠡᠨᠡ ᠪᠣᠯ ᠤᠯᠤᠰ ᠤᠨ ᠬᠡᠮᠵᠢᠶᠡᠨ ᠳᠥ ᠮᠠᠰᠢ ᠲᠣᠮᠣ ᠠᠮᠵᠢᠯᠲᠠ》 ᠭᠡᠰᠡᠨ ᠶᠤᠮ᠃

 

ᠵᠠᠪᠬᠠᠨ ᠠᠢᠢᠮᠠᠭ ᠤᠨ ᠵᠠᠰᠠᠭ ᠳᠠᠷᠤᠭ᠎ᠠ ᠲ ∙ ᠪᠠᠲᠤᠰᠠᠢᠢᠬᠠᠨ᠄

 

《ᠵᠥᠪ ᠲᠡᠮᠡᠦᠯᠡᠯ-ᠡᠬᠡ ᠣᠷᠣᠨᠴᠢ ᠮᠠᠩᠯᠠᠢᠢᠯᠠᠯ》 ᠰᠤᠷᠭᠠᠯᠲᠠ ᠢᠢ ᠵᠣᠬᠢᠶᠠᠨ ᠪᠠᠢᠢᠭᠤᠯᠵᠤ ᠪᠠᠢᠢᠨ᠎ᠠ᠃ ᠡᠨᠡ ᠰᠤᠷᠭᠠᠯᠲᠠ ᠢᠢᠨ ᠭᠣᠣᠯ ᠵᠣᠷᠢᠯᠭ᠎ᠠ ᠨᠢ ᠬᠦᠮᠦᠨ ᠢ ᠬᠦᠮᠦᠨ ᠪᠣᠯᠭᠠᠬᠤ ᠳᠤ ᠴᠢᠭᠯᠡᠵᠦ ᠪᠠᠢᠢᠭ᠎ᠠ᠃ ᠪᠢᠳᠡ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠦᠨ ᠠᠬᠠᠯᠠᠬᠤ ᠠᠩᠬᠢ ᠢᠢᠨ ᠬᠡᠦᠬᠡᠳ ᠦᠳ ᠢᠶᠡᠨ ᠥᠪᠡᠷ ᠲᠡᠢ ᠪᠡᠨ ᠲᠡᠮᠡᠴᠡᠳᠡᠭ ᠴᠢᠳᠠᠪᠤᠷᠢ ᠲᠠᠢ᠂ ᠢᠷᠡᠭᠡᠳᠦᠢ ᠳᠥ ᠪᠡᠨ ᠵᠣᠷᠢᠯᠭ᠎ᠠ ᠲᠡᠮᠡᠦᠯᠦᠯ ᠲᠡᠢ᠂ ᠡᠬᠡ ᠣᠷᠣᠨ ᠢᠶᠠᠨ ᠬᠠᠢᠢᠷᠠᠯᠠᠵᠤ ᠬᠠᠮᠠᠭᠠᠯᠠᠳᠠᠭ ᠪᠣᠯᠭᠠᠬᠤ ᠵᠣᠷᠢᠯᠭ᠎ᠠ ᠢᠢ ᠲᠠᠯᠪᠢᠵᠤ᠂ ᠡᠳᠡᠭᠡᠷ ᠤᠷ᠎ᠠ ᠴᠢᠳᠠᠪᠤᠷᠢ ᠢᠢ ᠰᠠᠭᠤᠯᠭᠠᠬᠤ ᠰᠤᠷᠭᠠᠯᠲᠠ᠂ ᠬᠢᠴᠢᠶᠡᠯ ᠣᠷᠣᠵᠤ ᠪᠠᠢᠢᠨ᠎ᠠ᠃ ᠮᠥᠨ ᠡᠨᠡ ᠰᠤᠷᠭᠠᠯᠲᠠ ᠢᠢᠨ ᠬᠦᠷᠢᠶᠡᠨ ᠳᠥ ᠨᠡᠢᠢᠲᠡ ᠢᠢ ᠬᠠᠮᠤᠷᠤᠭᠰᠠᠨ᠂ ᠨᠡᠢᠢᠭᠡᠮ ᠳᠥ ᠲᠤᠰᠠᠲᠠᠢ ᠦᠢᠯᠡ ᠬᠡᠷᠡᠭ ᠦᠳ ᠢ ᠬᠢᠵᠦ ᠪᠠᠢᠢᠭ᠎ᠠ᠃ ᠵᠢᠱᠢᠶ᠎ᠡ ᠨᠢ᠂ 24 ᠰᠤᠮᠤᠨ ᠳᠤ᠂ ᠰᠤᠮᠤ ᠪᠦᠷᠢ ᠳᠥ 2-7 ᠠᠢᠢᠯ ᠤᠨ ᠬᠠᠰᠢᠶ᠎ᠠ ᠢᠢ ᠱᠣᠬᠣᠢᠢᠳᠠᠵᠤ ᠪᠤᠳᠤᠵᠤ᠂ ᠴᠡᠪᠡᠷᠯᠡᠵᠦ ᠥᠭ᠍ᠭᠦᠭ᠍ᠰᠡᠨ᠃ ᠮᠥᠨ ᠪᠦᠲᠦᠭᠡᠨ ᠪᠠᠢᠢᠭᠤᠯᠤᠯᠲᠠ ᠢᠢᠨ ᠠᠵᠢᠯ ᠳᠤ ᠣᠷᠣᠯᠴᠠᠵᠤ᠂ ᠠᠦ᠋ᠲ᠋ᠣ᠋ ᠵᠠᠮ ᠪᠠᠷᠢᠭᠳᠠᠵᠤ ᠪᠠᠢᠢᠭ᠎ᠠ ᠭᠤᠷᠪᠠᠨ ᠬᠡᠰᠡᠭ ᠲᠥ ᠬᠣᠭ᠂ ᠴᠢᠯᠠᠭᠤ ᠢᠢ ᠲᠡᠭᠦᠵᠦ ᠴᠡᠪᠡᠷᠯᠡᠭᠰᠡᠨ᠃ ᠬᠠᠷᠢᠨ ᠥᠨᠥᠳᠥᠷ ᠰᠢᠲᠠᠭᠰᠠᠨ ᠣᠢ ᠢᠢ ᠴᠡᠪᠡᠷᠯᠡᠬᠦ ᠠᠵᠢᠯ ᠳᠤ ᠣᠷᠣᠯᠴᠠᠵᠤ ᠪᠠᠢᠢᠭ᠎ᠠ᠃ ᠡᠨᠡ ᠪᠣᠯ ᠬᠡᠦᠬᠡᠳ ᠢᠶᠡᠷ ᠶᠠᠭᠤᠮ᠎ᠠ ᠬᠢᠯᠭᠡᠬᠦ ᠪᠢᠰᠢ᠂ ᠨᠡᠢᠢᠭᠡᠮ ᠤᠨ ᠲᠤᠰᠠ ᠲᠠᠢ ᠦᠢᠯᠡᠰ ᠥᠦ ᠭᠠᠷ ᠪᠡᠶ᠎ᠡ ᠣᠷᠤᠯᠴᠠᠭᠤᠯᠵᠤ᠂ ᠲᠡᠭᠦᠪᠡᠷ ᠢᠶᠡᠨ ᠳᠠᠮᠵᠢᠭᠤᠯᠤᠨ ᠬᠡᠦᠬᠡᠳ ᠢ ᠬᠦᠮᠦᠵᠢᠭᠦᠯᠬᠦ ᠵᠣᠷᠢᠯᠭ᠎ᠠ ᠲᠠᠢ ᠶᠤᠮ》 ᠭᠡᠯ᠎ᠡ᠃

 

ᠮᠥᠨ ᠡᠨᠡ ᠦᠶ᠎ᠡ ᠪᠡᠷ ᠣᠢ ᠢᠢᠨ ᠴᠡᠪᠡᠷᠯᠡᠭᠡᠨ ᠳᠥ ᠣᠷᠣᠯᠴᠠᠵᠤ ᠪᠠᠢᠢᠭ᠎ᠠ ᠬᠡᠦᠬᠡᠳ ᠦᠳ ᠰᠡᠳᠬᠢᠭ᠍ᠳᠡᠯ ᠢᠶᠡᠨ ᠬᠤᠪᠢᠶᠠᠯᠴᠠᠭᠰᠠᠨ ᠶᠤᠮ᠃ ᠲᠤᠬᠠᠢᠢᠯᠠᠪᠠᠯ᠂ ᠵᠠᠪᠬᠠᠨ ᠠᠢᠢᠮᠠᠭ ᠤᠨ 《ᠴᠢᠨᠳᠠᠮᠠᠨᠢ-ᠡᠷᠳᠡᠨᠢ》 ᠰᠤᠷᠭᠠᠭᠤᠯᠢ ᠢᠢᠨ 12 ᠠ‍ ᠠᠩᠬᠢ ᠢᠢᠨ ᠰᠤᠷᠤᠭᠴᠢ ᠨ.ᠠᠷᠢᠭᠤᠨᠵᠠᠶᠠᠭ᠎ᠠ 《ᠲᠣᠮᠣᠴᠤᠳ ᠡᠨᠡ ᠣᠢ ᠢᠢ ᠦᠨᠡᠬᠡᠷ ᠠᠶᠤᠮᠰᠢᠭᠲᠠᠢ ᠪᠣᠯᠭᠠᠭᠰᠠᠨ ᠪᠠᠢᠢᠭ᠎ᠠ ᠢᠢ ᠦᠨᠡᠨ ᠭᠣᠣᠯ ᠠᠴᠠ ᠪᠠᠨ ᠮᠡᠳᠡᠷᠡᠵᠦ ᠪᠠᠢᠢᠨ᠎ᠠ᠃ ᠪᠢ ᠥᠪᠡᠷ ᠦᠨ ᠭᠠᠷ ᠢᠶᠠᠷ ᠣᠢ ᠢᠢ ᠴᠡᠪᠡᠷᠯᠡᠵᠦ ᠪᠠᠢᠢᠭ᠎ᠠ ᠳᠤ ᠪᠠᠨ ᠪᠠᠬᠠᠷᠬᠠᠵᠤ ᠪᠠᠢᠢᠭ᠎ᠠ᠃ ᠮᠣᠳᠣ ᠶᠡᠬᠡ ᠤᠨᠠᠭᠰᠠᠨ ᠠᠴᠠ ᠪᠣᠯᠵᠤ ᠮᠠᠰᠢ ᠣᠯᠠᠨ ᠵᠤᠯᠵᠠᠭᠠᠨ ᠮᠣᠳᠣᠳ ᠳᠠᠯᠢᠢ ᠤᠷᠭᠤᠵᠤ ᠪᠠᠢᠢᠭ᠎ᠠ ᠨᠢ ᠬᠠᠷᠠᠮᠰᠠᠯ ᠲᠠᠢ ᠬᠠᠷᠠᠭᠳᠠᠵᠤ ᠪᠠᠢᠢᠯ᠎ᠠ᠃ ᠬᠠᠷᠢᠨ ᠪᠢᠳᠡ ᠤᠨᠠᠭᠰᠠᠨ ᠮᠣᠳᠣᠳ ᠢ ᠠᠪᠴᠤ᠂ ᠵᠤᠯᠵᠠᠭᠠᠨ ᠮᠣᠳᠣᠳ ᠢ ᠥᠨᠳᠥᠷ ᠤᠷᠭᠤᠬᠤ ᠪᠣᠯᠤᠮᠵᠢ ᠲᠠᠢ ᠪᠣᠯᠭᠠᠵᠤ ᠪᠠᠢᠢᠨ᠎ᠠ᠃ ᠨᠢᠭᠤᠯᠬᠦᠢ ᠬᠡᠯᠡᠬᠦ ᠳᠥ ᠡᠨᠡ ᠣᠢ ᠦᠨᠡᠬᠡᠷ ᠥᠷᠦᠪᠳᠦᠯᠲᠡᠢ᠂ ᠮᠠᠰᠢ ᠶᠡᠬᠡ ᠲᠣᠷᠲᠣᠭ ᠲᠠᠢ ᠪᠠᠢᠢᠨ᠎ᠠ᠃ ᠪᠢᠳᠡ ᠭᠠᠷ ᠪᠡᠶ᠎ᠡ ᠣᠷᠣᠯᠴᠠᠭᠰᠠᠨ ᠤᠴᠢᠷ ᠠᠴᠠ ᠬᠡᠳᠦᠨ ᠵᠢᠯ ᠦᠨ ᠳᠠᠷᠠᠭ᠎ᠠ ᠥᠨᠳᠥᠷ ᠮᠣᠳᠣᠳ ᠲᠠᠢ ᠣᠢ ᠪᠣᠯᠬᠤ ᠪᠠᠢᠢᠬᠤ ᠭᠡᠳᠡᠭ ᠲᠥ ᠢᠲᠡᠭᠡᠯ ᠲᠡᠢ ᠪᠠᠢᠢᠨ᠎ᠠ᠃ ᠣᠯᠠᠭᠤᠯᠠ ᠪᠠᠨ ᠬᠠᠮᠲᠤᠷᠠᠵᠤ ᠠᠵᠢᠯᠯᠠᠵᠤ ᠪᠠᠢᠢᠭ᠎ᠠ ᠤᠴᠢᠷ ᠠᠴᠠ ᠶᠠᠳᠠᠷᠠᠬᠤ ᠦᠭᠡᠢ᠂ ᠰᠠᠨᠠᠭ᠎ᠠ ᠨᠡᠢᠢᠯᠡᠵᠦ ᠬᠠᠮᠲᠤᠷᠠᠨ ᠠᠵᠢᠯᠯᠠᠵᠤ᠂ ᠨᠠᠢᠢᠵᠠ ᠨᠥᠬᠥᠳ ᠲᠡᠢ ᠪᠣᠯᠵᠤ ᠪᠠᠢᠢᠨ᠎ᠠ》 ᠭᠡᠯ᠎ᠡ᠃

