ᠤᠯᠤᠰ ᠤᠨ ᠶᠡᠬᠡ ᠬᠤᠷᠠᠯ ᠤᠨ ᠪᠠᠢᠢᠩᠭ᠋ᠤ ᠢᠢᠨ ᠬᠣᠷᠢᠶᠠᠳ ᠪᠣᠯᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠢᠶᠠᠷ ᠮᠣᠩᠭ᠋ᠣᠯ ᠤᠯᠤᠰ ᠤᠨ 2019 ᠣᠨ ᠤ ᠲᠥᠰᠥᠪ ᠦᠨ ᠲᠤᠬᠠᠢ᠂ ᠨᠡᠢᠢᠭᠡᠮ ᠤᠨ ᠳᠠᠭᠠᠭᠠᠳᠬᠠᠯ ᠤᠨ ᠰᠠᠩ ᠤᠨ 2019 ᠣᠨ ᠤ ᠲᠥᠰᠥᠪ ᠦᠨ ᠲᠤᠬᠠᠢ᠂ ᠡᠷᠡᠭᠦᠯ ᠮᠡᠨᠳᠦ ᠢᠢᠨ ᠳᠠᠭᠠᠭᠠᠳᠬᠠᠯ ᠤᠨ ᠰᠠᠩ ᠤᠨ 2019 ᠣᠨ ᠤ ᠲᠥᠰᠥᠪ ᠦᠨ ᠲᠤᠬᠠᠢ᠂ ᠮᠣᠩᠭ᠋ᠣᠯ ᠤᠯᠤᠰ ᠤᠨ ᠨᠢᠭᠡᠳᠦᠭᠰᠡᠨ ᠲᠥᠰᠥᠪ ᠦᠨ 2019 ᠣᠨ ᠤ ᠲᠥᠰᠥᠪ ᠦᠨ ᠬᠦᠷᠢᠶᠡᠨ ᠦ ᠮᠡᠳᠡᠭᠳᠡᠯ᠂ 2020-2021 ᠣᠨ ᠤ ᠲᠥᠰᠥᠪ ᠦᠨ ᠲᠥᠰᠥᠭᠡᠯᠡᠯ ᠦᠨ ᠲᠤᠬᠠᠢ ᠬᠠᠤᠯᠢ ᠳᠤ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠢᠢᠨ ᠲᠥᠰᠥᠯ ᠢ ᠬᠡᠯᠡᠯᠴᠡᠵᠦ ᠪᠤᠢ ᠲᠠᠢ ᠬᠣᠯᠪᠣᠭᠳᠠᠭᠤᠯᠤᠨ ᠥᠨᠥᠳᠥᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠳᠤ ᠣᠷᠣᠯᠴᠠᠵᠤ᠂ ᠦᠭᠡ ᠬᠡᠯᠡᠯ᠎ᠡ᠃
ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄
ᠤᠯᠤᠰ ᠤᠨ ᠶᠡᠬᠡ ᠬᠤᠷᠠᠯ ᠤᠨ ᠳᠠᠷᠤᠭ᠎ᠠ᠂ ᠡᠷᠬᠢᠮ ᠭᠡᠰᠢᠭᠦᠳ ᠡ᠃
《ᠳᠡᠯᠡᠬᠡᠢ ᠨᠡᠢᠢᠲᠡ ᠢᠢ ᠬᠠᠮᠤᠷᠤᠭᠰᠠᠨ ᠰᠠᠩᠬᠦᠦ ᠢᠢᠨ ᠠᠰᠤᠷᠤ ᠲᠣᠮᠣ ᠬᠢᠮᠤᠷᠠᠯ ᠢᠷᠡᠵᠦ ᠪᠠᠢᠢᠭ᠎ᠠ ᠢᠢ ᠳᠡᠯᠡᠬᠡᠢ ᠢᠢᠨ ᠰᠠᠩᠬᠦᠦ ᠢᠢᠨ ᠲᠡᠷᠢᠭᠦᠯᠡᠬᠦ ᠮᠡᠷᠭᠡᠵᠢᠯᠲᠡᠨ ᠨᠦᠭᠦᠳ᠂ ᠣᠯᠠᠨ ᠤᠯᠤᠰ ᠤᠨ ᠸᠠᠯᠦᠲ᠋ᠠ ᠢᠢᠨ ᠰᠠᠩ ᠤᠨ ᠤᠳᠤᠷᠢᠳᠤᠯᠭ᠎ᠠ ᠨᠤᠭᠤᠳ ᠤᠳᠠᠭ᠎ᠠ ᠳᠠᠷᠠᠭ᠎ᠠ ᠬᠡᠯᠡᠵᠦ ᠠᠩᠬᠠᠷᠤᠭᠤᠯᠤᠭᠰᠠᠭᠠᠷ ᠪᠠᠢᠢᠭ᠎ᠠ ᠨᠥᠬᠥᠴᠡᠯ ᠳᠥ ᠮᠣᠩᠭ᠋ᠣᠯ ᠤᠯᠤᠰ ᠤᠨ 2019 ᠣᠨ ᠤ ᠲᠥᠰᠥᠪ ᠢ ᠤᠯᠤᠰ ᠤᠨ ᠶᠡᠬᠡ ᠬᠤᠷᠠᠯ ᠪᠠᠷ ᠬᠡᠯᠡᠯᠴᠡᠵᠦ ᠪᠠᠢᠢᠨ᠎ᠠ᠃
ᠳᠡᠯᠡᠬᠡᠢ ᠨᠡᠢᠢᠲᠡ ᠢᠢᠨ ᠰᠠᠩᠬᠦᠦ᠂ ᠡᠳ᠋ ᠍ ᠦᠨ ᠵᠠᠰᠠᠭ ᠤᠨ ᠲᠥᠰᠥᠭᠡᠯᠡᠯ ᠡᠢᠢᠮᠦ ᠪᠠᠷᠠᠭᠠᠨ ᠪᠠᠢᠢᠬᠤ ᠳᠤ ᠮᠣᠩᠭ᠋ᠣᠯ ᠤᠯᠤᠰ ᠤᠨ 2019 ᠣᠨ ᠤ ᠲᠥᠰᠥᠪ ᠦᠨ ᠲᠥᠰᠥᠯ ᠨᠢ ᠬᠡᠲᠦ ᠥᠭᠡᠳᠡᠷᠡᠭ᠂ ᠠᠢᠢᠰᠤᠢ ᠬᠢᠮᠤᠷᠠᠯ ᠢ ᠣᠭᠲᠣ ᠲᠣᠭᠠᠴᠠᠭ᠎ᠠ ᠦᠭᠡᠢ᠂ ᠪᠣᠳᠠᠲᠤ ᠠᠮᠢᠳᠤᠷᠠᠯ ᠠᠴᠠ ᠲᠠᠰᠤᠷᠠᠭᠰᠠᠨ᠂ 2020 ᠣᠨ ᠤ ᠰᠣᠩᠭ᠋ᠣᠭᠤᠯᠢ ᠳᠤ ᠨᠦᠯᠦᠭᠡᠯᠡᠬᠦ ᠲᠠᠯ᠎ᠠ ᠪᠠᠷ ᠢᠯᠡᠭᠦᠦ ᠲᠡᠢ ᠪᠣᠳᠣᠭᠰᠠᠨ᠂ ᠠᠰᠢᠭ ᠰᠣᠨᠢᠷᠬᠠᠯ ᠤᠨ ᠵᠥᠷᠢᠴᠡᠯ ᠢᠶᠡᠷ ᠳᠦᠭᠦᠷᠡᠩ ᠪᠣᠯᠵᠠᠢ᠃
