ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠲᠥᠷᠦ ᠢᠢᠨ ᠣᠷᠳᠤᠨ ᠳᠤ ᠠᠩᠬ᠎ᠠ ᠤᠳᠠᠭ᠎ᠠ ᠵᠣᠬᠢᠶᠠᠨ ᠪᠠᠢᠢᠭᠤᠯᠵᠤ ᠪᠤᠢ «ᠮᠣᠩ᠋ᠭᠣᠯ ᠠᠳᠤᠭᠤᠴᠢᠨ» ᠦᠨᠳᠦᠰᠦᠨ ᠦ ᠴᠢᠭᠤᠯᠭᠠᠨ ᠳᠤ ᠒᠑ ᠠᠢᠢᠮᠠᠭ᠂ ᠰᠤᠮᠤ ᠨᠤᠭᠤᠳ ᠤᠨ ᠘᠐᠐ ᠠᠳᠤᠭᠤᠴᠢᠨ ᠣᠷᠤᠯᠴᠠᠵᠤ ᠪᠠᠢᠢᠨ᠎ᠠ᠃
ᠴᠢᠭᠤᠯᠭᠠᠨ ᠢᠶᠠᠷ «ᠳᠡᠯᠡᠬᠡᠢ ᠢᠢᠨ ᠠᠳᠤᠭᠤᠨ ᠤ ᠡᠳᠦᠷ-ᠮᠣᠩ᠋ᠭᠣᠯ ᠤᠯᠤᠰ ᠤᠨ ᠰᠠᠨᠠᠭᠠᠴᠢᠯᠠᠭ᠎ᠠ»᠂ «ᠠᠳᠤᠭᠤᠴᠢᠳ ᠤᠨ ᠡᠮᠦᠨ᠎ᠡ ᠲᠤᠯᠭᠠᠮᠳᠠᠵᠤ ᠪᠤᠢ ᠠᠰᠠᠭᠤᠳᠠᠯ᠂ ᠭᠠᠷᠴᠠ ᠰᠢᠢᠳᠦᠯ»᠂ «ᠠᠳᠤᠭᠤᠨ ᠤ ᠤᠳᠤᠮ ᠤᠨ ᠰᠠᠩ ᠢ ᠬᠠᠮᠠᠭᠠᠯᠠᠬᠤ᠂ ᠡᠭᠦᠯᠳᠡᠷ᠂ ᠤᠭᠰᠠᠭ᠎ᠠ ᠢᠢ ᠰᠠᠢᠢᠵᠢᠷᠠᠭᠤᠯᠬᠤ»᠂ «ᠮᠠᠯᠴᠢᠨ ᠤ ᠨᠠᠢᠮᠠᠨ ᠨᠣᠭᠤᠭᠠᠨ ᠭᠠᠷᠴᠠ᠂ ᠰᠢᠢᠳᠦᠯ»᠂ «ᠮᠣᠷᠢᠨ ᠬᠤᠭᠤᠷ ᠤᠷᠠᠯᠠᠯ ᠠᠳᠤᠭᠤᠨ ᠰᠣᠶᠤᠯ ᠲᠠᠶ ᠬᠣᠯᠪᠤᠭᠳᠠᠬᠤ ᠨᠢ»᠂ «ᠠᠳᠤᠭᠤ ᠡᠮᠨᠡᠬᠦ ᠠᠷᠭ᠎ᠠ ᠤᠬᠠᠭᠠᠨ» ᠵᠡᠷᠭᠡ ᠰᠡᠳᠦᠪ ᠢᠶᠡᠷ ᠢᠯᠡᠳᠬᠡᠯ ᠰᠣᠨᠤᠰᠴᠤ ᠬᠡᠯᠡᠯᠴᠡᠭᠦᠯᠭᠡ ᠥᠷᠨᠢᠭᠦᠯᠦᠨ᠎ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠴᠢᠭᠤᠯᠭᠠᠨ ᠢ ᠨᠡᠭᠡᠭᠡᠵᠦ ᠦᠭᠡ ᠬᠡᠯᠡᠬᠦ ᠳᠥ ᠪᠡᠨ᠂ ᠠᠳᠤᠭᠤᠨ ᠤ ᠥᠪ ᠰᠣᠶᠤᠯ᠂ ᠤᠯᠠᠮᠵᠢᠯᠠᠯ ᠢ ᠴᠣᠭᠴᠠᠯᠠᠭᠠᠨ ᠬᠥᠭ᠍ᠵᠢᠭᠦᠯᠬᠦ ᠳᠥ ᠮᠣᠩ᠋ᠭᠤᠯᠴᠤᠳ ᠠᠰᠠᠷ ᠶᠡᠬᠡ ᠬᠤᠪᠢ ᠨᠡᠮᠡᠷᠢ ᠣᠷᠤᠭᠤᠯᠤᠭᠰᠠᠨ ᠤᠴᠢᠷ ᠲᠡᠭᠦᠨ ᠢ ᠬᠠᠳᠠᠭᠠᠯᠠᠨ ᠬᠠᠮᠠᠭᠠᠯᠠᠬᠤ᠂ ᠲᠦᠭᠡᠭᠡᠨ ᠳᠡᠯᠭᠡᠷᠡᠭᠦᠯᠬᠦ ᠢᠢᠨ ᠲᠥᠯᠦᠭᠡ ᠳᠡᠯᠡᠬᠡᠢ ᠳᠥ ᠮᠠᠩᠯᠠᠢᠢᠯᠠᠬᠤ ᠤᠴᠢᠷ ᠲᠠᠢ ᠢᠢ ᠲᠡᠮᠳᠡᠭᠯᠡᠯ᠎ᠡ᠃
ᠮᠣᠩ᠋ᠭᠣᠯ ᠠᠳᠤᠭᠤᠨ ᠤ ᠤᠭᠰᠢᠯ ᠭᠠᠷᠤᠯ ᠤᠨ ᠲᠡᠦᠬᠡ᠂ ᠠᠷᠠᠴᠢᠯᠠᠭ᠎ᠠ ᠮᠠᠯᠯᠠᠭ᠎ᠠ᠂ ᠡᠪᠡᠳᠴᠢᠨ ᠡᠮᠭᠡᠭ ᠢ ᠡᠮᠴᠢᠯᠠᠬᠦ᠂ ᠤᠨᠤᠯᠭ᠎ᠠ ᠡᠳ᠋ᠯᠡᠭᠡᠨ ᠳᠥ ᠰᠤᠷᠭᠠᠬᠤ᠂ ᠬᠤᠷᠳᠤᠨ ᠬᠦᠯᠦᠭ ᠢ ᠰᠢᠨᠵᠢᠨ ᠲᠠᠨᠢᠬᠤ᠂ ᠠᠳᠤᠭᠤᠨ ᠤ ᠡᠳ᠋ᠯᠡᠯ ᠬᠡᠷᠡᠭᠯᠡᠯ ᠦᠢᠯᠡᠳᠪᠦᠷᠢᠯᠡᠬᠦ ᠵᠡᠷᠭᠡ ᠠᠳᠤᠭᠤᠨ ᠤ ᠴᠣᠭᠴᠠ ᠥᠪ ᠰᠣᠶᠤᠯ ᠢ ᠥᠪᠯᠡᠨ ᠲᠡᠭᠡᠭ᠍ᠴᠢᠳ ᠪᠣᠯ ᠮᠣᠩ᠋ᠭᠤᠯ ᠠᠳᠤᠭᠤᠴᠢᠳ ᠭᠡᠳᠡᠭ ᠢ ᠣᠨᠴᠠᠯᠠᠯ᠎ᠠ᠃
ᠠᠳᠤᠭᠤ ᠢᠢ ᠡᠮᠨᠡᠨ ᠡᠮᠴᠢᠯᠠᠬᠦ᠂ ᠠᠳᠤᠭᠤ ᠪᠠᠨ ᠲᠥᠷᠦᠯ ᠪᠦᠷᠢ ᠢᠢᠨ ᠡᠮᠴᠢᠯᠡᠭᠡ᠂ ᠰᠤᠪᠢᠯᠠᠭᠠᠨ ᠳᠤ ᠠᠰᠢᠭᠯᠠᠬᠤ ᠠᠷᠭ᠎ᠠ ᠵᠦᠢ ᠢᠢ ᠣᠷᠴᠢᠨ ᠦᠶ᠎ᠡ ᠢᠢᠨ ᠰᠢᠨᠵᠢᠯᠡᠬᠦ ᠤᠬᠠᠭᠠᠨ ᠲᠠᠢ ᠬᠣᠷᠰᠢᠭᠤᠯᠤᠨ ᠬᠥᠭ᠍ᠵᠢᠭᠦᠯᠬᠦ᠂ ᠡᠷᠳᠡᠮᠲᠡᠨ ᠰᠤᠳᠤᠯᠤᠭᠠᠴᠢᠳ ᠲᠠᠢ ᠨᠢᠭ᠌ᠲᠠ ᠬᠠᠮᠲᠤᠷᠠᠨ ᠠᠵᠢᠯᠯᠠᠬᠤ ᠱᠠᠭᠠᠷᠳᠠᠯᠭ᠎ᠠ ᠲᠠᠢ ᠢᠢ ᠬᠡᠯᠡᠯ᠎ᠡ᠃

ᠠᠳᠤᠭᠤᠨ ᠤ ᠥᠪ ᠰᠣᠶᠤᠯ᠂ ᠤᠯᠠᠮᠵᠢᠯᠠᠯ ᠢᠶᠠᠨ ᠤᠯᠠᠮ ᠲᠡᠭᠦᠯᠳᠡᠷᠵᠢᠭᠦᠯᠦᠨ ᠥᠪᠯᠡᠭᠦᠯᠦᠨ ᠦᠯᠡᠳᠡᠭᠡᠬᠦ ᠥᠨᠳᠦᠷ ᠡᠭᠦᠷᠭᠡ᠂ ᠬᠠᠷᠢᠭᠤᠴᠠᠯᠭ᠎ᠠ ᠡᠭᠦᠷᠴᠥ ᠶᠠᠪᠤᠭ᠎ᠠ ᠪᠠᠨ ᠭᠦᠨ ᠢᠶᠡᠨ ᠤᠬᠠᠮᠰᠠᠷᠯᠠᠬᠤ ᠤᠴᠢᠷ ᠲᠠᠢ ᠢᠢ ᠬᠡᠯᠡᠵᠦ᠂ ᠮᠣᠩ᠋ᠭᠤᠯ ᠨᠠᠭᠠᠳᠤᠮ ᠢᠶᠠᠨ ᠰᠢᠳᠤᠷᠭᠤ᠂ ᠶᠣᠰᠤ ᠳᠢᠭ᠌ ᠢᠶᠡᠷ ᠨᠢ ᠵᠣᠬᠢᠶᠠᠨ ᠪᠠᠢᠢᠭᠤᠯᠬᠤ᠂ ᠥᠪᠯᠡᠭᠦᠯᠦᠨ ᠤᠯᠠᠮᠵᠢᠯᠠᠭᠤᠯᠬᠤ ᠳᠤ ᠤᠶᠠᠭᠠᠴᠢᠳ ᠤᠨ ᠶᠣᠰᠤ ᠵᠤᠳᠠᠭ᠂ ᠴᠢᠩ ᠰᠡᠳᠬᠢᠯ ᠨᠡᠩ ᠴᠢᠬᠤᠯᠠ ᠭᠡᠳᠡᠭ ᠢ ᠲᠡᠮᠳᠡᠭᠯᠡᠯ᠎ᠡ᠃
ᠴᠢᠨᠠᠭᠰᠢᠳᠠ ᠠᠳᠤᠭᠤᠨ ᠤ ᠤᠳᠤᠮ ᠤᠨ ᠰᠠᠩ ᠢ ᠬᠠᠳᠠᠭᠠᠯᠠᠨ ᠬᠠᠮᠠᠭᠠᠯᠠᠬᠤ ᠳᠤ ᠲᠥᠷᠦ᠂ ᠵᠠᠰᠠᠭ᠂ ᠠᠷᠠᠳ ᠲᠦᠮᠡᠨ᠂ ᠢᠯᠠᠩ᠋ᠭᠤᠶ᠎ᠠ ᠤᠶᠠᠭᠠᠴᠢᠳ᠂ ᠠᠳᠤᠭᠤᠴᠢᠳ ᠣᠨᠴᠤᠭᠤᠢ ᠠᠩᠬᠠᠷᠬᠤ ᠶᠣᠰᠤᠲᠠᠶ ᠢᠢ ᠰᠠᠨᠠᠭᠤᠯᠤᠯ᠎ᠠ᠃
ᠶᠡᠷᠦᠩᠬᠡᠢᠢᠯᠡᠭᠴᠢ ᠮᠥᠨ ᠮᠣᠩ᠋ᠭᠣᠯ ᠤᠨ ᠮᠣᠷᠢᠨ ᠰᠫᠣᠷᠲ᠂ ᠤᠶᠠᠭᠠᠴᠢᠳ ᠤᠨ ᠬᠣᠯᠪᠤᠭᠠᠨ ᠤ ᠲᠡᠷᠢᠭᠦᠯᠡᠭᠴᠢ ᠭᠡᠰᠢᠭᠦᠨ᠂ ᠲᠣᠳᠤ ᠮᠠᠩᠯᠠᠢ ᠤᠶᠠᠭᠠᠴᠢ ᠪᠠᠲᠤᠬᠦ᠋ᠷᠡᠯ ᠦᠨ ᠪᠠᠲᠤ-ᠥᠯᠵᠡᠢ᠂ ᠳᠣᠷᠤᠨᠠᠳᠤ ᠠᠢᠢᠮᠠᠭ ᠤᠨ ᠮᠠᠲᠠᠳ ᠰᠤᠮᠤ ᠢᠢᠨ ᠮᠠᠯᠴᠢᠨ᠂ ᠮᠠᠩᠯᠠᠢ ᠤᠶᠠᠭᠠᠴᠢ ᠪᠠᠲᠤᠸᠴᠢᠷ ᠤᠨ ᠴᠡᠩᠳᠦᠪᠠᠭᠠᠲᠤᠷ ᠨᠠᠷ ᠲᠤ ᠭᠠᠪᠢᠶᠠᠲᠤ ᠮᠠᠯᠴᠢᠨ ᠴᠣᠯᠠ ᠬᠦᠷᠲᠡᠭᠡᠯ᠎ᠡ᠃ ᠮᠥᠨ ᠨᠡᠷ᠎ᠡ ᠪᠦᠬᠦᠢ ᠠᠳᠤᠭᠤᠴᠢᠳ᠂ ᠤᠶᠠᠭᠠᠴᠢᠳ ᠢ ᠲᠥᠷᠦ ᠢᠢᠨ ᠳᠡᠭᠡᠳᠦ ᠣᠳᠤᠨ᠂ ᠮᠧᠳᠠᠯᠢ ᠪᠠᠷ ᠱᠠᠩᠨᠠᠯ᠎ᠠ᠃

ᠤᠯᠤᠰ ᠤᠨ ᠶᠡᠬᠡ ᠬᠤᠷᠠᠯ ᠮᠣᠩ᠋ᠭᠤᠯ ᠡᠭᠦᠯᠳᠡᠷ ᠣᠮᠤᠭ ᠤᠨ ᠠᠳᠤᠭᠤᠨ ᠤ ᠤᠳᠤᠮ ᠤᠨ ᠰᠠᠩ ᠢ ᠬᠠᠮᠠᠭᠠᠯᠠᠬᠤ ᠵᠣᠷᠢᠯᠭ᠎ᠠ ᠪᠠᠷ ᠦᠷᠡᠵᠢᠯ ᠦᠨ ᠠᠳᠤᠭᠤ᠂ ᠲᠡᠭᠦᠨ ᠦ ᠦᠷ᠎ᠡ᠂ ᠬᠥᠪᠦᠷᠡᠯ ᠢ ᠢᠮᠫᠣᠷᠲ᠋ᠯᠠᠬᠤ ᠢᠢ ᠒᠐᠒᠖-᠒᠐᠓᠖ ᠣᠨ ᠬᠦᠷᠲᠡᠯᠡᠬᠢ ᠬᠤᠭᠤᠴᠠᠭᠠᠨ ᠳᠤ ᠵᠣᠭᠰᠤᠭᠠᠬᠤ ᠲᠣᠭᠲᠠᠭᠠᠯ ᠪᠠᠲᠤᠯᠠᠭᠰᠠᠨ᠃
ᠮᠥᠨ ᠰᠦᠷᠦᠭ ᠦᠨ ᠲᠠᠷᠬᠠᠴᠠ᠂ ᠡᠭᠦᠯᠳᠡᠷᠯᠢᠭ ᠪᠠᠢᠢᠳᠠᠯ ᠢ ᠪᠦᠰᠡ ᠨᠤᠲᠤᠭ ᠢᠶᠠᠷ ᠭᠠᠷᠭᠠᠬᠤ᠂ ᠦᠷᠡᠵᠢᠯ ᠦᠨ ᠠᠳᠤᠭᠤᠨ ᠳᠤ ᠤᠳᠤᠮ ᠵᠦᠢ ᠢᠢᠨ ᠦᠨᠡᠯᠡᠭᠡ ᠬᠢᠬᠦ᠂ ᠪᠦᠷᠢᠳᠬᠡᠯᠵᠢᠭᠦᠯᠬᠦ᠂ ᠮᠡᠳᠡᠭᠡᠯᠡᠯ ᠦᠨ ᠨᠢᠭᠡᠳᠦᠭᠰᠡᠨ ᠰᠠᠩ ᠪᠦᠷᠢᠳᠦᠭᠦᠯᠬᠦ᠂ ᠠᠳᠤᠭᠤ ᠰᠤᠳᠤᠯᠤᠯ᠂ ᠲᠥᠷᠥᠯᠵᠢᠯᠲᠡ᠂ ᠠᠰᠢᠭᠯᠠᠯᠲᠠ ᠢᠢ ᠨᠢᠭᠡᠳᠦᠭᠰᠡᠨ ᠪᠣᠳᠤᠯᠭ᠎ᠠ ᠪᠠᠷ ᠬᠥᠭ᠍ᠵᠢᠭᠦᠯᠬᠦ ᠲᠥᠷᠦ᠂ ᠬᠤᠪᠢ ᠢᠢᠨ ᠬᠡᠪᠰᠢᠯ ᠦᠨ ᠬᠠᠮᠲᠤ ᠢᠢᠨ ᠠᠵᠢᠯᠯᠠᠭᠠᠨ ᠤ ᠲᠣᠭᠲᠠᠯᠴᠠᠭ᠎ᠠ ᠪᠦᠷᠢᠳᠦᠭᠦᠯᠬᠦ ᠢᠢ ᠵᠠᠰᠠᠭ ᠤᠨ ᠭᠠᠵᠠᠷ ᠲᠤ ᠴᠢᠭᠯᠡᠯ ᠪᠣᠯᠭᠠᠭᠠᠳ ᠪᠠᠢᠢᠨ᠎ᠠ᠃

ᠳᠡᠯᠡᠬᠡᠢ ᠢᠢᠨ ᠖᠐ ᠰᠢᠬᠠᠮ ᠰᠠᠶ᠎ᠠ ᠠᠳᠤᠭᠤᠨ ᠤ ᠙ ᠣᠷᠴᠢᠮ ᠬᠤᠪᠢ ᠪᠤᠶᠤ ᠕ ᠰᠠᠶ᠎ᠠ ᠭᠠᠷᠤᠢ ᠨᠢ ᠮᠠᠨ ᠤ ᠤᠯᠤᠰ ᠲᠤ ᠪᠠᠢᠢᠳᠠᠭ᠃ ᠠᠳᠤᠭᠤᠨ ᠤ ᠪᠠᠨ ᠲᠣᠭ᠎ᠠ ᠪᠠᠷ ᠳᠡᠯᠡᠬᠡᠢ ᠳᠥ ᠳᠥᠷᠪᠡ᠊ᠳ᠋ᠦᠭᠡᠷ ᠲᠥ᠂ ᠨᠢᠭᠡ ᠬᠦᠮᠦᠨ ᠳᠥ ᠨᠣᠭᠳᠠᠬᠤ ᠠᠳᠤᠭᠤᠨ ᠤ ᠲᠣᠭ᠎ᠠ ᠪᠠᠷ ᠨᠢᠭᠡ᠊ᠳ᠋ᠦᠭᠡᠷ ᠲᠥ ᠣᠷᠤᠳᠠᠭ ᠶᠤᠮ᠃
ᠳᠡᠯᠡᠬᠡᠢ ᠢᠢᠨ ᠠᠳᠤᠭᠤᠨ ᠤ ᠡᠳᠦᠷ ᠲᠡᠶ ᠪᠣᠯᠬᠤ ᠶᠡᠷᠦᠩᠬᠡᠢᠢᠯᠡᠭᠴᠢ ᠤ·ᠬᠦᠷᠡᠯᠰᠦ᠋ᠬᠡ ᠢᠢᠨ ᠰᠠᠨᠠᠭᠠᠴᠢᠯᠠᠭ᠎ᠠ ᠢᠢ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠢ ᠠᠰᠰᠠᠮᠪᠯᠧᠢ ᠥᠩ᠋ᠭᠡᠷᠡᠭᠰᠡᠨ ᠣᠨ ᠳᠤ ᠬᠡᠯᠡᠯᠴᠡᠨ ᠪᠠᠲᠤᠯᠠᠭᠰᠠᠨ ᠨᠢ ᠬᠦᠮᠦᠨ ᠲᠥᠷᠦᠯᠬᠢᠲᠡᠨ ᠦ ᠲᠡᠦᠬᠡᠨ ᠳᠥ ᠠᠳᠤᠭᠤᠨ ᠤ ᠭᠦᠢᠴᠡᠳᠬᠡᠭ᠍ᠰᠡᠨ ᠡᠭᠦᠷᠭᠡ᠂ ᠠᠴᠢ ᠬᠣᠯᠪᠤᠭᠳᠠᠯ ᠢ ᠳᠡᠯᠡᠬᠡᠢ ᠳᠠᠬᠢᠨ ᠬᠦᠯᠢᠶᠡᠨ ᠵᠥᠪᠰᠢᠶᠡᠷᠡᠵᠦ ᠪᠤᠢ ᠢᠢᠨ ᠢᠯᠡᠷᠡᠯ ᠭᠡᠵᠦ ᠪᠣᠯᠤᠨ᠎ᠠ᠃
ᠡᠨᠡ ᠳᠠᠭᠠᠭᠤ ᠤᠯᠤᠰ ᠣᠷᠤᠨ ᠨᠤᠭᠤᠳ ᠦᠨᠳᠦᠰᠦᠨ ᠦ ᠶᠡᠬᠡ ᠪᠠᠶᠠᠷ ᠨᠠᠭᠠᠳᠤᠮ ᠤᠨ ᠡᠳᠦᠷ ᠪᠤᠶᠤ ᠗ ᠳ᠋ᠤᠭᠠᠷ ᠰᠠᠷ᠎ᠠ ᠢᠢᠨ ᠑᠑ ᠤ ᠡᠳᠦᠷ ᠳᠡᠯᠡᠬᠡᠢ ᠢᠢᠨ ᠠᠳᠤᠭᠤᠨ ᠤ ᠡᠳᠦᠷ ᠢ ᠲᠡᠮᠳᠡᠭᠯᠡᠵᠦ ᠪᠠᠢᠢᠬᠤ ᠶᠤᠮ᠃
ᠮᠠᠨ ᠤ ᠤᠯᠤᠰ ᠶᠦ᠋ᠨᠧᠰᠻᠣ ᠢᠢᠨ ᠬᠦᠮᠦᠨ ᠲᠥᠷᠦᠯᠬᠢᠲᠡᠨ ᠦ ᠰᠣᠶᠤᠯ ᠤᠨ ᠪᠡᠶᠡᠲᠦ ᠪᠤᠰᠤ ᠥᠪ ᠦᠨ ᠵᠢᠭ᠌ᠰᠠᠭᠠᠯᠲᠠ ᠳᠤ ᠮᠣᠩ᠋ᠭᠤᠯ ᠨᠠᠭᠠᠳᠤᠮ᠂ ᠮᠣᠷᠢᠨ ᠬᠤᠭᠤᠷ᠂ ᠬᠥᠬᠦᠦᠷ ᠦᠨ ᠠᠢᠢᠷᠠᠭ ᠢᠰᠬᠡᠬᠦ ᠤᠯᠠᠮᠵᠢᠯᠠᠯ᠂ ᠬᠣᠯᠪᠤᠭᠳᠠᠬᠤ ᠵᠠᠩ ᠦᠢᠯᠡ ᠪᠡᠨ ᠪᠦᠷᠢᠳᠬᠡᠭᠦᠯᠦᠭᠰᠡᠨ᠃
ᠮᠥᠨ ᠒᠐᠑᠓ ᠣᠨ ᠳᠤ ᠬᠦᠢ ᠳᠣᠯᠤᠭᠠᠨ ᠬᠤᠳᠳᠤᠭ ᠲᠤ ᠑᠐ ᠮᠢᠩ᠋ᠭᠠᠨ ᠮᠣᠷᠢᠲᠠᠨ ᠤ ᠵᠢᠭ᠌ᠰᠠᠭᠠᠯ᠂ ᠔᠂᠐᠐᠐ ᠬᠤᠷᠳᠤᠨ ᠮᠣᠷᠢᠨ ᠤ ᠤᠷᠤᠯᠳᠤᠭᠠᠨ ᠵᠣᠬᠢᠶᠠᠨ ᠭᠧᠨ᠋᠊ᠨᠧᠰᠰ ᠲᠥ ᠪᠦᠷᠢᠳᠬᠡᠭᠦᠯᠦᠭᠡᠳ ᠪᠠᠢᠢᠨ᠎ᠠ᠃