 

ᠮᠥᠨ ᠲᠤᠰ ᠰᠤᠷᠭᠠᠭᠤᠯᠢ ᠢᠢᠨ ᠰᠤᠷᠤᠭᠴᠢ 《ᠠᠩᠬ᠎ᠠ ᠠᠶᠠᠨ ᠳᠤ ᠣᠷᠣᠯᠴᠠᠬᠤ ᠳᠤ ᠪᠠᠨ ᠰᠡᠳᠬᠢᠯ ᠳᠤᠮᠳᠠᠭᠤᠷ ᠪᠠᠢᠢᠭᠰᠠᠨ᠃ ᠲᠠᠨᠢᠬᠤ ᠦᠭᠡᠢ ᠣᠯᠠᠨ ᠬᠡᠦᠬᠡᠳ ᠪᠠᠢᠢᠬᠤ ᠤᠴᠢᠷ ᠠᠴᠠ ᠢᠷᠡᠬᠦ ᠡᠰᠡᠬᠦ ᠳᠥ ᠪᠡᠨ ᠡᠷᠡᠭᠡᠯᠵᠡᠵᠦ ᠪᠠᠢᠢᠭᠰᠠᠨ᠃ ᠬᠠᠷᠢᠨ ᠣᠳᠣ ᠪᠢ ᠪᠠᠭ᠂ ᠬᠠᠮᠲᠤ ᠣᠯᠠᠨ ᠢᠶᠠᠷ ᠢᠶᠠᠨ ᠠᠵᠢᠯᠯᠠᠬᠤ᠂ ᠣᠯᠠᠨ ᠶᠠᠩᠵᠤ ᠢᠢᠨ ᠦᠢᠯᠡ ᠠᠵᠢᠯᠯᠠᠭᠠᠨ ᠳᠤ ᠤᠷᠤᠯᠴᠠᠬᠤ ᠵᠡᠷᠭᠡ ᠪᠡᠷ ᠣᠯᠠᠨ ᠵᠦᠢᠯ ᠰᠤᠷᠴᠤ ᠪᠠᠢᠢᠨ᠎ᠠ᠃ ᠥᠴᠥᠭᠡᠳᠦᠷ ᠬᠢᠯᠢ ᠬᠠᠮᠠᠭᠠᠯᠠᠬᠤ ᠰᠡᠳᠦᠪ ᠢᠶᠡᠷ ᠮᠠᠰᠢ ᠰᠣᠨᠢᠷᠬᠠᠯᠲᠠᠢ ᠯᠧᠺᠼᠢ ᠰᠣᠨᠣᠰᠴᠤ᠂ ᠣᠯᠠᠨ ᠰᠣᠨᠢᠷᠬᠠᠯᠲᠠᠢ ᠠᠷᠭ᠎ᠠ ᠬᠡᠮᠵᠢᠶᠡᠨ ᠳᠥ ᠣᠷᠣᠯᠴᠠᠯ᠎ᠠ》 ᠭᠡᠰᠡᠨ ᠶᠤᠮ᠃

 