ᠮᠠᠰᠢ ᠣᠯᠠᠨ ᠵᠢᠯ ᠳᠠᠪᠲᠠᠭᠳᠠᠵᠤ ᠪᠠᠢᠢᠭ᠎ᠠ ᠰᠣᠩᠭ᠋ᠣᠭᠤᠯᠢ ᠢᠢᠨ ᠡᠮᠦᠨᠡᠬᠢ ᠵᠢᠯ ᠭᠡᠰᠢᠭᠦᠳ ᠢ ᠠᠷᠭᠠᠳᠠᠵᠤ᠂ ᠲᠣᠭᠣᠷᠢᠭ ᠲᠤ ᠨᠢ ᠬᠢᠬᠦ ᠬᠥᠷᠥᠩᠭᠡ ᠣᠷᠣᠭᠤᠯᠤᠯᠲᠠ ᠢᠢ ᠥᠰᠬᠡᠬᠦ ᠵᠠᠮ ᠢᠶᠠᠷ 《ᠠᠪᠯᠢᠭᠠᠳᠠᠳᠠᠭ》 ᠵᠤᠷᠰᠢᠯ ᠠᠴᠠ ᠵᠠᠰᠠᠭ ᠤᠨ ᠭᠠᠵᠠᠷ ᠲᠠᠲᠠᠭᠠᠯᠵᠠᠭ᠎ᠠ ᠦᠭᠡᠢ ᠪᠠᠢᠢᠨ᠎ᠠ᠃ 2000-2004 ᠣᠨ ᠳᠤ ᠨ ∙ ᠡᠩᠬᠡᠪᠠᠶᠠᠷ ᠶᠡᠷᠦᠩᠬᠡᠢ ᠰᠠᠢᠢᠳ ᠪᠠᠢᠢᠬᠤ ᠳᠤ ᠪᠠᠨ 72 ᠭᠡᠰᠢᠭᠦᠨ ᠦ ᠪᠡᠨ ᠬᠡᠯᠡ ᠠᠮᠠ ᠢᠢ ᠳᠠᠷᠤᠬᠤ ᠢᠢᠨ ᠲᠤᠯᠠᠳᠠ 1 ᠰᠠᠶ᠎ᠠ ᠲᠥᠭᠥᠷᠢᠭ᠌ ᠢᠶᠡᠷ ᠡᠬᠢᠯᠡᠭᠰᠡᠨ 《ᠭᠡᠰᠢᠭᠦᠨ ᠦ ᠮᠥᠩᠭᠥ》 ᠭᠡᠭ᠍ᠳᠡᠬᠦ ᠲᠤᠬᠠᠢ ᠢᠢᠨ ᠲᠣᠭᠣᠷᠢᠭ ᠲᠤ ᠬᠢᠭ᠍ᠳᠡᠬᠦ ᠬᠥᠷᠥᠩᠭᠡ ᠣᠷᠣᠭᠤᠯᠤᠯᠲᠠ ᠥᠨᠥᠳᠥᠷ 5 ᠲᠡᠷᠪᠤᠮ ᠲᠥᠭᠥᠷᠢᠭ᠌ ᠲᠥ ᠬᠦᠷᠴᠦ 5000 ᠳᠠᠬᠢᠨ ᠥᠰᠴᠠᠢ᠃ ᠡᠭᠦᠨ ᠳᠥ᠂ ᠤᠯᠤᠰ ᠤᠨ ᠶᠡᠬᠡ ᠬᠤᠷᠠᠯ ᠤᠨ ᠭᠡᠰᠢᠭᠦᠳ ᠥᠪᠡᠷᠰᠡᠳ ᠢᠶᠡᠨ ᠰᠢᠭᠦᠮᠵᠢᠯᠡᠯ ᠲᠡᠢ ᠬᠠᠨᠳᠤᠵᠤ ᠪᠠᠢᠢᠭᠠᠳ ᠣᠯᠵᠠᠭᠤᠷᠬᠠᠵᠤ ᠪᠠᠢᠢᠨ᠎ᠠ᠃ ᠤᠯᠤᠰ ᠤᠨ ᠲᠥᠰᠥᠪ ᠨᠢᠭᠡᠨᠲᠡ ᠲᠥᠯᠥᠪᠯᠡᠭᠳᠡᠭᠰᠡᠨ ᠦ ᠳᠠᠷᠤᠭ᠎ᠠ ᠭᠡᠰᠢᠭᠦᠳ ᠰᠣᠩᠭ᠋ᠣᠭᠳᠠᠭᠰᠠᠨ ᠲᠣᠭᠣᠷᠢᠭ ᠲᠤ ᠪᠠᠨ ᠵᠢᠷᠤᠭ ᠲᠥᠰᠥᠪ ᠨᠢ ᠴᠤ ᠭᠠᠷᠤᠭ᠎ᠠ ᠦᠭᠡᠢ ᠪᠠᠷᠢᠯᠭ᠎ᠠ ᠪᠠᠢᠢᠭᠤᠯᠤᠮᠵᠢ ᠨᠡᠮᠡᠭᠦᠯᠵᠦ ᠪᠠᠢᠢᠨ᠎ᠠ᠃ ᠤᠯᠤᠰ ᠤᠨ ᠶᠡᠬᠡ ᠬᠤᠷᠠᠯ ᠢᠢᠨ ᠭᠡᠰᠢᠭᠦᠨ ᠴ ∙ ᠤᠯᠠᠭᠠᠨ ᠤ ᠬᠡᠯᠡᠭᠰᠡᠨ ᠢᠶᠡᠷ ᠰᠢᠨ᠎ᠡ ᠪᠡᠷ ᠡᠬᠢᠯᠡᠭᠦᠯᠬᠦ ᠪᠡᠷ ᠲᠥᠰᠥᠪᠯᠡᠭᠰᠡᠨ 570 ᠪᠠᠷᠢᠯᠭ᠎ᠠ ᠢᠢᠨ 66 ᠬᠤᠪᠢ ᠨᠢ ᠪᠤᠶᠤ 375 ᠪᠠᠷᠢᠯᠭ᠎ᠠ ᠣᠭᠲᠣ ᠵᠢᠷᠤᠭ᠂ ᠲᠥᠰᠥᠪ ᠦᠭᠡᠢ ᠪᠠᠢᠢᠭ᠎ᠠ ᠨᠢ ᠲᠥᠰᠥᠪ ᠦᠨ ᠲᠤᠬᠠᠢ ᠬᠠᠤᠯᠢ ᠢᠢᠨ 29.4 ᠍ ᠢᠢ ᠵᠥᠷᠢᠴᠡᠵᠦ ᠪᠠᠢᠢᠨ᠎ᠠ᠃ ᠬᠥᠳᠡᠭᠡ ᠣᠷᠣᠨ ᠨᠤᠲᠤᠭ ᠲᠤ ᠪᠠᠷᠢᠭᠳᠠᠬᠤ ᠨᠢᠭᠡ ᠣᠪᠶᠧᠺᠲ ᠤᠨ ᠵᠢᠱᠢᠭ ᠥᠷᠲᠡᠭ ᠣᠢᠢᠷᠠᠯᠴᠠᠭ᠎ᠠ ᠪᠠᠷ 1 ᠲᠡᠷᠪᠤᠮ ᠭᠡᠵᠦ ᠪᠠᠭ᠎ᠠ ᠪᠠᠷ ᠲᠣᠭᠠᠴᠠᠬᠤ ᠳᠤ ᠳᠣᠣᠷ᠎ᠠ ᠬᠠᠶᠠᠵᠤ 400 ᠲᠡᠷᠪᠤᠮ ᠲᠥᠭᠥᠷᠢᠭ᠌ ᠬᠡᠮᠨᠡᠵᠦ ᠪᠣᠯᠬᠣ ᠪᠠᠷ ᠪᠠᠢᠢᠨ᠎ᠠ᠃ ᠵᠢᠷᠤᠭ ᠦᠭᠡᠢ᠂ ᠲᠥᠰᠥᠪᠲᠦ ᠥᠷᠲᠡᠭ ᠨᠢ ᠲᠣᠳᠣᠷᠬᠠᠢ ᠦᠭᠡᠢ ᠪᠠᠷᠢᠯᠭ᠎ᠠ ᠪᠠᠢᠢᠭᠤᠯᠤᠮᠵᠢ ᠣᠯᠠᠨ ᠵᠢᠯ ᠳᠠᠮᠨᠠᠨ᠂ ᠵᠢᠯ ᠢᠷᠡᠬᠦ ᠪᠦᠷᠢ ᠥᠷᠲᠡᠭ ᠨᠢ ᠨᠡᠮᠡᠭᠳᠡᠵᠦ ᠲᠥᠰᠥᠪ ᠲᠦᠥ ᠳᠠᠷᠤᠮᠲᠠ ᠤᠴᠠᠷᠠᠭᠤᠯᠳᠠᠭ᠃ ᠬᠠᠤᠯᠢ ᠵᠥᠷᠢᠴᠡᠭᠰᠡᠨ ᠡᠳᠡᠭᠡᠷ ᠣᠪᠶᠧᠺᠲ ᠤᠳ ᠢ ᠠᠷᠠᠳ ᠲᠦᠮᠡᠨ 《ᠭᠡᠰᠢᠭᠦᠨ ᠦ ᠮᠥᠩᠭᠥ》 ᠭᠡᠵᠦ ᠨᠡᠷᠡᠯᠡᠵᠦ ᠵᠠᠩᠰᠢᠵᠠᠢ᠃ ᠡᠳᠡᠭᠡᠷ 375 ᠪᠠᠷᠢᠯᠭ᠎ᠠ ᠢᠢ ᠲᠥᠰᠥᠪ ᠦᠨ ᠲᠥᠰᠥᠯ ᠡᠴᠡ ᠬᠠᠰᠤᠬᠤ ᠰᠠᠨᠠᠯ ᠲᠠᠢ ᠪᠠᠢᠢᠨ᠎ᠠ᠃
ᠣᠯᠠᠨ ᠵᠢᠯ ᠦᠨ ᠲᠤᠷᠰᠢᠯᠭ᠎ᠠ ᠠᠴᠠ ᠬᠠᠷᠠᠬᠤ ᠳᠤ ᠰᠣᠩᠭ᠋ᠣᠭᠴᠢᠳ ᠡᠢᠢᠮᠦ ᠵᠦᠢᠯᠡᠰ ᠢᠶᠡᠷ ᠰᠣᠩᠭ᠋ᠣᠭᠰᠠᠨ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠨ ᠳ᠋ᠦᠩᠨᠡᠬᠦ ᠪᠡᠨ ᠪᠣᠯᠢᠴᠢᠬᠠᠭᠰᠠᠨ᠃ ᠡᠷᠬᠢᠮ ᠭᠡᠰᠢᠭᠦᠳ ᠲᠠ ᠪᠦᠬᠦᠨ ᠠᠰᠠᠭᠤᠳᠠᠯ ᠳᠤ ᠡᠷᠡᠭᠦᠯ ᠤᠬᠠᠭᠠᠨ ᠢᠶᠠᠷ ᠬᠠᠨᠳᠤᠵᠤ ᠲᠥᠰᠥᠪ ᠢ ᠠᠢᠢᠰᠤᠢ ᠰᠠᠩᠬᠦᠦ ᠢᠢᠨ ᠬᠢᠮᠤᠷᠠᠯ ᠳᠤ ᠤᠯᠤᠰ ᠤᠨ ᠢᠶᠠᠨ ᠡᠳ᠋ ᠍ ᠦᠨ ᠵᠠᠰᠠᠭ ᠢ ᠪᠠᠭ᠎ᠠ ᠥᠷᠢᠲᠦᠭᠦᠯᠬᠦ᠂ ᠲᠡᠰᠡᠵᠦ ᠦᠯᠡᠳᠡᠬᠦ ᠲᠠᠯ᠎ᠠ ᠷᠤ ᠬᠠᠨᠳᠤᠭᠤᠯᠪᠠᠯ ᠵᠣᠬᠢᠰᠲᠠᠢ ᠪᠠᠢᠢᠨ᠎ᠠ᠃ ᠲᠣᠭᠣᠷᠢᠭ ᠲᠤ ᠪᠠᠨ ᠪᠠᠷᠢᠯᠭ᠎ᠠ ᠢᠢᠨ ᠰᠠᠭᠤᠷᠢ ᠴᠢᠳᠬᠤᠭᠰᠠᠨ ᠡᠰᠡᠬᠦ ᠪᠡᠷ ᠴᠢᠨᠢ ᠪᠤᠰᠤ ᠤᠯᠤᠰ ᠣᠷᠣᠨ ᠤ ᠲᠣᠭᠲᠠᠪᠤᠷᠢᠲᠠᠢ ᠢᠷᠡᠭᠡᠳᠦᠢ ᠳᠥ ᠬᠠᠨᠳᠤᠭᠰᠠᠨ᠂ ᠢᠷᠭᠡᠳ ᠦᠨ ᠣᠷᠣᠯᠭ᠎ᠠ᠂ ᠠᠵᠢᠯ ᠤᠨ ᠪᠠᠢᠢᠷᠢ ᠢᠢ ᠬᠠᠳᠠᠭᠠᠯᠠᠬᠤ᠂ ᠨᠡᠮᠡᠭᠳᠡᠭᠦᠯᠬᠦ ᠴᠢᠭᠯᠡᠯ ᠢᠶᠡᠷ ᠬᠢᠭ᠍ᠰᠡᠨ ᠠᠵᠢᠯ ᠤᠳ ᠢᠶᠠᠷ ᠴᠢᠨᠢ ᠯᠠ ᠢᠷᠭᠡᠳ ᠲᠠ ᠪᠦᠭᠦᠳᠡ ᠢᠢ ᠳ᠋ᠦᠩᠨᠡᠨ᠎ᠡ᠃
ᠲᠣᠪᠴᠢᠬᠠᠨ ᠳᠤ ᠪᠠᠨ 2019 ᠣᠨ ᠤ ᠲᠥᠰᠥᠪ ᠦᠨ ᠲᠥᠰᠥᠯ ᠮᠠᠰᠢ ᠶᠡᠬᠡ ᠰᠢᠭᠦᠮᠵᠢᠯᠡᠯ ᠬᠦᠯᠢᠶᠡᠬᠦ ᠪᠡᠷ᠂ ᠮᠠᠭᠤ ᠪᠣᠯᠪᠠᠰᠤᠷᠠᠭᠳᠠᠭᠰᠠᠨ ᠪᠠᠢᠢᠨ᠎ᠠ᠃ ᠪᠣᠯᠪᠠᠰᠤᠷᠠᠭᠤᠯᠤᠭᠰᠠᠨ ᠬᠦᠮᠦᠰ ᠨᠢ ᠢᠯᠡᠳᠲᠡ ᠠᠰᠢᠭ ᠰᠣᠨᠢᠷᠬᠠᠯ ᠤᠨ ᠵᠥᠷᠢᠴᠡᠯ ᠳᠥ ᠬᠥᠲᠦᠯᠦᠭᠳᠡᠭᠰᠡᠨ ᠪᠠᠢᠢᠭ᠎ᠠ ᠢᠢ ᠭᠡᠰᠢᠭᠦᠳ ᠬᠡᠯᠡᠵᠦ᠂ ᠰᠢᠭᠦᠮᠵᠢᠯᠡᠵᠦ ᠪᠠᠢᠢᠭ᠎ᠠ ᠨᠢ ᠰᠠᠢᠢᠰᠢᠶᠠᠯ ᠲᠠᠢ᠃ ᠵᠢᠱᠢᠶᠡᠯᠡᠪᠡᠯ᠄ ᠰᠠᠩ ᠤᠨ ᠰᠠᠢᠢᠳ ᠤᠨ ᠥᠪᠡᠷ ᠦᠨ ᠬᠢ ᠨᠢ ᠲᠣᠭᠣᠷᠢᠭ ᠤᠪᠰᠤ ᠠᠢᠢᠮᠠᠭ ᠲᠤ ᠪᠤᠰᠤᠳ ᠠᠢᠢᠮᠠᠭ ᠤᠳ ᠠᠴᠠ 10 ᠳᠠᠬᠢᠨ ᠶᠡᠬᠡ ᠬᠡᠮᠵᠢᠶ᠎ᠡ ᠪᠡᠷ ᠪᠤᠶᠤ 52᠂8 ᠲᠡᠷᠪᠤᠮ ᠲᠥᠭᠥᠷᠢᠭ᠌ ᠦᠨ ᠬᠥᠷᠥᠩᠭᠡ ᠣᠷᠣᠭᠤᠯᠤᠯᠲᠠ ᠬᠢᠬᠦ ᠪᠡᠷ ᠲᠥᠰᠥᠪᠯᠡᠭᠰᠡᠨ ᠪᠠᠢᠢᠨ᠎ᠠ ᠭᠡᠳᠡᠭ ᠪᠣᠯ ᠢᠴᠢᠭᠦᠷᠢ ᠦᠭᠡᠢ᠂ ᠶᠣᠰᠣ ᠵᠦᠢ ᠦᠭᠡᠢ ᠦᠢᠯᠡᠳᠦᠯ᠃
