Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠳᠠᠯᠠᠢ ᠳᠤ ᠭᠠᠷᠤᠴᠠ ᠦᠭᠡᠢ ᠣᠷᠣᠨ ᠨᠤᠭᠤᠳ ᠢ ᠮᠠᠩ᠋ᠯᠠᠢᠢᠯᠠᠵᠤ ᠠᠵᠢᠯᠯᠠᠨ᠎ᠠ

ᠮᠣᠩ᠋ᠭᠣᠯ ᠤᠯᠤᠰ ᠤᠨ ᠶᠡᠷᠦᠩ᠋ᠬᠡᠢᠢᠯᠡᠭᠴᠢ ᠬ ∙ ᠪᠠᠲᠤᠲᠤᠯᠭ᠎ᠠ ᠥᠴᠥᠭᠡᠳᠦᠷ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠬᠤᠳᠠᠯᠳᠤᠭ᠎ᠠ᠂ ᠬᠥᠭ᠍ᠵᠢᠯ ᠦᠨ ᠪᠠᠭ᠎ᠠ ᠬᠤᠷᠠᠯ ᠤᠨ ᠶᠡᠷᠦᠩ᠋ᠬᠡᠢ ᠨᠠᠷᠢᠨ ᠪᠢᠴᠢᠭ᠌ ᠦᠨ ᠳᠠᠷᠤᠭ᠎ᠠ ᠮ ∙ ᠺᠢᠲ᠋ᠦᠢᠶ᠎ᠠ ᠲᠠᠢ ᠠᠭᠤᠯᠵᠠᠯ᠎ᠠ᠃

 

ᠠᠭᠤᠯᠵᠠᠯᠲᠠ ᠢᠢᠨ ᠡᠬᠢᠨ ᠳᠥ ᠮᠣᠩ᠋ᠭᠣᠯ ᠤᠯᠤᠰ ᠤᠨ ᠶᠡᠷᠦᠩ᠋ᠬᠡᠢᠢᠯᠡᠭᠴᠢ ᠬ ∙ ᠪᠠᠲᠤᠲᠤᠯᠭ᠎ᠠ ᠳᠡᠯᠡᠬᠡᠢ ᠢᠢᠨ ᠬᠥᠷᠥᠩᠭᠡ ᠣᠷᠣᠭᠤᠯᠤᠯᠲᠠ ᠢᠢᠨ ᠹᠣᠷᠣᠢᠮ ᠳᠤ ᠣᠷᠣᠯᠴᠠᠭᠴᠢᠳ ᠤᠨ ᠠᠩ᠋ᠬᠠᠷᠤᠯ ᠬᠡᠳᠦᠨ ᠴᠢᠬᠤᠯᠠ ᠠᠰᠠᠭᠤᠳᠠᠯ ᠳᠤ ᠲᠥᠪᠯᠡᠷᠡᠵᠦ ᠪᠠᠢᠢᠭ᠎ᠠ ᠢᠢ ᠳᠤᠷᠠᠳᠤᠭᠠᠳ᠂ ᠳᠡᠯᠡᠬᠡᠢ ᠢᠢᠨ ᠳᠤᠯᠠᠭᠠᠷᠠᠯ᠂ ᠡᠺᠣᠯᠣᠭᠢ ᠢᠢᠨ ᠠᠰᠠᠭᠤᠳᠠᠯ᠂ ᠠᠵᠢᠯᠭᠦᠢᠢᠳᠡᠯ᠂ ᠪᠠᠶᠠᠯᠢᠭ ᠤᠨ ᠲᠡᠭᠰᠢ ᠪᠤᠰᠤ ᠬᠤᠪᠢᠶᠠᠷᠢᠯᠠᠯᠲᠠ ᠭᠡᠬᠦ ᠮᠡᠲᠦ ᠠᠰᠠᠭᠤᠳᠠᠯ ᠮᠣᠩ᠋ᠭᠣᠯ ᠤᠯᠤᠰ ᠲᠤ ᠴᠤ ᠭᠡᠰᠡᠨ ᠠᠩ᠋ᠬᠠᠷᠤᠯ ᠲᠠᠲᠠᠭᠰᠠᠨ ᠰᠡᠳᠦᠪ ᠪᠣᠯᠵᠤ᠂ ᠲᠡᠨᠳᠡ ᠠᠷᠠᠢ ᠥᠭᠡᠷ᠎ᠡ ᠬᠦᠷᠢᠶᠡᠨ ᠳᠥ ᠯᠠ ᠶᠠᠷᠢᠯᠴᠠᠵᠤ ᠪᠠᠢᠢᠨ᠎ᠠ ᠬᠡᠮᠡᠨ ᠲᠣᠳᠣᠳᠬᠠᠯ᠎ᠠ᠃ ᠮᠣᠩ᠋ᠭᠣᠯ ᠤᠯᠤᠰ 2019 ᠣᠨ ᠤ ᠲᠥᠰᠥᠪ ᠢᠶᠡᠨ ᠬᠡᠯᠡᠯᠴᠡᠵᠦ ᠪᠠᠢᠢᠭ᠎ᠠ ᠡᠨᠡ ᠦᠶ᠎ᠡ ᠳᠥ ᠡᠳ᠋ ᠍ ᠦᠨ ᠵᠠᠰᠠᠭ ᠢ ᠲᠥᠷᠦᠯᠵᠢᠭᠦᠯᠬᠦ ᠳᠥ ᠠᠩ᠋ᠬᠠᠷᠤᠯ ᠬᠠᠨᠳᠤᠭᠤᠯᠵᠤ᠂ ᠮᠥᠨ ᠮᠣᠩ᠋ᠭᠣᠯ ᠤᠯᠤᠰ ᠲᠤ ᠡᠳ᠋ ᠍ ᠦᠨ ᠵᠠᠰᠠᠭ᠂ ᠪᠢᠽᠢᠨ᠋᠋ᠧᠰ ᠦᠨ ᠶᠠᠮᠠᠷ ᠪᠣᠯᠤᠮᠵᠢ ᠪᠠᠢᠢᠭ᠎ᠠ ᠢᠢ ᠳᠡᠯᠡᠬᠡᠢ ᠢᠢᠨ ᠬᠥᠷᠥᠩᠭᠡ ᠣᠷᠣᠭᠤᠯᠤᠭᠴᠢᠳ ᠲᠤ ᠲᠠᠨᠢᠯᠴᠠᠭᠤᠯᠬᠤ ᠪᠠᠷ ᠢᠷᠡᠭᠰᠡᠨ ᠲᠠᠯ᠎ᠠ ᠪᠠᠷ ᠢᠶᠠᠨ ᠶᠠᠷᠢᠯ᠎ᠠ᠃