ᠮᠥᠨ ᠴᠠᠭᠠᠯᠠᠨ ᠪᠡᠯᠡᠳᠬᠡᠭ᠍ᠰᠡᠨ ᠮᠣᠳᠣᠳ ᠢ ᠠᠰᠢᠭᠯᠠᠵᠤ᠂ ᠡᠴᠦᠰ ᠦᠨ ᠪᠦᠲᠦᠭᠡᠭ᠍ᠳᠡᠬᠦᠨ ᠦᠢᠯᠡᠳᠪᠦᠷᠢᠯᠡᠬᠦ ᠴᠢᠭᠯᠡᠯ ᠢᠶᠡᠷ ᠰᠤᠳᠤᠯᠭ᠎ᠠ ᠬᠢᠵᠦ ᠪᠠᠢᠢᠭ᠎ᠠ 《ᠮᠸᠭᠠᠸᠤᠢᠦᠳ᠋》 ᠺᠣᠮᠫᠠᠨᠢ ᠢᠢᠨ ᠵᠠᠬᠢᠷᠤᠯ ᠴ ∙ ᠠᠷᠢᠭᠤᠨᠪᠠᠲᠤ᠄

 

《ᠮᠣᠩᠭ᠋ᠣᠯ ᠤᠯᠤᠰ ᠤᠨ ᠭᠠᠵᠠᠷ ᠨᠤᠲᠤᠭ ᠤᠨ 9 ᠬᠤᠪᠢ ᠨᠢ ᠣᠢ ᠪᠠᠢᠢᠳᠠᠭ᠃ ᠰᠡᠭᠦᠯ ᠦᠨ ᠲᠣᠭᠠᠯᠠᠯᠭ᠎ᠠ ᠪᠠᠷ 400-500 ᠰᠠᠶ᠎ᠠ ᠺᠦᠪ ᠮᠧᠲ᠋ᠷ ᠰᠢᠲᠠᠭᠰᠠᠨ ᠣᠢ᠂ ᠤᠨᠠᠩᠭᠢ ᠮᠣᠳᠣ ᠢᠢ ᠴᠡᠪᠡᠷᠯᠡᠵᠦ ᠠᠰᠢᠭᠯᠠᠬᠤ ᠲᠣᠭᠠᠴᠠᠭ᠎ᠠ ᠭᠠᠷᠭᠠᠭᠰᠠᠨ ᠪᠠᠢᠢᠳᠠᠭ ᠶᠤᠮ᠃ ᠥᠭᠡᠷ᠎ᠡ ᠪᠡᠷ ᠬᠡᠯᠡᠪᠡᠯ᠂ ᠰᠢᠲᠠᠭᠰᠠᠨ ᠣᠢ ᠢᠢ ᠡᠳ᠋ ᠍ ᠦᠨ ᠵᠠᠰᠠᠭ ᠤᠨ ᠡᠷᠭᠢᠯᠲᠡ ᠳᠥ ᠣᠷᠣᠭᠤᠯᠵᠤ᠂ ᠭᠠᠳᠠᠨ᠎ᠠ ᠠᠴᠠ ᠰᠢᠬᠠᠮᠠᠯ ᠲᠥᠷᠥᠯ ᠪᠦᠷᠢ ᠢᠢᠨ ᠬᠠᠪᠲᠠᠩ ᠠᠪᠬᠤ ᠦᠭᠡᠢ ᠪᠡᠷ ᠳᠣᠲᠣᠭᠠᠳᠤ ᠳᠤ ᠪᠠᠨ ᠦᠢᠯᠡᠳᠪᠦᠷᠢᠯᠡᠬᠦ ᠪᠣᠯᠤᠮᠵᠢ ᠲᠠᠢ ᠶᠤᠮ᠃ ᠡᠨᠡ ᠶᠡᠬᠡ ᠣᠢ ᠢᠢᠨ ᠨᠥᠭᠡᠴᠡ ᠢᠢ ᠡᠳ᠋ ᠍ ᠦᠨ ᠵᠠᠰᠠᠭ ᠤᠨ ᠡᠷᠭᠢᠯᠲᠡ ᠳᠥ ᠣᠷᠣᠭᠤᠯᠪᠠᠯ ᠤᠯᠤᠰ ᠣᠷᠣᠨ ᠳᠤ ᠥᠨᠳᠥᠷ ᠥᠭ᠍ᠭᠦᠭᠡᠵᠢ ᠲᠡᠢ ᠪᠠᠢᠢᠬᠤ ᠪᠣᠯᠤᠨ᠎ᠠ᠃ ᠡᠮᠦᠨ᠎ᠡ ᠨᠢ ᠣᠢ ᠢᠢ ᠴᠠᠭᠠᠯᠠᠬᠤ ᠠᠰᠠᠭᠤᠳᠠᠯ ᠢᠶᠠᠷ ᠲᠥᠷᠥ ᠲᠣᠳᠣᠷᠬᠠᠢ ᠪᠣᠳᠣᠯᠭ᠎ᠠ ᠪᠠᠷᠢᠮᠲᠠᠯᠠᠳᠠᠭ ᠪᠠᠢᠢᠭᠰᠠᠨ ᠨᠢ ᠣᠳᠣ ᠦᠶ᠎ᠡ ᠳᠥ ᠡᠷᠭᠢᠭᠡᠳ ᠰᠡᠷᠭᠦᠵᠦ ᠪᠠᠢᠢᠬᠤ ᠰᠢᠭ ᠠᠵᠢᠭᠯᠠᠭᠳᠠᠵᠤ ᠪᠠᠢᠢᠨ᠎ᠠ᠃ ᠮᠠᠨ ᠤ ᠤᠯᠤᠰ ᠲᠤ ᠬᠠᠪᠲᠠᠩ ᠦᠢᠯᠡᠳᠪᠦᠷᠢᠯᠡᠬᠦ ᠦᠢᠯᠡᠳᠪᠦᠷᠢ ᠪᠠᠢᠢᠬᠤ ᠦᠭᠡᠢ᠃ ᠬᠠᠷᠢᠨ ᠪᠢᠳᠡ ᠢᠷᠡᠬᠦ ᠵᠢᠯ ᠡᠨᠡ ᠦᠢᠯᠡᠳᠪᠦᠷᠢ ᠢᠢ ᠨᠡᠭᠡᠭᠡᠨ᠎ᠡ》 ᠭᠡᠰᠡᠨ ᠶᠤᠮ᠃

