«ᠨᠢᠶᠦ᠋ ᠫᠷᠣᠭ᠋ᠷᠧᠰᠰ ᠭᠷᠦ᠋ᠫ» ᠤᠨ «ᠧᠻᠣ ᠳ᠋ᠷᠠᠢᠢᠸᠠᠯ» ᠬᠢᠵᠠᠭᠠᠷᠯᠠᠭᠳᠠᠮᠠᠯ ᠬᠠᠷᠢᠭᠤᠴᠠᠯᠭᠠᠲᠠᠶ ᠻᠣᠮᠫᠠᠨᠢ ᠲᠥᠪ ᠠᠢᠢᠮᠠᠭ ᠤᠨ ᠰᠡᠷᠬᠦᠯᠡᠩ ᠰᠤᠮᠤ ᠢᠢᠨ ᠨᠤᠲᠤᠭ ᠲᠤ «ᠠᠯᠢᠹᠠ» ᠧᠻᠣ ᠭᠢᠫᠰᠦᠨ ᠬᠠᠪᠲᠠᠩ ᠤᠨ ᠦᠢᠯᠡᠳᠪᠦᠷᠢ ᠪᠡᠨ ᠠᠰᠢᠭᠯᠠᠯᠲᠠ ᠳᠤ ᠣᠷᠤᠭᠤᠯᠤᠯ᠎ᠠ᠃
ᠮᠠᠨ ᠤ ᠤᠯᠤᠰ ᠵᠢᠯ ᠪᠦᠷᠢ ᠑᠐᠐ ᠲᠡᠷᠪᠤᠮ ᠲᠥᠭᠦᠷᠢᠭ᠌ ᠲᠡᠶ ᠲᠡᠩᠴᠡᠬᠦ ᠬᠡᠮᠵᠢᠶᠡᠨ ᠦ ᠭᠢᠫᠰᠦᠨ ᠬᠠᠪᠲᠠᠩ ᠢᠮᠫᠣᠷᠲ ᠢᠶᠠᠷ ᠣᠷᠤᠭᠤᠯᠵᠤ ᠢᠷᠡᠳᠡᠭ᠃ ᠲᠡᠭᠡᠪᠡᠯ ᠡᠨᠡ ᠦᠢᠯᠡᠳᠪᠦᠷᠢ ᠳᠣᠲᠤᠭᠠᠳᠤ ᠢᠢᠨ ᠬᠡᠷᠡᠭᠴᠡᠭᠡ ᠢᠢ ᠑᠐᠐ ᠬᠤᠪᠢ ᠬᠠᠩ᠋ᠭᠠᠬᠤ ᠪᠥᠭᠡᠳ ᠵᠢᠯ ᠳᠥ ᠳᠡᠭᠡᠷᠡᠬᠢ ᠬᠡᠮᠵᠢᠶᠡᠨ ᠦ ᠮᠥᠩ᠋ᠭᠦ ᠢᠢ ᠡᠬᠡ ᠣᠷᠤᠨ ᠳᠤ ᠪᠠᠨ ᠦᠯᠡᠳᠡᠭᠡᠬᠦ ᠶᠤᠮ᠃


ᠦᠢᠯᠡᠳᠪᠦᠷᠢ ᠢᠢᠨ ᠨᠡᠭᠡᠭᠡᠯᠲᠡ ᠢᠢᠨ ᠶᠣᠰᠤᠯᠠᠯ ᠳᠤ ᠶᠡᠷᠦᠩᠬᠡᠢᠢᠯᠡᠭᠴᠢ ᠤ·ᠬᠦᠷᠡᠯᠰᠦ᠋ᠬᠡ ᠣᠷᠤᠯᠴᠠᠵᠤ᠂ ᠭᠷᠦ᠋ᠫ᠂ ᠻᠣᠮᠫᠠᠨᠢ ᠢᠢᠨ ᠬᠠᠮᠲᠤ ᠣᠯᠠᠨ ᠳᠤ ᠠᠮᠵᠢᠯᠲᠠ ᠬᠦᠰᠡᠯ᠎ᠡ᠃ ᠮᠥᠨ ᠪᠠᠷᠢᠯᠭ᠎ᠠ ᠢᠢᠨ ᠰᠠᠯᠪᠤᠷᠢ ᠳᠤ ᠦᠢᠯᠡ ᠠᠵᠢᠯᠯᠠᠭ᠎ᠠ ᠶᠠᠪᠤᠭᠤᠯᠳᠠᠭ ᠠᠵᠤ ᠠᠬᠤᠢ ᠢᠢᠨ ᠨᠢᠭᠡᠴᠡ ᠨᠤᠭᠦᠳ ᠪᠣᠯᠤᠨ ᠢᠷᠭᠡᠳ ᠡᠬᠡ ᠣᠷᠤᠨᠴᠢ ᠬᠤᠳᠠᠯᠳᠤᠨ ᠠᠪᠤᠯᠲᠠ ᠬᠢᠵᠦ ᠪᠠᠢᠢᠬᠤ ᠢᠢ ᠤᠷᠢᠶᠠᠯᠠᠯ᠎ᠠ᠃
ᠦᠢᠯᠡᠳᠪᠦᠷᠢ ᠠᠰᠢᠭᠯᠠᠯᠲᠠ ᠳᠤ ᠣᠷᠤᠭᠰᠠᠨ ᠢᠶᠠᠷ ᠣᠷᠤᠨ ᠨᠤᠲᠤᠭ ᠤᠨ ᠑᠐᠐ ᠭᠠᠷᠤᠢ ᠢᠷᠭᠡᠨ ᠲᠣᠭᠲᠠᠮᠠᠯ ᠠᠵᠢᠯ ᠤᠨ ᠪᠠᠢᠢᠷᠢ ᠲᠠᠢ ᠪᠣᠯᠤᠭᠰᠠᠨ ᠪᠠᠢᠢᠨ᠎ᠠ᠃
ᠮᠠᠨ ᠤ ᠤᠯᠤᠰ ᠒᠐᠒᠓ ᠣᠨ ᠳᠤ ᠘·᠘ ᠰᠠᠶ᠎ᠠ ᠮᠧ᠊᠒ ᠬᠠᠪᠲᠠᠩ ᠢᠮᠫᠣᠷᠲ᠋ᠯᠠᠭᠰᠠᠨ ᠪᠣᠯ ᠡᠨᠡ ᠲᠣᠭ᠎ᠠ ᠒᠐᠒᠕ ᠣᠨ ᠳᠤ ᠬᠣᠶᠠᠷ ᠳᠠᠬᠢᠨ ᠥᠰᠴᠦ ᠑᠘·᠕ ᠰᠠᠶ᠎ᠠ ᠳᠤ ᠬᠦᠷᠦᠭᠰᠡᠨ ᠶᠤᠮ᠃
ᠰᠠᠯᠪᠤᠷᠢ ᠢᠢᠨ ᠶᠠᠮᠤᠨ ᠴᠢᠨᠠᠭᠰᠢᠳᠠ ᠳᠣᠲᠤᠭᠠᠳᠤ ᠢᠢᠨ ᠦᠢᠯᠡᠳᠪᠦᠷᠢᠯᠡᠯ ᠢ ᠵᠥᠪᠬᠡᠨ ᠢᠮᠫᠣᠷᠲ ᠢ ᠣᠷᠤᠯᠠᠬᠤ ᠪᠤᠰᠤ᠂ ᠡᠻᠰᠫᠣᠷᠲ ᠤᠨ ᠴᠢᠭ᠌ ᠪᠠᠷᠢᠮᠵᠢᠶ᠎ᠠ ᠲᠠᠢ᠂ ᠨᠡᠮᠡᠭᠦᠦ ᠥᠷᠲᠡᠭ ᠰᠢᠩ᠋ᠭᠡᠭ᠍ᠰᠡᠨ᠂ ᠣᠯᠠᠨ ᠤᠯᠤᠰ ᠤᠨ ᠰᠲ᠋ᠠᠨ᠋ᠳᠠᠷᠲ ᠳᠤ ᠨᠡᠢᠢᠴᠡᠭᠰᠡᠨ ᠦᠢᠯᠡᠳᠪᠦᠷᠢᠯᠡᠯ ᠪᠣᠯᠭᠠᠨ ᠬᠥᠭ᠍ᠵᠢᠭᠦᠯᠬᠦ ᠵᠣᠷᠢᠯᠲᠠ ᠲᠠᠯᠪᠢᠵᠠᠶ᠃



«ᠨᠢᠶᠦ᠋ ᠫᠷᠣᠭ᠋ᠷᠧᠰᠰ ᠭᠷᠦ᠋ᠫ» ᠒᠐᠐᠐ ᠣᠨ ᠠᠴᠠ ᠳᠡᠳ᠋ ᠪᠦᠲᠦᠴᠡ᠂ ᠦᠢᠯᠡᠳᠪᠦᠷᠢᠯᠡᠯ᠂ ᠡᠷᠴᠢᠮ ᠬᠦᠴᠦ᠂ ᠪᠠᠷᠢᠯᠭ᠎ᠠ ᠢᠢᠨ ᠰᠠᠯᠪᠤᠷᠢ ᠳᠤ ᠦᠢᠯᠡ ᠠᠵᠢᠯᠯᠠᠭ᠎ᠠ ᠡᠷᠬᠢᠯᠡᠵᠦ ᠪᠠᠢᠢᠨ᠎ᠠ᠃ ᠑᠐ ᠭᠠᠷᠤᠢ ᠥᠬᠢᠨ ᠻᠣᠮᠫᠠᠨᠢ᠂ ᠑᠂᠕᠐᠐ ᠭᠠᠷᠤᠢ ᠠᠵᠢᠯᠲᠠᠨ ᠲᠠᠢ᠃
ᠲᠣᠮᠣᠬᠠᠨ ᠪᠦᠲᠦᠭᠡᠨ ᠪᠠᠢᠢᠭᠤᠯᠤᠯᠲᠠ ᠪᠣᠯᠬᠤ «ᠬᠣᠪᠳᠤ ᠧᠻᠣ ᠼᠧᠮᠧᠨ᠋ᠲ» ᠦᠢᠯᠡᠳᠪᠦᠷᠢ ᠨᠢ ᠵᠢᠯ ᠳᠥ ᠒᠕᠐ ᠮᠢᠩ᠋ᠭᠠᠨ ᠲᠣᠨ᠋᠊ᠨ᠋ ᠪᠤᠶᠤ ᠕᠐᠔ ᠬᠡᠦᠬᠡᠳ ᠦᠨ ᠴᠡᠴᠡᠷᠯᠢᠭ ᠪᠠᠷᠢᠬᠤ ᠬᠡᠮᠵᠢᠶᠡᠨ ᠦ ᠼᠧᠮᠧᠨ᠋ᠲ ᠦᠢᠯᠡᠳᠪᠦᠷᠢᠯᠡᠵᠦ᠂ ᠪᠠᠷᠠᠭᠤᠨ ᠪᠦᠰᠡ ᠢᠢᠨ ᠬᠡᠷᠡᠭᠴᠡᠭᠡ ᠢᠢ ᠬᠠᠩ᠋ᠭᠠᠵᠤ ᠪᠠᠢᠢᠨ᠎ᠠ᠃