 

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠬᠤᠳᠠᠯᠳᠤᠭ᠎ᠠ᠂ ᠬᠥᠭ᠍ᠵᠢᠯ ᠦᠨ ᠪᠠᠭ᠎ᠠ ᠬᠤᠷᠠᠯ ᠤᠨ ᠶᠡᠷᠦᠩ᠋ᠬᠡᠢ ᠨᠠᠷᠢᠨ ᠪᠢᠴᠢᠭ᠌ ᠦᠨ ᠳᠠᠷᠤᠭ᠎ᠠ ᠮ ∙ ᠺᠢᠲ᠋ᠦᠢᠢ᠎ᠠ ᠲᠡᠭᠡᠭᠡᠪᠦᠷᠢ᠂ ᠬᠥᠷᠥᠩᠭᠡ ᠣᠷᠣᠭᠤᠯᠤᠯᠲᠠ᠂ ᠬᠤᠳᠠᠯᠳᠤᠭ᠎ᠠ ᠢᠢ ᠬᠥᠩᠭᠡᠪᠴᠢᠯᠡᠬᠦ᠂ ᠳᠠᠯᠠᠢ ᠳᠤ ᠭᠠᠷᠤᠴᠠ ᠦᠭᠡᠢ ᠬᠥᠭ᠍ᠵᠢᠵᠦ ᠪᠤᠢ ᠣᠷᠣᠨ ᠨᠤᠭᠤᠳ ᠤᠨ ᠡᠳ᠋ ᠍ ᠦᠨ ᠵᠠᠰᠠᠭ ᠢ ᠲᠣᠭᠲᠠᠪᠤᠷᠢᠲᠠᠢ ᠬᠥᠭᠵᠢᠭᠦᠯᠬᠦ ᠭᠡᠬᠦ ᠮᠡᠲᠦ ᠣᠯᠠᠨ ᠲᠠᠯᠠᠲᠤ ᠦᠢᠯᠡ ᠠᠵᠢᠯᠯᠠᠭ᠎ᠠ ᠪᠠᠨ ᠶᠠᠪᠤᠭᠤᠯᠵᠤ ᠪᠠᠢᠢᠭ᠎ᠠ ᠲᠠᠯ᠎ᠠ ᠪᠠᠷ ᠢᠶᠠᠨ ᠲᠠᠨᠢᠯᠴᠠᠭᠤᠯᠤᠯ᠎ᠠ᠃

 

