ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠯᠠᠨ ᠬᠡᠦᠬᠡᠳ ᠲᠥᠷᠦᠭᠦᠯᠵᠦ ᠥᠰᠬᠡᠭ᠍ᠰᠡᠨ ᠡᠬᠡ ᠢᠢ ᠤᠷᠮᠠᠰᠢᠭᠤᠯᠬᠤ ᠲᠤᠬᠠᠢ ᠬᠠᠤᠯᠢ ᠪᠣᠯᠤᠨ ᠦᠨᠳᠦᠰᠦᠨ ᠬᠠᠤᠯᠢ ᠳᠤ ᠵᠢᠭᠠᠭᠰᠠᠨ ᠪᠦᠷᠢᠨ ᠡᠷᠬᠡ ᠢᠢᠨ ᠢᠶᠡᠨ ᠬᠦᠷᠢᠶᠡᠨ ᠳᠥ ᠵᠠᠷᠯᠢᠭ ᠭᠠᠷᠭᠠᠵᠤ᠂ ᠡᠬᠡᠴᠦᠳ ᠲᠥ ᠠᠯᠳᠠᠷᠲᠤ ᠡᠬᠡ ᠢᠢᠨ ᠣᠳᠤᠨ ᠭᠠᠷᠳᠠᠭᠤᠯᠤᠯ᠎ᠠ᠃
ᠡᠨᠡ ᠵᠢᠯ ᠤᠯᠤᠰ ᠤᠨ ᠬᠡᠮᠵᠢᠶᠡᠨ ᠳᠥ ᠑᠒᠂᠓᠐᠖ ᠬᠦᠮᠦᠨ ᠠᠯᠳᠠᠷᠲᠤ ᠡᠬᠡ ᠢᠢᠨ ᠨᠢᠭᠡ᠂ ᠬᠣᠶᠠᠳ᠋ᠤᠭᠠᠷ ᠵᠡᠷᠭᠡ ᠢᠢᠨ ᠣᠳᠤᠨ ᠬᠦᠷᠲᠡᠨ᠎ᠡ᠃ ᠥᠨᠦᠳᠦᠷ ᠣᠳᠣᠨ ᠪᠠᠨ ᠭᠠᠷᠳᠠᠵᠤ ᠪᠠᠢᠢᠭ᠎ᠠ ᠡᠬᠡᠴᠦᠳ ᠦᠨ ᠣᠯᠠᠩᠬᠢ ᠨᠢ ᠓᠓-᠓᠙ ᠨᠠᠰᠤ ᠲᠠᠢ᠂ ᠬᠠᠮᠤᠭ ᠤᠨ ᠵᠠᠯᠠᠭᠤ ᠨᠢ ᠒᠒ ᠨᠠᠰᠤ ᠲᠠᠢ ᠶᠤᠮ᠃
ᠡᠵᠢ ᠨᠤᠭᠦᠳ ᠦᠨ ᠠᠴᠢ ᠭᠠᠪᠢᠶ᠎ᠠ᠂ ᠬᠥᠳᠡᠯᠮᠦᠷᠢ ᠵᠢᠳᠬᠦᠯ ᠦᠨ ᠦᠷ᠎ᠡ ᠰᠢᠮ᠎ᠡ ᠢᠢ ᠤᠳᠤᠮ ᠰᠤᠳᠤᠷ᠂ ᠭᠡᠷ ᠪᠦᠯᠢ᠂ ᠤᠷᠤᠭ ᠲᠥᠷᠦᠯ᠂ ᠦᠨᠳᠦᠰᠦᠲᠡᠨ ᠢᠶᠡᠷ ᠢᠶᠡᠨ ᠬᠦᠷᠲᠡᠳᠡᠭ ᠤᠴᠢᠷ ᠮᠣᠩ᠋ᠭᠣᠯ ᠲᠥᠷᠦ ᠠᠯᠳᠠᠷᠰᠢᠭᠤᠯᠳᠠᠭ ᠰᠠᠢᠢᠬᠠᠨ ᠤᠯᠠᠮᠵᠢᠯᠠᠯ ᠲᠠᠢ ᠢᠢ ᠶᠡᠷᠦᠩᠬᠡᠢᠢᠯᠡᠭᠴᠢ ᠣᠨᠴᠠᠯᠠᠯ᠎ᠠ᠃
«ᠡᠨᠡ ᠣᠳᠤᠨ ᠪᠣᠯ ᠡᠬᠡ ᠬᠦᠮᠦᠨ ᠦ ᠳᠤᠨᠳᠠᠷᠠᠰᠢ ᠦᠭᠡᠢ ᠬᠠᠢᠢᠷ᠎ᠠ᠂ ᠠᠯᠳᠠᠷ ᠬᠦᠨᠳᠦ ᠢᠢᠨ ᠢᠯᠡᠷᠬᠡᠢᠢᠯᠡᠯ᠃ ᠡᠵᠢ ᠢᠢᠨ ᠮᠢᠨᠢ ᠡᠩ᠋ᠭᠡᠷ ᠲᠥ ᠭᠢᠯᠠᠯᠵᠠᠵᠤ ᠪᠠᠢᠢᠭᠰᠠᠨ᠂ ᠣᠳᠤ ᠡᠵᠢ ᠨᠤᠭᠦᠳ ᠦᠨ ᠡᠩ᠋ᠭᠡᠷ ᠲᠥ ᠭᠢᠯᠠᠯᠵᠠᠵᠤ ᠪᠠᠢᠢᠭ᠎ᠠ ᠡᠨᠡ ᠣᠳᠣᠨ ᠢ ᠬᠠᠮᠤᠭ ᠤᠨ ᠬᠦᠨᠳᠦ ᠲᠡᠶ ᠱᠠᠩᠨᠠᠯ ᠭᠡᠵᠦ ᠪᠣᠳᠤᠳᠠᠭ» ᠭᠡᠯᠡ᠃
ᠲᠡᠷᠡ ᠪᠡᠷ ᠠᠯᠳᠠᠷᠲᠤ ᠡᠬᠡᠴᠦᠳ ᠲᠥ ᠪᠣᠯᠤᠨ ᠭᠡᠷ ᠪᠦᠯᠢ᠂ ᠦᠷ᠎ᠡ ᠬᠡᠦᠬᠡᠳ᠂ ᠲᠥᠷᠦᠯ ᠲᠥᠷᠥᠭᠰᠡᠳ ᠲᠥ ᠨᠢ ᠡᠷᠡᠭᠦᠯ ᠡᠩᠬᠡ᠂ ᠠᠵᠠ ᠵᠢᠷᠭᠠᠯ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠯ᠎ᠡ᠃
ᠶᠡᠷᠦᠩᠬᠡᠢᠢᠯᠡᠭᠴᠢ ᠰᠠᠨᠠᠭᠠᠴᠢᠯᠠᠭ᠎ᠠ ᠭᠠᠷᠭᠠᠭᠰᠠᠨ ᠤ ᠳᠠᠭᠠᠭᠤ ᠠᠯᠳᠠᠷᠲᠤ ᠡᠬᠡ ᠢᠢᠨ ᠣᠳᠣᠨ ᠢ ᠳᠠᠭᠠᠯᠳᠤᠳᠠᠭ ᠮᠥᠩ᠋ᠭᠦᠨ ᠤᠷᠮᠠᠰᠢᠭᠤᠯᠤᠯ ᠢ ᠒᠐᠒᠕ ᠣᠨ ᠠᠴᠠ ᠬᠣᠶᠠᠷ ᠳᠠᠬᠢᠨ ᠨᠡᠮᠡᠭᠡᠳ ᠪᠠᠢᠢᠨ᠎ᠠ᠃
ᠥᠩ᠋ᠭᠡᠷᠡᠭᠰᠡᠨ ᠵᠢᠯ ᠤᠯᠤᠰ ᠤᠨ ᠬᠡᠮᠵᠢᠶᠡᠨ ᠳᠥ ᠑᠔᠂᠔᠘᠐ ᠡᠬᠡ ᠠᠯᠳᠠᠷᠲᠤ ᠡᠬᠡ ᠢᠢᠨ ᠨᠢᠭᠡ᠂ ᠬᠣᠶᠠᠳ᠋ᠤᠭᠠᠷ ᠵᠡᠷᠭᠡ ᠢᠢᠨ ᠣᠳᠤᠨ ᠠᠪᠴᠠᠶ᠃
















