ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ 2009 ᠣᠨ ᠠᠴᠠ ᠬᠣᠢᠢᠰᠢ ᠵᠢᠯ ᠪᠦᠷᠢ ᠵᠣᠬᠢᠶᠠᠨ ᠪᠠᠢᠢᠭᠤᠯᠤᠭᠳᠠᠵᠤ ᠪᠤᠢ 《ᠲᠣᠷᠭᠠᠨ ᠤ ᠵᠠᠮ》 ᠠᠦ᠋ᠲ᠋ᠣ᠋ ᠷᠠᠯᠯᠢ ᠢᠢᠨ ᠤᠷᠤᠯᠳᠤᠭᠠᠨ ᠤ ᠬᠢᠲᠠᠳ ᠤᠨ ᠱᠠᠨᠢᠰᠢ ᠮᠤᠵᠢ ᠢᠢᠨ ᠰᠢᠠᠨᠢ ᠬᠣᠲᠠ ᠳ᠋ᠠᠬᠢ ᠭᠠᠷᠤᠭᠠᠨ ᠤ ᠨᠡᠭᠡᠭᠡᠯᠲᠡ ᠢᠢᠨ ᠶᠣᠰᠣᠯᠠᠯ ᠳᠤ ᠣᠷᠣᠯᠴᠠᠯ᠎ᠠ᠃
ᠥᠩᠭᠡᠷᠡᠭᠰᠡᠨ ᠵᠢᠯ ᠦᠳ ᠲᠥ ᠡᠨᠡᠬᠦ ᠤᠷᠤᠯᠳᠤᠭᠠᠨ ᠨᠢ ᠣᠷᠣᠰ ᠤᠨ ᠬᠣᠯᠪᠣᠭᠠᠨ ᠤ ᠤᠯᠤᠰ-ᠺᠠᠰᠠᠭᠰᠲᠠᠨ-ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠭᠡᠰᠡᠨ ᠴᠢᠭᠯᠡᠯ ᠳᠥ ᠵᠣᠬᠢᠶᠠᠭᠳᠠᠳᠠᠭ ᠪᠠᠢᠢᠭᠰᠠᠨ ᠪᠣᠯ ᠡᠨᠡ ᠵᠢᠯ ᠵᠥᠪᠬᠡᠨ ᠣᠷᠣᠰ ᠤᠨ ᠬᠣᠯᠪᠣᠭᠠᠨ ᠤ ᠤᠯᠤᠰ ᠪᠣᠯᠤᠨ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠤ ᠪᠣᠯᠤᠭᠰᠠᠨ ᠶᠤᠮ᠃ ᠬᠠᠷᠢᠨ ᠢᠷᠡᠬᠦ ᠵᠢᠯ ᠮᠣᠩᠭ᠋ᠣᠯ ᠤᠯᠤᠰ ᠤᠨ ᠭᠠᠵᠠᠷ ᠨᠤᠲᠤᠭ ᠢᠶᠠᠷ ᠳᠠᠮᠵᠢᠨ ᠣᠷᠣᠰ ᠤᠨ ᠬᠣᠯᠪᠣᠭᠠᠨ ᠤ ᠤᠯᠤᠰ-ᠮᠣᠩᠭ᠋ᠣᠯ ᠤᠯᠤᠰ-ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠭᠡᠰᠡᠨ ᠴᠢᠭᠯᠡᠯ ᠳᠥ ᠵᠣᠬᠢᠶᠠᠭᠳᠠᠬᠤ ᠪᠠᠷ ᠪᠣᠯᠤᠭᠰᠠᠨ ᠶᠤᠮ᠃
ᠡᠨᠡ ᠲᠠᠯ᠎ᠠ ᠪᠠᠷ ᠰᠢᠠᠨᠢ ᠬᠣᠲᠠ ᠳ᠋ᠠᠬᠢ ᠭᠠᠷᠤᠭᠠᠨ ᠤ ᠨᠡᠭᠡᠭᠡᠯᠲᠡ ᠢᠢᠨ ᠶᠣᠰᠣᠯᠠᠯ ᠳᠤ ᠣᠷᠣᠯᠴᠠᠭᠰᠠᠨ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ 《…2019 ᠣᠨ ᠤ ᠲᠣᠷᠭᠠᠨ ᠤ ᠵᠠᠮ ᠠᠦ᠋ᠲ᠋ᠣ᠋ ᠷᠠᠯᠯᠢ ᠢᠢᠨ ᠤᠷᠤᠯᠳᠤᠭᠠᠨ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠵᠣᠬᠢᠶᠠᠨ ᠪᠠᠢᠢᠭᠤᠯᠤᠭᠳᠠᠵᠤ᠂ ᠤᠷᠤᠯᠳᠤᠭᠠᠨ ᠤ ᠮᠠᠷᠱᠷᠦ᠋ᠲ ᠮᠣᠩᠭ᠋ᠣᠯ ᠤᠯᠤᠰ ᠤᠨ ᠨᠤᠲᠤᠭ ᠢᠶᠠᠷ ᠳᠠᠭᠠᠷᠢᠨ ᠥᠩᠭᠡᠷᠡᠨ᠎ᠡ》 ᠬᠡᠮᠡᠨ ᠵᠠᠷᠯᠠᠵᠤ᠂ ᠱᠠᠨᠢᠰᠢ ᠮᠤᠵᠢ ᠢᠢᠨ ᠰᠢᠠᠨᠢ ᠬᠣᠲᠠ ᠳ᠋ᠠᠬᠢ ᠭᠠᠷᠤᠭᠠᠨ ᠤ ᠵᠤᠷᠪᠤᠰ ᠢ ᠨᠡᠭᠡᠭᠡᠭ᠍ᠰᠡᠨ ᠢᠶᠡᠷ 2018 ᠣᠨ ᠤ ᠬᠢᠲᠠᠳ ᠳᠠᠬᠢ ᠭᠠᠷᠤᠭ᠎ᠠ ᠡᠬᠢᠯᠡᠭᠰᠡᠨ ᠶᠤᠮ᠃