ᠮᠣᠩ᠋ᠭᠣᠯ ᠤᠯᠤᠰ ᠤᠨ ᠶᠡᠷᠦᠩ᠋ᠬᠡᠢᠢᠯᠡᠭᠴᠢ ᠬ ∙ ᠪᠠᠲᠤᠲᠤᠯᠭ᠎ᠠ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠬᠤᠳᠠᠯᠳᠤᠭ᠎ᠠ᠂ ᠬᠥᠭ᠍ᠵᠢᠯ ᠦᠨ ᠪᠠᠭ᠎ᠠ ᠬᠤᠷᠠᠯ ᠤᠨ ᠶᠡᠷᠦᠩ᠋ᠬᠡᠢ ᠨᠠᠷᠢᠨ ᠪᠢᠴᠢᠭ᠌ ᠦᠨ ᠳᠠᠷᠤᠭ᠎ᠠ ᠮ ∙ ᠺᠢᠲ᠋ᠦᠢᠢ᠎᠎ᠠ ᠳᠤ ᠬᠠᠨᠳᠤᠨ ᠮᠣᠩ᠋ᠭᠣᠯ ᠤᠯᠤᠰ ᠤᠨ ᠡᠳ᠋ ᠍ ᠦᠨ ᠵᠠᠰᠠᠭ ᠢ ᠲᠥᠷᠦᠯᠵᠢᠭᠦᠯᠬᠦ ᠳᠥ ᠪᠦᠬᠦᠢ ᠯᠠ ᠲᠠᠯ᠎ᠠ ᠪᠠᠷ ᠬᠠᠮᠲᠤᠷᠠᠨ ᠠᠵᠢᠯᠯᠠᠬᠤ ᠰᠣᠨᠢᠷᠬᠠᠯ᠎ ᠢᠢᠠᠨ ᠢᠯᠡᠷᠬᠡᠢᠢᠯᠡᠵᠦ ᠳᠠᠯᠠᠢ ᠳᠤ ᠭᠠᠷᠤᠴᠠ ᠦᠭᠡᠢ ᠣᠷᠣᠨ ᠨᠤᠭᠤᠳ ᠢ ᠮᠠᠩ᠋ᠯᠠᠢᠢᠯᠠᠵᠤ ᠠᠵᠢᠯᠯᠠᠬᠤ ᠰᠣᠨᠢᠷᠬᠠᠯ ᠲᠠᠢ ᠪᠠᠢᠢᠭ᠎ᠠ ᠪᠠᠨ ᠢᠯᠡᠷᠬᠡᠢᠢᠯᠡᠪᠡ᠃

 

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠬᠤᠳᠠᠯᠳᠤᠭ᠎ᠠ᠂ ᠬᠥᠭ᠍ᠵᠢᠯ ᠦᠨ ᠪᠠᠭ᠎ᠠ ᠬᠤᠷᠠᠯ ᠨᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩ᠋ᠬᠡᠢ ᠠᠰᠰᠠᠮᠪᠯᠧᠢ ᠢᠢᠨ ᠰᠢᠢᠳᠪᠦᠷᠢ ᠢᠢᠨ ᠳᠠᠭᠠᠭᠤ ᠠᠩ᠋ᠬ᠎ᠠ 1964 ᠣᠨ ᠳᠤ ᠵᠧᠨᠧᠸ ᠬᠣᠲᠠᠨ᠎ᠠ ᠪᠠᠢᠢᠭᠤᠯᠤᠭᠳᠠᠭᠰᠠᠨ ᠪᠥᠭᠡᠳ ᠵᠠᠰᠠᠭ ᠤᠨ ᠭᠠᠵᠠᠷ ᠬᠣᠭᠣᠷᠣᠨᠳᠣ ᠢᠢᠨ ᠰᠲ᠋ᠠᠲ᠋ᠦ᠋ᠰ ᠪᠦᠬᠦᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠪᠠᠢᠢᠭᠤᠯᠤᠯᠭ᠎ᠠ ᠶᠤᠮ᠃

 

