ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠴᠥᠭᠡᠳᠦᠷ ᠱᠸᠧᠢᠼᠠᠷ ᠤᠯᠤᠰ ᠤᠨ ᠵᠧᠨᠧᠸ ᠬᠣᠲᠠ ᠢᠢᠨ ᠰᠦᠨ᠂ ᠰᠦᠨ ᠪᠦᠲᠦᠭᠡᠭ᠍ᠳᠡᠬᠦᠨ ᠦ ᠨᠢᠭᠡᠳᠦᠯ ᠪᠣᠯᠬᠤ 1911 ᠣᠨ ᠠᠴᠠ ᠬᠣᠢᠢᠰᠢ ᠲᠠᠰᠤᠷᠠᠯᠲᠠ ᠦᠭᠡᠢ ᠦᠢᠯᠡ ᠠᠵᠢᠯᠯᠠᠭ᠎ᠠ ᠪᠠᠨ ᠶᠠᠪᠤᠭᠤᠯᠵᠤ ᠪᠠᠢᠢᠭ᠎ᠠ 《ᠯᠠᠢᠢᠲ᠋ᠧᠷᠰ ᠷᠤᠢᠢᠨᠧᠷᠰ》 ᠺᠣᠮᠫᠠᠨᠢ ᠳᠤ ᠵᠣᠴᠢᠯᠠᠵᠤ᠂ ᠲᠤᠰ ᠪᠠᠢᠢᠭᠤᠯᠤᠯᠭ᠎ᠠ ᠢᠢᠨ ᠤᠳᠤᠷᠢᠳᠤᠯᠭ᠎ᠠ ᠨᠤᠭᠤᠳ ᠲᠠᠢ ᠠᠭᠤᠯᠵᠠᠯ᠎ᠠ᠃
ᠨᠢᠭᠡᠳᠦᠯ ᠦᠨ ᠵᠠᠬᠢᠷᠤᠯ ᠲᠧᠷᠷᠠ ᠴᠠᠷᠸᠧᠲ ᠤᠨ ᠲᠠᠨᠢᠯᠴᠠᠭᠤᠯᠤᠭᠰᠠᠨ ᠢᠶᠠᠷ ᠱᠸᠧᠢᠼᠠᠷ ᠤᠯᠤᠰ ᠨᠢ ᠴᠠᠭ᠂ ᠪᠠᠩᠬᠢ᠂ ᠣᠶᠤᠨ ᠤ ᠥᠮᠴᠢ᠂ ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠤᠨ ᠲᠥᠪ ᠦᠳ ᠪᠠᠢᠢᠷᠢᠯᠠᠳᠠᠭ ᠵᠡᠷᠭᠡ ᠣᠯᠠᠨ ᠵᠦᠢᠯᠡᠰ ᠢᠶᠡᠷ ᠢᠶᠡᠨ ᠠᠯᠳᠠᠷᠲᠠᠢ ᠬᠡᠳᠦᠢ ᠴᠤ ᠬᠥᠳᠡᠭᠡ᠂ ᠠᠵᠤ ᠠᠬᠤᠢ ᠢᠢᠨ ᠪᠣᠳᠣᠯᠭ᠎ᠠ᠂ ᠣᠷᠣᠯᠭ᠎ᠠ ᠨᠢ ᠲᠡᠷᠢᠭᠦᠯᠡᠬᠦ ᠴᠢᠭᠯᠡᠯ ᠦᠳ ᠦᠨ ᠨᠢᠭᠡ ᠬᠡᠮᠡᠨ ᠲᠠᠨᠢᠯᠴᠠᠭᠤᠯᠤᠭᠰᠠᠨ ᠶᠤᠮ᠃ ᠲᠤᠬᠠᠢᠢᠯᠠᠪᠠᠯ᠂ ᠵᠧᠨᠧᠸ ᠬᠣᠲᠠ ᠢᠢᠨ ᠭᠠᠵᠠᠷ ᠨᠤᠲᠤᠭ ᠤᠨ 40 ᠬᠤᠪᠢ ᠢᠢ ᠵᠥᠪᠬᠡᠨ ᠬᠥᠳᠡᠭᠡ ᠠᠵᠤ ᠠᠬᠤᠢ ᠢᠢᠨ ᠵᠣᠷᠢᠭᠤᠯᠤᠯᠲᠠ ᠪᠠᠷ ᠠᠰᠢᠭᠯᠠᠵᠤ᠂ ᠬᠥᠳᠡᠭᠡ᠂ ᠠᠵᠤ ᠠᠬᠤᠢ ᠢᠢᠨ ᠰᠠᠯᠪᠤᠷᠢ ᠨᠢ ᠵᠢᠯ ᠢᠷᠡᠬᠦ ᠪᠦᠷ ᠲᠥᠷᠥᠯᠵᠢᠵᠦ᠂ ᠬᠤᠳᠠᠯᠳᠤᠭ᠎ᠠ ᠯᠣᠭᠢᠰᠲ᠋ᠢᠭ ᠤᠨ ᠰᠠᠯᠪᠤᠷᠢ ᠢᠢᠨ ᠳᠡᠢᠢᠯᠦᠩᠬᠢ ᠣᠷᠣᠯᠭ᠎ᠠ ᠢᠢ ᠪᠦᠷᠢᠳᠦᠭᠦᠯᠬᠦ ᠪᠣᠯᠵᠠᠢ᠃