 

ᠣᠢ ᠢᠢᠨ ᠴᠡᠪᠡᠷᠯᠡᠭᠡᠨ ᠦ ᠦᠶ᠎ᠡ ᠪᠡᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠢ ᠢᠢᠨ ᠴᠡᠪᠡᠷᠯᠡᠭᠡᠨ ᠳᠥ ᠣᠷᠣᠯᠴᠠᠵᠤ ᠪᠠᠢᠢᠭ᠎ᠠ ᠬᠡᠦᠬᠡᠳ ᠦᠳ ᠲᠡᠢ ᠠᠭᠤᠯᠵᠠᠵᠤ᠂ 《ᠨᠤᠲᠤᠭ ᠣᠷᠣᠨ ᠢᠶᠠᠨ᠂ ᠰᠢᠲᠠᠭᠰᠠᠨ ᠣᠢ ᠢᠢ ᠦᠶ᠎ᠡ ᠲᠡᠩ ᠦᠨ ᠬᠢᠨ ᠲᠡᠢ ᠪᠡᠨ ᠨᠡᠢᠢᠯᠡᠨ ᠴᠡᠪᠡᠷᠯᠡᠵᠦ ᠪᠠᠢᠢᠭ᠎ᠠ ᠲᠠ ᠪᠦᠬᠦᠨ ᠢᠶᠡᠷ ᠪᠠᠬᠠᠷᠬᠠᠵᠤ ᠪᠠᠢᠢᠨ᠎ᠠ》 ᠭᠡᠳ ᠰᠤᠷᠤᠭᠴᠢᠳ ᠲᠠᠢ ᠠᠭᠤᠯᠵᠠᠵᠤ᠂ ᠶᠠᠷᠢᠯᠴᠠᠭᠰᠠᠨ ᠶᠤᠮ᠃ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠤᠷᠤᠭᠴᠢᠳ ᠤᠨ ᠰᠤᠷᠭᠠᠯᠲᠠ᠂ ᠬᠥᠲᠥᠯᠪᠦᠷᠢ ᠲᠡᠢ ᠲᠠᠨᠢᠯᠴᠠᠵᠤ᠂ 《ᠵᠥᠪ ᠲᠡᠮᠡᠦᠯᠡᠯ-ᠡᠬᠡ ᠣᠷᠣᠨᠴᠢ ᠮᠠᠩᠯᠠᠢᠢᠯᠠᠯ》 ᠰᠤᠷᠭᠠᠯᠲᠠ ᠳᠤ ᠣᠷᠣᠯᠴᠠᠭᠰᠠᠨ ᠬᠡᠦᠬᠡᠳ ᠦᠳ ᠲᠥ ᠪᠠᠲᠤᠯᠠᠮᠵᠢ ᠭᠠᠷᠳᠠᠭᠤᠯᠤᠨ᠎ᠠ᠃