ᠮᠢᠨᠦ ᠵᠦᠭ ᠡᠴᠡ 2019 ᠣᠨ ᠤ ᠲᠥᠰᠥᠪ ᠦᠨ ᠲᠥᠰᠥᠯ ᠳᠥ ᠥᠭ᠍ᠬᠦ ᠰᠢᠭᠦᠮᠵᠢᠯᠡᠯ᠂ ᠰᠠᠨᠠᠯ ᠴᠥᠭᠡᠨ ᠦᠭᠡᠢ ᠪᠠᠢᠢᠨ᠎ᠠ᠃
ᠶᠠᠭᠤᠨ ᠤ ᠡᠮᠦᠨ᠎ᠡ ᠡᠳ᠋ ᠍ ᠦᠨ ᠵᠠᠰᠠᠭ ᠰᠠᠢᠢᠵᠢᠷᠠᠬᠤ ᠵᠠᠮ ᠳᠤ ᠪᠠᠨ ᠣᠷᠣᠭᠰᠠᠨ ᠭᠡᠵᠦ ᠳ᠋ᠦᠩᠨᠡᠭᠡᠳ᠂ ᠶᠡᠬᠡ ᠵᠠᠷᠤᠳᠠᠯ ᠲᠥᠰᠥᠪᠯᠡᠭᠡᠳ ᠪᠠᠢᠢᠭ᠎ᠠ ᠢᠢ ᠰᠢᠭᠦᠮᠵᠢᠯᠡᠶᠡ᠃
ᠬᠡᠷᠪᠡ ᠡᠳ᠋ ᠍ ᠦᠨ ᠵᠠᠰᠠᠭ ᠤᠨ ᠦᠵᠡᠭᠦᠯᠦᠯᠲᠡ ᠨᠦᠭᠦᠳ ᠢᠶᠡᠨ ᠲᠣᠭᠲᠠᠵᠤ ᠬᠠᠷᠠᠪᠠᠯ ᠰᠠᠢᠢᠵᠢᠷᠠᠭᠰᠠᠨ ᠵᠦᠢᠯ ᠣᠭᠲᠣ ᠪᠠᠢᠢᠬᠤ ᠦᠭᠡᠢ᠂ ᠢᠨ᠋ᠹᠯᠢᠶᠠᠼᠢ ᠥᠰᠦᠭᠰᠡᠨ᠂ ᠲᠥᠭᠥᠷᠢᠭ᠌ ᠦᠨ ᠬᠠᠩᠰᠢ ᠡᠷᠡᠰ ᠰᠤᠯᠠᠷᠠᠭᠰᠠᠨ ᠪᠠᠢᠢᠳᠠᠯ ᠲᠠᠢ ᠪᠠᠢᠢᠨ᠎ᠠ᠃ ᠬᠠᠷᠢᠴᠠᠭᠤᠯᠬᠤ ᠳᠤ᠂ ᠢᠨ᠋ᠹᠯᠢᠶᠠᠼᠢ 2015 ᠣᠨ ᠤ ᠡᠴᠦᠰ ᠲᠥ 1᠂9 ᠬᠤᠪᠢ ᠲᠠᠢ ᠪᠠᠢᠢᠭᠰᠠᠨ ᠪᠣᠯ ᠥᠨᠥᠳᠥᠷ ᠣᠨ ᠳᠠᠭᠤᠰᠤᠭ᠎ᠠ ᠦᠭᠡᠢ ᠪᠠᠢᠢᠬᠤ ᠳᠤ 8᠂8 ᠬᠤᠪᠢ ᠪᠣᠯᠵᠤ ᠥᠰᠴᠠᠢ᠃ ᠲᠥᠭᠥᠷᠢᠭ᠌ ᠦᠨ ᠠᠮ.ᠳ᠋ᠣᠯᠯᠠᠷ ᠲᠠᠢ ᠬᠠᠷᠢᠴᠠᠬᠤ ᠬᠠᠩᠰᠢ 2016 ᠣᠨ ᠤ 6 ᠳ᠋ᠤᠭᠠᠷ ᠰᠠᠷ᠎ᠠ ᠳᠤ 1950 ᠪᠠᠢᠢᠭᠰᠠᠨ ᠪᠣᠯ ᠥᠨᠥᠳᠥᠷ 2552 ᠪᠣᠯᠵᠤ 602 ᠲᠥᠭᠥᠷᠢᠭ᠌ ᠢᠶᠡᠷ ᠰᠤᠯᠠᠷᠠᠭᠰᠠᠨ ᠪᠠᠢᠢᠨ᠎ᠠ᠃ ᠡᠨᠡ ᠶᠠᠭᠤ ᠢᠢ ᠬᠡᠯᠡᠵᠦ ᠪᠠᠢᠢᠨ᠎ᠠ ᠭᠡᠬᠦ ᠪᠡᠷ ᠵᠠᠰᠠᠭ ᠤᠨ ᠭᠠᠵᠠᠷ᠂ ᠮᠣᠩᠭ᠋ᠣᠯ ᠪᠠᠩᠬᠢ ᠢᠨ᠋ᠹᠯᠢᠶᠠᠼᠢ᠂ ᠲᠥᠭᠥᠷᠢᠭ᠌ ᠦᠨ ᠬᠠᠩᠰᠢ ᠬᠣᠶᠠᠷ ᠢ ᠲᠣᠭᠲᠠᠪᠤᠷᠢᠲᠠᠢ ᠪᠠᠷᠢᠬᠤ ᠡᠭᠦᠷᠭᠡ ᠪᠡᠨ ᠪᠡᠶᠡᠯᠡᠭᠦᠯᠦᠭᠡ ᠦᠭᠡᠢ ᠡᠴᠡ ᠥᠨᠥᠳᠥᠷ ᠪᠠᠷᠠᠭ᠎ᠠ ᠦᠢᠯᠡᠴᠢᠯᠡᠭᠡᠨ ᠦ ᠦᠨ᠎ᠡ ᠥᠰᠥᠭᠰᠡᠨ ᠡᠴᠡ ᠮᠣᠩᠭ᠋ᠣᠯ ᠬᠦᠮᠦᠨ ᠪᠦᠷᠢ ᠢᠢᠨ ᠣᠷᠣᠯᠭ᠎ᠠ ᠠᠯᠳᠠᠭᠳᠠᠵᠤ᠂ ᠨᠡᠢᠢᠭᠡᠮ ᠤᠨ ᠠᠴᠢᠶ᠎ᠠ ᠢᠢ ᠭᠣᠣᠯᠯᠠᠨ ᠨᠤᠭᠤᠯᠳᠠᠭ ᠳᠤᠮᠳᠠ ᠳᠠᠪᠬᠤᠷᠭ᠎ᠠ ᠢᠢ ᠦᠭᠡᠢ ᠬᠢᠵᠦ ᠪᠠᠢᠢᠨ᠎ᠠ᠃ ᠪᠧᠨ᠋ᠽᠢᠨ ᠰᠢᠲᠠᠬᠤᠨ ᠤ ᠦᠨ᠎ᠡ 19-30 ᠬᠤᠪᠢ ᠪᠠᠷ ᠥᠰᠴᠢᠬᠡᠭᠡᠳ ᠪᠠᠢᠢᠬᠤ ᠳᠤ ᠰᠠᠯᠪᠤᠷᠢ ᠢᠢᠨ ᠰᠠᠢᠢᠳ᠂ ᠵᠠᠰᠠᠭ ᠤᠨ ᠭᠠᠵᠠᠷ ᠬᠠᠷᠢᠭᠤ ᠦᠢᠯᠡᠳᠦᠯ ᠦᠵᠡᠭᠦᠯᠬᠦ ᠴᠢᠳᠠᠪᠤᠷᠢ ᠦᠭᠡᠢ ᠰᠠᠭᠤᠭᠰᠠᠭᠠᠷ ᠪᠠᠢᠢᠨ᠎ᠠ᠃