ᠵᠢᠱᠢᠶ᠎ᠡ ᠨᠢ᠂ ᠡᠨᠡᠬᠦ ᠨᠢᠭᠡᠳᠦᠯ 180 ᠭᠠᠷᠤᠢ ᠹᠧᠷᠮᠧᠷ ᠡᠴᠡ ᠵᠢᠯ ᠳᠥ ᠪᠡᠨ 47 ᠰᠠᠶᠢ ᠯᠢᠲ᠋ᠷ ᠰᠦᠨ ᠴᠤᠭᠯᠠᠭᠤᠯᠵᠤ᠂ ᠰᠦᠨ᠂ ᠰᠦᠨ ᠪᠦᠲᠦᠭᠡᠭ᠍ᠳᠡᠬᠦᠨ ᠦᠢᠯᠡᠳᠪᠦᠷᠢᠯᠡᠳᠡᠭ ᠪᠠᠢᠢᠨ᠎ᠠ᠃ ᠮᠥᠨ ᠵᠥᠪᠬᠡᠨ ᠰᠦᠨ᠂ ᠰᠦᠨ ᠪᠦᠲᠦᠭᠡᠭ᠍ᠳᠡᠬᠦᠨ ᠪᠤᠰᠤ ᠮᠢᠬ᠎ᠠ᠂ ᠮᠢᠬᠠᠨ ᠪᠦᠲᠦᠭᠡᠭ᠍ᠳᠡᠬᠦᠨ᠂ ᠬᠤᠳᠠᠯᠳᠤᠭ᠎ᠠ ᠯᠣᠭᠢᠰᠲ᠋ᠢᠭ ᠤᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠵᠤ 2017 ᠣᠨ ᠤ ᠪᠠᠢᠢᠳᠠᠯ ᠢᠶᠠᠷ 215 ᠰᠠᠶᠢ ᠱᠸᠧᠢᠼᠠᠷ ᠹᠷᠠᠨ᠋ᠺ ᠤᠨ ᠣᠷᠣᠯᠭ᠎ᠠ ᠲᠠᠢ ᠠᠵᠢᠯᠯᠠᠵᠠᠢ᠃
ᠡᠨᠡ ᠨᠢ ᠹᠧᠷᠮᠧᠷ ᠤᠨ ᠠᠵᠤ ᠠᠬᠤᠢ ᠠᠴᠠ ᠥᠨᠳᠥᠷ ᠠᠰᠢᠭ ᠲᠤᠰᠠ ᠭᠠᠷᠭᠠᠬᠤ ᠲᠤᠰ ᠤᠯᠤᠰ ᠤᠨ ᠲᠧᠭᠨᠣᠯᠣᠭᠢ᠂ ᠹᠧᠷᠮᠧᠷ ᠤᠨ ᠪᠤᠶᠤ ᠡᠷᠴᠢᠮᠵᠢᠭᠰᠡᠨ ᠮᠠᠯ ᠠᠵᠤ ᠠᠬᠤᠢ ᠢᠢ ᠬᠥᠭ᠍ᠵᠢᠭᠦᠯᠬᠦ ᠪᠣᠳᠣᠯᠭ᠎ᠠ ᠲᠠᠢ ᠨᠢᠭ᠌ᠲᠠ ᠬᠣᠯᠪᠣᠭ᠎ᠠ ᠲᠠᠢ ᠭᠡᠵᠦ ᠲᠤᠰ ᠤᠯᠤᠰ ᠤᠨ ᠰᠦᠨ᠂ ᠰᠦᠨ ᠪᠦᠲᠦᠭᠡᠭ᠍ᠳᠡᠬᠦᠨ ᠦ ᠨᠢᠭᠡᠳᠦᠯ ᠦᠨ ᠤᠳᠤᠷᠢᠳᠤᠯᠭ᠎ᠠ ᠨᠤᠭᠤᠳ ᠲᠠᠨᠢᠯᠴᠠᠭᠤᠯᠤᠭᠰᠠᠨ ᠶᠤᠮ᠃
ᠲᠠᠨᠢᠯᠴᠠᠭᠤᠯᠭ᠎ᠠ ᠢᠢᠨ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠢᠯᠡᠳᠪᠦᠷᠢᠯᠡᠯ ᠦᠨ ᠶᠠᠪᠤᠴᠠ ᠲᠠᠢ ᠨᠢ ᠲᠠᠨᠢᠯᠴᠠᠵᠤ᠂ ᠮᠣᠩ᠋ᠭᠣᠯ ᠤᠯᠤᠰ ᠤᠨ ᠬᠥᠳᠡᠭᠡ᠂ ᠠᠵᠤ ᠠᠬᠤᠢ᠂ ᠡᠨᠡ ᠰᠠᠯᠪᠤᠷᠢ ᠳᠤ ᠠᠰᠢᠭᠯᠠᠵᠤ ᠪᠤᠢ ᠲᠧᠭᠨᠣᠯᠣᠭᠢ ᠢᠢ ᠨᠡᠪᠲᠡᠷᠡᠭᠦᠯᠬᠦ᠂ ᠠᠰᠢᠭᠯᠠᠬᠤ ᠪᠣᠯᠤᠮᠵᠢ ᠢᠢᠨ ᠲᠠᠯ᠎ᠠ ᠪᠠᠷ ᠳᠡᠯᠭᠡᠷᠡᠩᠭᠦᠢ ᠶᠠᠷᠢᠯᠴᠠᠵᠤ ᠰᠠᠨᠠᠯ ᠰᠣᠯᠢᠯᠴᠠᠭᠰᠠᠨ ᠶᠤᠮ᠃