ᠮᠣᠩ᠋ᠭᠣᠯ ᠤᠯᠤᠰ 1961 ᠣᠨ ᠳᠤ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠳᠥ ᠡᠯᠰᠡᠭᠰᠡᠨ ᠢᠶᠡᠷ 1964 ᠣᠨ ᠳᠤ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠬᠤᠳᠠᠯᠳᠤᠭ᠎ᠠ᠂ ᠬᠥᠭ᠍ᠵᠢᠯ ᠦᠨ ᠪᠠᠭ᠎ᠠ ᠬᠤᠷᠠᠯ ᠤᠨ ᠭᠡᠰᠢᠭᠦᠨ ᠪᠣᠯᠤᠭᠰᠠᠨ ᠪᠠᠢᠢᠨ᠎ᠠ᠃ ᠭᠡᠰᠢᠭᠦᠨ ᠪᠣᠯᠤᠭᠰᠠᠨ ᠢᠶᠠᠷ ᠡᠨᠡᠬᠦ ᠪᠠᠭ᠎ᠠ ᠬᠤᠷᠠᠯ ᠠᠴᠠ ᠬᠤᠳᠠᠯᠳᠤᠭ᠎ᠠ᠂ ᠬᠥᠷᠥᠩᠭᠡ ᠣᠷᠣᠭᠤᠯᠤᠯᠲᠠ ᠢᠢᠨ ᠴᠢᠭᠯᠡᠯ ᠢᠶᠡᠷ ᠲᠤᠰᠠᠯᠠᠮᠵᠢ᠂ ᠳᠡᠮᠵᠢᠯᠭᠡ ᠠᠪᠬᠤ᠂ ᠲᠧᠭᠨᠢᠭ ᠦᠨ ᠬᠠᠮᠲᠤ ᠢᠢᠨ ᠠᠵᠢᠯᠯᠠᠭᠠᠨ ᠤ ᠬᠥᠲᠥᠯᠪᠦᠷᠢ ᠳᠥ ᠬᠠᠮᠤᠷᠤᠭᠳᠠᠵᠤ ᠪᠠᠢᠢᠭ᠎ᠠ ᠶᠤᠮ ᠪᠠᠢᠢᠨ᠎ᠠ᠃

 

ᠲᠤᠬᠠᠢᠢᠯᠠᠪᠠᠯ᠂ ᠲᠤᠰ ᠪᠠᠢᠢᠭᠤᠯᠤᠯᠭ᠎ᠠ ᠠᠴᠠ ᠬᠡᠷᠡᠭᠵᠢᠭᠦᠯᠵᠦ ᠪᠤᠢ ᠥᠷᠢ ᠢᠢᠨ ᠤᠳᠤᠷᠢᠳᠤᠯᠭ᠎ᠠ᠂ ᠰᠠᠩ᠋ᠬᠦᠦ ᠢᠢᠨ ᠰᠢᠨᠵᠢᠯᠡᠭᠡᠨ ᠦ ᠪᠣᠯᠤᠨ ᠭᠠᠢᠢᠯᠢ ᠢᠢᠨ ᠮᠡᠳᠡᠭᠡᠯᠡᠯ ᠦᠨ ᠰᠢᠰᠲ᠋ᠧᠮ ᠢ ᠰᠠᠩ ᠤᠨ ᠶᠠᠮᠤ᠂ ᠮᠣᠩ᠋ᠭᠣᠯ ᠪᠠᠩ᠋ᠬᠢ ᠪᠣᠯᠤᠨ ᠭᠠᠢᠢᠯᠢ ᠢᠢᠨ ᠶᠡᠷᠦᠩ᠋ᠬᠡᠢ ᠭᠠᠵᠠᠷ ᠲᠤ ᠰᠠᠭᠤᠷᠢᠯᠠᠭᠤᠯᠤᠭᠰᠠᠨ ᠪᠠᠢᠢᠨ᠎ᠠ᠃

 

ᠮᠥᠨ ᠡᠨᠡ ᠣᠨ ᠳᠤ ᠪᠠᠢᠢᠭᠤᠯᠤᠭᠰᠠᠨ ᠮᠣᠩ᠋ᠭᠣᠯ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ᠂ ᠣᠷᠣᠰ ᠤᠨ ᠬᠣᠯᠪᠣᠭᠠᠨ ᠤ ᠤᠯᠤᠰ ᠬᠣᠭᠣᠷᠣᠨᠳᠣ ᠢᠢᠨ ᠳᠠᠮᠵᠢᠨ ᠥᠩᠭᠡᠷᠡᠬᠦ ᠲᠡᠭᠡᠭᠡᠪᠦᠷᠢ ᠢᠢᠨ ᠭᠤᠷᠪᠠᠨ ᠲᠠᠯᠠᠲᠤ ᠬᠡᠯᠡᠯᠴᠡᠭᠡᠷ ᠪᠠᠢᠢᠭᠤᠯᠬᠤ ᠰᠤᠳᠤᠯᠭ᠎ᠠ ᠪᠣᠯᠤᠨ ᠬᠡᠯᠡᠯᠴᠡᠭᠡᠨ ᠳᠥ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠬᠤᠳᠠᠯᠳᠤᠭ᠎ᠠ᠂ ᠬᠥᠭ᠍ᠵᠢᠯ ᠦᠨ ᠪᠠᠭ᠎ᠠ ᠬᠤᠷᠠᠯ ᠤᠨ ᠵᠦᠭ ᠡᠴᠡ ᠶᠡᠬᠡᠬᠡᠨ ᠳᠡᠮᠵᠢᠯᠭᠡ ᠦᠵᠡᠭᠦᠯᠵᠦ ᠠᠵᠢᠯᠯᠠᠵᠤ ᠪᠠᠢᠢᠵᠠᠢ᠃