ᠳᠠᠷᠠᠭ᠎ᠠ ᠢᠢᠨ ᠬᠡᠯᠡᠬᠦ ᠵᠦᠢᠯ ᠪᠣᠯ ᠥᠷᠢ! ᠬᠣᠶᠠᠷᠬᠠᠨ ᠵᠢᠯ ᠦᠨ ᠡᠮᠦᠨ᠎ᠡ ᠣᠳᠣ ᠢᠢᠨ ᠡᠷᠬᠡ ᠪᠠᠷᠢᠵᠤ ᠪᠠᠢᠢᠭ᠎ᠠ ᠮᠣᠩᠭ᠋ᠤᠯ ᠠᠷᠠᠳ ᠤᠨ ᠨᠠᠮ ᠥᠷᠢ ᠪᠡᠷ ᠠᠶᠤᠯᠭᠠᠨ ᠪᠠᠢᠢᠵᠤ 2016 ᠣᠨ ᠤ ᠰᠣᠩᠭ᠋ᠣᠭᠤᠯᠢ ᠪᠠᠷ ᠵᠠᠰᠠᠭ ᠤᠨ ᠡᠷᠬᠡ ᠠᠪᠤᠭᠰᠠᠨ᠃ ᠰᠡᠭᠦᠯ ᠦᠨ 2 ᠵᠢᠯ ᠨᠡᠢᠢᠲᠡ ᠥᠷᠢ ᠪᠠᠭᠤᠷᠠᠬᠤ ᠪᠢᠰᠢ ᠡᠰᠡᠷᠭᠦ ᠪᠡᠷ ᠨᠡᠮᠡᠭᠳᠡᠭᠰᠡᠨ ᠪᠠᠢᠢᠨ᠎ᠠ᠃ 2016 ᠣᠨ ᠤ ᠡᠬᠢᠨ ᠦ ᠬᠠᠭᠠᠰ ᠵᠢᠯ ᠦᠨ ᠪᠠᠢᠢᠳᠠᠯ ᠢᠶᠠᠷ ᠵᠠᠰᠠᠭ ᠤᠨ ᠭᠠᠵᠠᠷ ᠤᠨ ᠥᠷᠢ 16 ᠶᠡᠬᠡ ᠨᠠᠶᠤᠳ 612 ᠲᠡᠷᠪᠤᠮ ᠲᠥᠭᠥᠷᠢᠭ᠌ ᠪᠠᠢᠢᠭᠰᠠᠨ ᠪᠣᠯ ᠣᠳᠣ 21.1 ᠶᠡᠬᠡ ᠨᠠᠶᠤᠳ ᠲᠥᠭᠥᠷᠢᠭ᠌ ᠲᠥ ᠬᠦᠷᠦᠭᠰᠡᠨ᠃ ᠥᠷᠢ ᠨᠡᠮᠡᠵᠦ ᠲᠠᠯᠪᠢᠬᠤ ᠦᠭᠡᠢ᠂ ᠵᠡᠭᠡᠯᠢ ᠠᠪᠬᠤ ᠦᠭᠡᠢ ᠭᠡᠵᠦ ᠪᠠᠢᠢᠭᠰᠠᠨ ᠡᠷᠬᠡ ᠪᠠᠷᠢᠭᠴᠢᠳ 《ᠮᠠᠵᠠᠭᠠᠯᠠᠢ》 ᠪᠣᠨ᠋ᠳ᠋ 500 ᠰᠠᠶ᠎ᠠ ᠠᠮ.ᠳ᠋ᠣᠯᠯᠠᠷ᠂ 《ᠬᠤᠷᠠᠯᠳᠠᠢ》ᠪᠣᠨ᠋ᠳ᠋ 600 ᠰᠠᠶ᠎ᠠ ᠠᠮ.ᠳ᠋ᠣᠯᠯᠠᠷ᠂ 《ᠭᠡᠷᠡᠭᠡ》ᠪᠣᠨ᠋ᠳ᠋ ᠢᠢᠡᠷ 800 ᠰᠠᠶ᠎ᠠ ᠠᠮ.ᠳ᠋ᠣᠯᠯᠠᠷ ᠵᠢᠭᠡᠯᠡᠴᠢᠬᠡᠭᠡᠳ ᠪᠠᠢᠢᠨ᠎ᠠ᠃ ᠥᠷᠢ ᠳᠠᠷᠤᠭᠳᠠᠭᠰᠠᠨ ᠦᠭᠡᠢ᠂ ᠡᠰᠡᠷᠭᠦ ᠪᠡᠷ ᠨᠡᠮᠡᠭᠳᠡᠴᠢᠬᠡᠭᠡᠳ ᠪᠠᠢᠢᠬᠤ ᠳᠤ 《ᠥᠷᠢ ᠳᠠᠷᠤᠯ᠎ᠠ》 ᠭᠡᠵᠦ ᠶᠠᠷᠢᠭᠠᠳ ᠪᠠᠢᠢᠭ᠎ᠠ ᠢᠢᠨ ᠤᠴᠢᠷ ᠢ ᠣᠢᠢᠯᠠᠭᠠᠬᠤ ᠦᠭᠡᠢ ᠪᠠᠢᠢᠨ᠎ᠠ᠃
2021 ᠣᠨ ᠠᠴᠠ ᠪᠣᠨ᠋ᠳ᠋ ᠤᠳ ᠤᠨ ᠪᠦᠲᠦᠨ ᠲᠥᠯᠥᠪᠦᠷᠢ ᠨᠦᠭᠦᠳ ᠬᠢᠭ᠍ᠳᠡᠵᠦ ᠡᠬᠢᠯᠡᠨ᠎ᠡ᠃ ᠡᠨᠡ ᠨᠢ ᠲᠦᠭᠦᠬᠡᠢ ᠡᠳ᠋ ᠍ ᠦᠨ ᠦᠨ᠎ᠡ ᠢᠢᠨ ᠤᠨᠠᠯᠲᠠ ᠢᠢᠨ ᠮᠥᠴᠡᠯᠭᠡ ᠲᠡᠢ ᠳᠠᠪᠬᠤᠴᠠᠬᠤ ᠪᠠᠷ ᠪᠠᠢᠢᠭ᠎ᠠ᠃ ᠳᠡᠭᠡᠷ᠎ᠡ ᠨᠢ ᠳᠡᠯᠡᠬᠡᠢ ᠢᠢᠨ ᠡᠳ᠋ ᠍ ᠦᠨ ᠵᠠᠰᠠᠭ ᠤᠷᠢᠳ ᠬᠣᠵᠢᠳ ᠦᠵᠡᠭᠳᠡᠭᠡ ᠦᠭᠡᠢ ᠲᠣᠮᠣ ᠬᠢᠮᠤᠷᠠᠯ ᠲᠠᠢ ᠨᠢᠭᠤᠷ ᠲᠤᠯᠵᠤ ᠮᠠᠭᠠᠳ ᠦᠭᠡᠢ᠃ ᠡᠨᠡ ᠪᠦᠬᠦ ᠡᠷᠦᠰᠳᠡᠯ ᠳᠠᠪᠬᠤᠴᠠᠪᠠᠯ ᠶᠠᠭᠤ ᠪᠣᠯᠬᠤ ᠢᠢ ᠲᠥᠰᠥᠭᠡᠯᠡᠬᠦ ᠳᠥ ᠴᠤ ᠬᠡᠴᠡᠭᠦᠦ ᠶᠤᠮ᠃ ᠵᠠᠰᠠᠭ ᠤᠨ ᠭᠠᠵᠠᠷ ᠣᠳᠣ ᠰᠣᠩᠭ᠋ᠣᠭᠤᠯᠢ ᠢᠢ ᠮᠠᠷᠲᠠ᠃ ᠠᠢᠢᠰᠤᠢ ᠡᠷᠦᠰᠳᠡᠯᠳᠥ ᠨᠥᠬᠥᠴᠡᠯ ᠢ ᠳᠠᠪᠠᠨ ᠲᠤᠭᠤᠯᠬᠤ ᠳᠤ ᠯᠠ ᠢᠯᠡᠭᠦᠦ ᠠᠩᠬᠠᠭᠠᠷᠬᠤ ᠴᠠᠭ ᠢᠷᠡᠯ᠎ᠡ᠃
ᠵᠢᠯ ᠪᠣᠯᠭᠠᠨ ᠲᠥᠰᠥᠪ ᠢ ᠠᠯᠳᠠᠭᠳᠠᠯ ᠲᠠᠢ ᠪᠠᠲᠤᠯᠠᠭᠰᠠᠭᠠᠷ ᠪᠠᠢᠢᠭ᠎ᠠ ᠠᠴᠠ ᠵᠠᠰᠠᠭ ᠤᠨ ᠭᠠᠵᠠᠷ ᠤᠨ ᠥᠷᠢ ᠮᠠᠰᠢ ᠶᠡᠬᠡ ᠬᠡᠮᠵᠢᠶ᠎ᠡ ᠪᠡᠷ ᠨᠡᠮᠡᠭᠳᠡᠭᠰᠡᠨ ᠪᠠᠢᠢᠨ᠎ᠠ᠃ 2017 ᠣᠨ ᠤ ᠲᠥᠰᠥᠪ ᠦᠨ ᠠᠯᠳᠠᠭᠳᠠᠯ 2᠂7 ᠶᠡᠬᠡ ᠨᠠᠶᠤᠳ ᠲᠥᠭᠥᠷᠢᠭ᠌᠂ 2018 ᠣᠨ ᠤ ᠲᠥᠰᠥᠪ ᠦᠨ ᠠᠯᠳᠠᠭᠳᠠᠯ 2᠂4 ᠶᠡᠬᠡ ᠨᠠᠶᠤᠳ ᠲᠥᠭᠥᠷᠢᠭ᠌ ᠪᠣᠯᠵᠤ᠂ ᠢᠷᠡᠬᠦ ᠵᠢᠯ ᠦᠨ ᠲᠥᠰᠥᠪ ᠦᠨ ᠠᠯᠳᠠᠭᠳᠠᠯ ᠢ 1᠂9 ᠶᠡᠬᠡ ᠨᠠᠶᠤᠳ ᠪᠠᠢᠢᠬᠤ ᠪᠠᠷ ᠲᠥᠯᠥᠪᠯᠡᠭᠰᠡᠨ ᠢᠶᠡᠷ ᠵᠠᠰᠠᠭ ᠤᠨ ᠭᠠᠵᠠᠷ ᠤᠨ ᠥᠷᠢ ᠢᠢ 7 ᠶᠡᠬᠡ ᠨᠠᠶᠤᠳ ᠲᠥᠭᠥᠷᠢᠭ᠌ ᠲᠥ ᠬᠦᠷᠭᠡᠵᠦ ᠪᠠᠢᠢᠭ᠎ᠠ ᠨᠢ ᠲᠣᠮᠣ ᠡᠷᠦᠰᠳᠡᠯ ᠪᠣᠯᠤᠯ᠎ᠠ᠃ ᠠᠯᠳᠠᠭᠳᠠᠯ ᠪᠣᠯ ᠰᠢᠭᠤᠳ ᠥᠷᠢ ᠶᠤᠮ᠃ ᠡᠨᠡ ᠵᠢᠯ ᠵᠠᠰᠠᠭ ᠤᠨ ᠭᠠᠵᠠᠷ ᠤᠨ ᠥᠷᠢ ᠢᠢ ᠨᠡᠯᠢᠶᠡᠳ ᠬᠡᠮᠵᠢᠶ᠎ᠡ ᠪᠡᠷ ᠪᠠᠭᠠᠰᠬᠠᠭᠰᠠᠨ ᠭᠡᠵᠦ ᠪᠠᠢᠢᠭ᠎ᠠ ᠨᠢ ᠳᠣᠲᠣᠭᠠᠳᠤ ᠥᠷᠢ ᠢᠢ ᠮᠣᠩᠭ᠋ᠣᠯ ᠪᠠᠩᠬᠢ ᠤᠷᠤᠭᠤ ᠰᠢᠯᠵᠢᠭᠦᠯᠦᠨ ᠲᠣᠭᠠᠴᠠᠵᠤ ᠪᠠᠢᠢᠭ᠎ᠠ ᠠᠷᠭᠠᠴᠢᠯᠠᠯ ᠲᠠᠢ ᠯᠠ ᠬᠣᠯᠪᠣᠭᠠᠲᠠᠢ᠃ ᠢᠩᠭᠢᠭ᠍ᠰᠡᠨ ᠢᠶᠡᠷ ᠥᠪᠡᠷ ᠨᠢᠭᠡ ᠡᠷᠦᠰᠳᠡᠯ ᠡᠭᠦᠰᠦᠭᠰᠡᠨ ᠨᠢ ᠲᠥᠪ ᠪᠠᠩᠬᠢᠨ ᠤ ᠦᠨᠡᠲᠦ ᠴᠠᠭᠠᠰᠤᠨ ᠤ ᠥᠷᠢ ᠢᠢᠨ ᠦᠯᠡᠳᠡᠭᠳᠡᠯ ᠶᠡᠬᠡᠰᠴᠦ ᠪᠤᠢ ᠶᠠᠪᠤᠳᠠᠯ ᠶᠤᠮ᠃
2016 ᠣᠨ ᠤ 6 ᠳ᠋ᠤᠭᠠᠷ ᠰᠠᠷ᠎ᠠ ᠢᠢᠨ ᠪᠠᠢᠢᠳᠠᠯ ᠢᠶᠠᠷ ᠮᠣᠩᠭ᠋ᠣᠯ ᠪᠠᠩᠬᠢ 430 ᠲᠡᠷᠪᠤᠮ ᠲᠥᠭᠥᠷᠢᠭ᠌ ᠦᠨ ᠥᠷᠢ ᠢᠢᠨ ᠦᠯᠡᠳᠡᠭᠳᠡᠯ ᠲᠡᠢ ᠪᠠᠢᠢᠭᠰᠠᠨ ᠪᠣᠯ 2018 ᠣᠨ ᠤ 9 ᠳᠦᠭᠡᠷ ᠰᠠᠷ᠎ᠠ ᠢᠢᠨ 10 ᠍ ᠤ ᠪᠠᠢᠢᠳᠠᠯ ᠢᠶᠠᠷ ᠲᠥᠪ ᠪᠠᠩᠬᠢᠨ ᠤ ᠦᠨᠡᠲᠦ ᠴᠠᠭᠠᠰᠤᠨ ᠤ ᠥᠷᠢ ᠢᠢᠨ ᠦᠯᠡᠳᠡᠭᠳᠡᠯ ᠨᠢ 4 ᠶᠡᠬᠡ ᠨᠠᠶᠤᠳ 276 ᠲᠡᠷᠪᠤᠮ ᠲᠥᠭᠥᠷᠢᠭ᠌ ᠪᠠᠢᠢᠭ᠎ᠠ ᠠᠴᠠ ᠳᠣᠲᠣᠭᠠᠳᠤ ᠥᠷᠢ ᠶᠠᠮᠠᠷ ᠶᠡᠬᠡ ᠬᠡᠮᠵᠢᠶ᠎ᠡ ᠪᠡᠷ ᠥᠰᠦᠭᠰᠡᠨ ᠪᠣᠯᠬᠤ ᠢᠢ ᠬᠠᠷᠠᠵᠠᠭᠠᠵᠤ ᠪᠠᠢᠢᠭ᠎ᠠ ᠪᠠᠢᠢᠬᠤ᠃
2019 ᠣᠨ ᠤ ᠲᠥᠰᠥᠪ ᠲᠥ ᠬᠠᠤᠯᠢ ᠵᠥᠷᠢᠴᠡᠭᠰᠡᠨ ᠵᠦᠢᠯ ᠵᠢᠭᠠᠯᠲᠠ ᠨᠤᠭᠤᠳ ᠶᠡᠬᠡ ᠣᠷᠣᠵᠠᠢ᠃ ᠲᠥᠰᠥᠪ ᠦᠨ ᠲᠣᠭᠲᠠᠪᠤᠷᠢᠲᠠᠢ ᠪᠠᠢᠢᠳᠠᠯ ᠤᠨ ᠲᠤᠬᠠᠢ ᠬᠠᠤᠯᠢ ᠢᠢᠨ 5.1.3᠂ ᠲᠥᠰᠥᠪ ᠦᠨ ᠲᠤᠬᠠᠢ ᠬᠠᠤᠯᠢ ᠢᠢᠨ 6.2.2 ᠪᠣᠯᠤᠨ 22᠂ 29.4 ᠳ᠋ᠡᠬᠢ ᠵᠢᠭᠠᠯᠲᠠ ᠨᠤᠭᠤᠳ ᠨᠣᠴᠢᠲᠠᠢ ᠵᠥᠷᠢᠴᠡᠭᠳᠡᠵᠦ ᠪᠠᠢᠢᠭ᠎ᠠ ᠢᠢ ᠵᠠᠰᠠᠬᠤ ᠦᠭᠡᠢ ᠪᠡᠷ ᠡᠨᠡ ᠲᠥᠰᠥᠪ ᠪᠠᠲᠤᠯᠠᠭᠳᠠᠵᠤ ᠪᠣᠯᠬᠤ ᠦᠭᠡᠢ᠃ ᠤᠯᠤᠰ ᠤᠨ ᠶᠡᠬᠡ ᠬᠤᠷᠠᠯ ᠢᠢᠨ ᠭᠡᠰᠢᠭᠦᠨ ᠴ ∙ ᠬᠦᠷᠡᠯᠪᠠᠭᠠᠲᠤᠷ 《ᠲᠥᠰᠥᠪ ᠠᠯᠳᠠᠭᠳᠠᠯ ᠦᠭᠡᠢ ᠪᠠᠢᠢᠬᠤ ᠶᠣᠰᠣᠲᠠᠢ》 ᠭᠡᠵᠦ ᠶᠠᠷᠢᠳᠠᠭ᠂ ᠱᠠᠭᠠᠷᠳᠠᠳᠠᠭ ᠪᠠᠢᠢᠭᠰᠠᠨ ᠢᠶᠠᠨ ᠰᠠᠩ ᠤᠨ ᠰᠠᠢᠢᠳ ᠪᠣᠯᠤᠭᠠᠳ ᠥᠪᠡᠷ ᠢᠶᠡᠨ ᠲᠥᠰᠥᠪ ᠵᠣᠬᠢᠶᠠᠬᠤ ᠪᠣᠯᠬᠣᠷ ᠢᠶᠠᠨ 5᠂4-8 ᠬᠤᠪᠢ ᠢᠢᠨ ᠠᠯᠳᠠᠭᠳᠠᠯ ᠲᠠᠢ ᠲᠥᠰᠥᠪ ᠡᠷᠭᠦᠨ ᠪᠠᠷᠢᠯ᠎ᠠ᠃ ᠠᠮᠠ᠂ ᠠᠵᠢᠯ ᠤᠨ ᠵᠥᠷᠢᠭᠦᠲᠡᠢ ᠪᠠᠢᠢᠳᠠᠯ ᠮᠣᠩᠭ᠋ᠣᠯ ᠤᠨ ᠲᠥᠷᠥ ᠢᠢ ᠢᠷᠭᠡᠳ ᠲᠥ ᠦᠨᠡᠭᠦᠢᠢᠳᠡᠭᠦᠯᠵᠦ ᠪᠠᠢᠢᠭ᠎ᠠ ᠭᠣᠣᠯ ᠬᠦᠴᠦᠨ ᠵᠦᠢᠯ᠃ ᠢᠯᠠᠩᠭ᠋ᠤᠶ᠎ᠠ᠂ ᠲᠥᠰᠥᠪ ᠦᠨ ᠲᠤᠬᠠᠢ ᠬᠠᠤᠯᠢ ᠢᠢ ᠵᠥᠷᠢᠴᠡᠵᠦ᠂ ᠭᠠᠳᠠᠭᠠᠳᠤ ᠢᠢᠨ ᠵᠡᠭᠡᠯᠢ᠂ ᠲᠤᠰᠠᠯᠠᠮᠵᠢ ᠢᠢᠨ ᠬᠥᠲᠥᠯᠪᠦᠷᠢ᠂ ᠲᠥᠰᠥᠯ ᠦᠳ ᠢ ᠰᠠᠩ ᠤᠨ ᠶᠠᠮᠤᠨ ᠳᠤ ᠲᠥᠪᠯᠡᠷᠡᠭᠦᠯᠬᠦ ᠨᠢ ᠭᠡᠰᠡᠨ ᠰᠢᠭᠦᠮᠵᠢᠯᠡᠯ ᠤᠯᠤᠰ ᠤᠨ ᠶᠡᠬᠡ ᠬᠤᠷᠠᠯ ᠤᠨ ᠭᠡᠰᠢᠭᠦᠳ ᠡᠴᠡ ᠭᠠᠷᠴᠤ ᠪᠠᠢᠢᠭ᠎ᠠ ᠢᠢ ᠰᠢᠯᠭᠠᠵᠤ᠂ ᠬᠠᠤᠯᠢ ᠵᠥᠷᠢᠴᠡᠭᠰᠡᠨ ᠦᠢᠯᠡᠳᠦᠯ ᠢ ᠠᠷᠢᠯᠭᠠᠭᠰᠠᠨ ᠤ ᠳᠠᠷᠠᠭ᠎ᠠ ᠲᠥᠰᠥᠪ ᠪᠠᠲᠤᠯᠠᠭᠳᠠᠬᠤ ᠶᠣᠰᠣᠲᠠᠢ᠃
ᠬᠢᠮᠤᠷᠠᠯ ᠳᠤ ᠬᠣᠬᠢᠷᠠᠯ ᠪᠠᠭ᠎ᠠ ᠲᠠᠢ ᠥᠷᠲᠥᠬᠦ ᠢᠢᠨ ᠲᠤᠯᠠᠳᠠ ᠨᠥᠭᠡᠴᠡ ᠲᠡᠢ᠂ ᠬᠤᠷᠠᠮᠳᠤᠯᠠᠯ ᠲᠠᠢ ᠪᠠᠢᠢᠵᠤ᠂ ᠬᠥᠷᠥᠩᠭᠡ ᠣᠷᠣᠭᠤᠯᠤᠯᠲᠠ ᠢᠢᠨ ᠰᠢᠨ᠎ᠡ᠂ ᠤᠬᠠᠭᠠᠯᠢᠭ ᠪᠣᠳᠣᠯᠭ᠎ᠠ ᠬᠡᠷᠡᠭᠵᠢᠭᠦᠯᠬᠦ ᠢᠢ ᠳᠡᠯᠡᠬᠡᠢ ᠨᠡᠢᠢᠲᠡ ᠵᠥᠪᠯᠡᠵᠦ ᠪᠠᠢᠢᠨ᠎ᠠ᠃ ᠲᠡᠢᠢᠮᠦ ᠤᠴᠢᠷ ᠠᠴᠠ ᠢᠷᠡᠬᠦ ᠵᠢᠯ ᠦᠨ ᠲᠥᠰᠥᠪ ᠲᠥ ᠦᠨᠳᠦᠰᠦᠨ ᠦ ᠡᠷᠬᠡ ᠠᠰᠢᠭ ᠢ ᠡᠷᠬᠢᠮᠯᠡᠭᠰᠡᠨ᠂ ᠰᠢᠨᠡᠴᠢᠯᠡᠯ ᠬᠢᠭ᠍ᠰᠡᠨ᠂ ᠪᠣᠳᠠᠲᠠᠢ ᠪᠠᠢᠢᠳᠠᠯ ᠢᠶᠠᠷ ᠬᠠᠨᠳᠤᠬᠤ ᠢᠢ ᠲᠠ ᠪᠦᠬᠦᠨ ᠳᠥ ᠳᠠᠬᠢᠨ ᠤᠷᠢᠶᠠᠯᠠᠶ᠎ᠠ᠃
ᠲᠣᠭᠲᠠᠯᠴᠠᠭ᠎ᠠ ᠢᠢ ᠪᠠᠨ ᠡᠷᠡᠭᠦᠯᠵᠢᠭᠦᠯᠬᠦ ᠦᠭᠡᠢ ᠪᠡᠷ ᠲᠥᠰᠥᠪ ᠦᠨ ᠪᠣᠳᠣᠯᠭ᠎ᠠ ᠴᠤ ᠡᠷᠡᠭᠦᠯᠵᠢᠬᠦ ᠦᠭᠡᠢ ᠪᠣᠯᠬᠤ ᠢᠢ ᠪᠣᠯᠵᠤ ᠪᠤᠢ ᠦᠢᠯᠡ ᠶᠠᠪᠤᠳᠠᠯ ᠤᠳ ᠤᠯᠠᠮ ᠪᠦᠷ ᠲᠣᠳᠣ ᠬᠠᠷᠠᠭᠤᠯᠤᠭᠰᠠᠭᠠᠷ ᠪᠠᠢᠢᠭᠠᠳ ᠠᠩᠬᠠᠷᠤᠯ ᠢᠶᠠᠨ ᠬᠠᠨᠳᠠᠭᠤᠯᠬᠤ ᠢᠢ ᠬᠦᠰᠡᠶ᠎ᠡ᠃ ᠰᠡᠭᠦᠯ ᠦᠨ ᠵᠢᠯ ᠦᠳ ᠲᠥ ᠪᠠᠲᠤᠯᠠᠭᠰᠠᠨ ᠲᠥᠰᠥᠪ ᠢᠶᠡᠨ ᠪᠠᠷᠤᠭ ᠵᠢᠯ ᠪᠦᠷᠢ ᠲᠣᠳᠣᠳᠬᠠᠵᠤ᠂ ᠢᠩᠭᠢᠬᠦ ᠳᠥ ᠪᠡᠨ ᠲᠥᠰᠥᠪ ᠦᠨ ᠣᠷᠣᠯᠭ᠎ᠠ ᠪᠠᠲᠤᠯᠠᠭᠳᠠᠭᠰᠠᠨ ᠲᠦᠪᠰᠢᠨ ᠡᠴᠡ 1᠂2 ᠶᠡᠬᠡ ᠨᠠᠶᠤᠳ ᠢᠶᠠᠷ ᠲᠠᠰᠤᠷᠠᠵᠤ ᠵᠠᠷᠤᠳᠠᠯ ᠨᠢ 1᠂3 ᠶᠡᠬᠡ ᠨᠠᠶᠤᠳ ᠢᠶᠠᠷ ᠬᠡᠲᠦᠷᠡᠵᠦ ᠪᠠᠢᠢᠭᠰᠠᠨ ᠰᠤᠳᠤᠯᠭ᠎ᠠ ᠪᠠᠢᠢᠨ᠎ᠠ᠃ ᠢᠩᠭᠢᠵᠦ ᠬᠠᠷᠢᠭᠤᠴᠠᠯᠭ᠎ᠠ ᠦᠭᠡᠢ ᠲᠥᠰᠥᠪ ᠦᠨ ᠲᠣᠳᠣᠳᠬᠠᠯ ᠬᠢᠳᠡᠭ ᠢᠶᠡᠨ ᠪᠣᠯᠢᠬᠤ ᠬᠡᠷᠡᠭᠲᠡᠢ᠃
ᠤᠯᠤᠰ ᠤᠨ ᠶᠡᠬᠡ ᠬᠤᠷᠠᠯ ᠠᠴᠠ ᠵᠠᠰᠠᠭ ᠤᠨ ᠭᠠᠵᠠᠷ ᠤᠨ ᠨᠢᠭᠡᠨ ᠵᠢᠯ ᠦᠨ ᠦᠢᠯᠡ ᠠᠵᠢᠯᠯᠠᠭ᠎ᠠ ᠢᠢ ᠬᠢᠨᠠᠬᠤ ᠭᠣᠣᠯ ᠡᠭᠦᠷᠭᠡ ᠪᠡᠨ ᠪᠡᠶᠡᠯᠡᠭᠦᠯᠵᠦ ᠬᠤᠳᠠᠯᠳᠤᠭᠳᠠᠬᠤ ᠦᠭᠡᠢ ᠪᠠᠢᠢᠬᠤ ᠢᠢ᠂ ᠤᠯᠤᠰ ᠣᠷᠣᠨ ᠤ ᠨᠡᠢᠢᠲᠡᠯᠢᠭ ᠡᠷᠬᠡ ᠠᠰᠢᠭ ᠢ ᠤᠷᠢᠳᠠᠯ ᠪᠣᠯᠭᠠᠵᠤ ᠬᠠᠷᠢᠭᠤᠴᠠᠯᠭ᠎ᠠ ᠲᠠᠢ ᠠᠵᠢᠯᠯᠠᠬᠤ ᠢᠢ ᠰᠠᠨᠠᠭᠤᠯᠵᠤ᠂ ᠤᠷᠢᠶᠠᠯᠠᠵᠤ ᠪᠠᠢᠢᠨ᠎ᠠ᠃ ᠬᠡᠷᠪᠡ ᠤᠯᠤᠰ ᠤᠨ ᠶᠡᠬᠡ ᠬᠤᠷᠠᠯ ᠳᠡᠭᠡᠷ᠎ᠡ ᠳᠤᠷᠠᠳᠤᠭᠰᠠᠨ ᠠᠯᠳᠠᠭ᠎ᠠ ᠳᠤᠲᠠᠭᠳᠠᠯ᠂ ᠬᠠᠤᠯᠢ ᠢᠢᠨ ᠵᠥᠷᠢᠴᠡᠯ ᠢᠢᠡᠨ ᠠᠷᠢᠯᠭᠠᠯ ᠦᠭᠡᠢ 2019 ᠣᠨ ᠤ ᠲᠥᠰᠥᠪ ᠢ ᠪᠠᠲᠤᠯᠠᠪᠠᠯ ᠨᠡᠢᠢᠲᠡ ᠠᠷᠠᠳ ᠲᠦᠮᠡᠨ ᠡᠴᠡ ᠰᠣᠩᠭ᠋ᠣᠭᠳᠠᠭᠰᠠᠨ ᠲᠥᠷᠥ ᠢᠢᠨ ᠲᠡᠷᠢᠭᠦᠨ ᠦ ᠬᠤᠪᠢ ᠳᠤ᠂ ᠠᠷᠠᠳ ᠲᠦᠮᠡᠨ ᠦ ᠨᠡᠢᠢᠲᠡᠯᠢᠭ ᠡᠷᠬᠡ ᠠᠰᠢᠭ ᠤᠨ ᠡᠭᠦᠳᠡᠨ ᠡᠴᠡ ᠤᠭ ᠰᠢᠢᠳᠪᠦᠷᠢ ᠳᠥ ᠬᠣᠷᠢᠭ ᠲᠠᠯᠪᠢᠬᠤ ᠪᠣᠯᠤᠨ᠎ᠠ᠃
ᠮᠣᠩᠭ᠋ᠣᠯ ᠤᠯᠤᠰ ᠤᠨ ᠶᠡᠷᠦᠩᠬᠡᠢ ᠰᠠᠢᠢᠳ ᠬᠦᠷᠦᠯᠰᠦ᠋ᠬᠡ ᠡ᠂
ᠲᠠ ᠬᠤᠪᠢᠰᠬᠠᠯ ᠬᠢᠨ᠎ᠡ ᠭᠡᠵᠦ ᠠᠮᠠᠯᠠᠭᠠᠳ ᠶᠡᠷᠦᠩᠬᠡᠢ ᠰᠠᠢᠢᠳ ᠪᠣᠯᠤᠭᠰᠠᠨ᠃ ᠲᠥᠰᠥᠪ ᠦᠨ ᠢᠶᠡᠨ ᠬᠤᠪᠢᠰᠬᠠᠯ ᠠᠴᠠ ᠡᠬᠢᠯᠡᠶ᠎ᠡ ᠭᠡᠵᠦ ᠰᠠᠨᠠᠯ ᠲᠠᠯᠪᠢᠶ᠎ᠠ᠃ ᠤᠯᠤᠰ ᠤᠨ ᠶᠡᠬᠡ ᠬᠤᠷᠠᠯ ᠤᠨ ᠳᠠᠷᠤᠭ᠎ᠠ ᠲᠥᠰᠥᠪ ᠢᠶᠡᠨ 10 ᠬᠤᠪᠢ ᠬᠡᠮᠨᠡᠵᠦ ᠪᠣᠯᠤᠨ᠎ᠠ ᠭᠡᠯᠡ᠃ ᠪᠢ 15 ᠬᠤᠪᠢ ᠬᠡᠮᠨᠡᠵᠦ ᠪᠣᠯᠤᠨ᠎ᠠ ᠭᠡᠵᠦ ᠦᠵᠡᠵᠦ ᠪᠠᠢᠢᠭ᠎ᠠ᠃ ᠶᠡᠷᠦᠩᠬᠡᠢ ᠰᠠᠢᠢᠳ ᠲᠠ ᠦᠯᠢᠭᠡᠷ ᠦᠵᠡᠭᠦᠯᠦᠭᠡᠳ 20 ᠬᠤᠪᠢ ᠪᠠᠷ ᠬᠡᠮᠨᠡᠨ᠎ᠡ ᠭᠡᠳᠡᠭ ᠲᠥ ᠪᠢ ᠢᠲᠡᠭᠡᠵᠦ ᠪᠠᠢᠢᠨ᠎ᠠ᠃ ᠥᠨᠥ ᠣᠷᠣᠢ 18 ᠴᠠᠭ ᠠᠴᠠ ᠲᠥᠰᠥᠪ ᠦᠨ ᠠᠰᠠᠭᠤᠳᠠᠯ ᠢᠶᠠᠷ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠬᠤᠷᠠᠯ ᠵᠠᠷᠯᠠᠵᠤ ᠪᠠᠢᠢᠨ᠎ᠠ᠃
ᠠᠩᠬᠠᠷᠤᠯ ᠬᠠᠨᠳᠤᠭᠤᠯᠤᠭᠰᠠᠨ ᠳᠤ ᠪᠠᠶᠠᠷᠯᠠᠯ᠎ᠠ》 ᠭᠡᠪᠡ᠃