Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠶᠡᠬᠡ ᠡᠵᠡᠨ ᠴᠢᠩ᠋ᠭᠢᠰ ᠬᠠᠭᠠᠨ ᠤ ᠮᠡᠨᠳᠦᠯᠡᠭᠰᠡᠨ ᠦ 856 ᠵᠢᠯ ᠦᠨ ᠣᠢ᠂ ᠮᠣᠩ᠋ᠭᠣᠯ ᠪᠠᠬᠠᠷᠬᠠᠯ ᠤᠨ ᠡᠳᠦᠷ ᠲᠦ ᠵᠣᠷᠢᠭᠤᠯᠤᠭᠰᠠᠨ ᠬᠦᠴᠦᠲᠦ ᠪᠥᠬᠡ ᠢᠢᠨ ᠪᠠᠷᠢᠯᠳᠤᠭᠠᠨ ᠢ ᠨᠡᠭᠡᠭᠡᠵᠦ ᠦᠭᠡ ᠬᠡᠯᠡᠯ᠎ᠡ

ᠶᠡᠬᠡ ᠡᠵᠡᠨ ᠴᠢᠩ᠋ᠭᠢᠰ ᠬᠠᠭᠠᠨ ᠤ ᠮᠡᠨᠳᠦᠯᠡᠭᠰᠡᠨ ᠡᠪᠦᠯ ᠦᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ᠂ ᠮᠣᠩ᠋ᠭᠣᠯ ᠪᠠᠬᠠᠷᠬᠠᠯ ᠤᠨ ᠡᠳᠦᠷ ᠲᠥ ᠵᠣᠷᠢᠭᠤᠯᠤᠭᠰᠠᠨ ᠤᠯᠤᠰ᠂ ᠠᠢᠢᠮᠠᠭ ᠤᠨ ᠠᠯᠳᠠᠷ᠂ ᠴᠣᠯᠠ ᠲᠠᠢ ᠥᠨᠳᠥᠷ ᠴᠢᠨᠰᠠᠭ᠎ᠠ ᠲᠠᠢ ᠬᠦᠴᠦᠲᠦ 128 ᠪᠥᠬᠡ ᠢᠢᠨ ᠪᠠᠷᠢᠯᠳᠤᠭᠠᠨ 《ᠪᠤᠶᠠᠨᠲᠤ ᠬᠤᠸᠠ》 ᠰᠫᠣᠷᠲ ᠴᠣᠭᠴᠠᠯᠠᠪᠤᠷᠢ ᠳᠤ ᠡᠬᠢᠯᠡᠯ᠎ᠡ᠃ ᠬᠦᠴᠦᠲᠦ ᠪᠥᠬᠡ ᠢᠢᠨ ᠪᠠᠷᠢᠯᠳᠤᠭᠠᠨ ᠢ ᠨᠡᠭᠡᠭᠡᠵᠦ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠷᠠᠳ ᠲᠦᠮᠡᠨ ᠳᠦ ᠪᠡᠨ ᠬᠠᠨᠳᠤᠨ ᠦᠭᠡ ᠬᠡᠯᠡᠪᠡ᠃

 

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ :

 

ᠮᠣᠩ᠋ᠭᠣᠯᠴᠤᠳ ᠠ᠋᠂

ᠳᠡᠯᠡᠬᠡᠢ ᠳᠠᠶᠠᠭᠠᠷ ᠲᠤ ᠲᠠᠷᠬᠠᠨ ᠰᠠᠭᠤᠷᠢᠰᠢᠭ᠌ᠰᠠᠨ ᠮᠣᠩ᠋ᠭᠣᠯ ᠲᠤᠭᠤᠷᠭᠠᠲᠠᠨ ᠨᠤᠭᠤᠳ ᠠ᠋᠂

 

ᠮᠣᠩ᠋ᠭᠣᠯ ᠪᠢᠳᠡᠨ ᠦ ᠪᠠᠬᠠᠷᠬᠠᠯ᠂ ᠳᠡᠭᠡᠳᠦ ᠲᠩᠷᠢ ᠡᠴᠡ ᠵᠠᠶᠠᠭᠠᠲᠤ ᠡᠵᠡᠨ ᠪᠣᠭᠳᠠ ᠴᠢᠩ᠋ᠭᠢᠰ ᠬᠠᠭᠠᠨ ᠪᠡᠷ ᠪᠢᠯᠢᠭ᠌ ᠦᠨ ᠲᠣᠭᠠᠯᠠᠯ ᠤᠨ ᠭᠤᠷᠪᠠᠳᠤᠭᠠᠷ ᠵᠢᠷᠠᠨ ᠤ ᠬᠠᠷ᠎ᠠ ᠮᠣᠷᠢᠨ ᠵᠢᠯ ᠪᠤᠶᠤ 1162 ᠣᠨ ᠤ ᠡᠪᠦᠯ ᠦᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ ᠦ ᠡᠳᠦᠷ ᠮᠡᠨᠳᠦᠯᠡᠭᠰᠡᠨ ᠪᠢᠯᠡ᠃ ᠶᠡᠬᠡ ᠬᠥᠮᠥᠨ ᠦ ᠮᠡᠯᠮᠡᠢ ᠭᠡᠢᠢᠭᠰᠡᠨ ᠦ 856 ᠵᠢᠯ ᠦᠨ ᠣᠢ-ᠮᠣᠩ᠋ᠭᠣᠯ ᠪᠠᠬᠠᠷᠬᠠᠯ ᠤᠨ ᠡᠳᠦᠷ ᠪᠣᠯᠵᠤ ᠪᠠᠢᠢᠨ᠎ᠠ᠃

 

ᠳᠡᠯᠡᠬᠡᠢ ᠢᠢᠨ ᠣᠯᠠᠨ ᠨᠡᠢᠢᠲᠡ ᠲᠡᠭᠦᠨ ᠢ ᠮᠢᠩ᠋ᠭᠠᠨ ᠤ ᠰᠤᠤᠲᠤ ᠬᠦᠮᠦᠨ ᠢᠶᠡᠷ ᠲᠣᠳᠣᠷᠠᠭᠤᠯᠤᠭᠰᠠᠨ ᠢ ᠪᠢᠳᠡ ᠪᠦᠭᠦᠳᠡ ᠮᠡᠳᠡᠨ᠎ᠡ᠃ 2011 ᠣᠨ ᠳᠤ ᠠᠮᠧᠷᠢᠺᠠ ᠢᠢᠨ ᠨᠢᠭᠡᠳᠦᠭᠰᠡᠨ ᠤᠯᠤᠰ ᠤᠨ ᠺᠠᠷᠠᠩ ᠤᠨ ᠬᠦᠷᠢᠶᠡᠯᠡᠩ ᠥᠪᠡᠷᠰᠡᠳ ᠦᠨ ᠰᠤᠳᠤᠯᠭᠠᠨ ᠳᠤ ᠦᠨᠳᠦᠰᠦᠯᠡᠨ ᠴᠢᠩ᠋ᠭᠢᠰ ᠬᠠᠭᠠᠨ ᠢ 《ᠲᠡᠦᠬᠡᠨ ᠳᠥ ᠲᠣᠳᠣᠷᠠᠭᠰᠠᠨ ᠤᠳᠤᠷᠢᠳᠤᠭᠴᠢ》 ᠬᠡᠮᠡᠨ ᠵᠠᠷᠯᠠᠵᠤ ᠪᠠᠢᠢᠭᠰᠠᠨ ᠪᠢᠯᠡ᠃ ᠮᠣᠩ᠋ᠭᠣᠯ ᠳᠤ ᠲᠡᠳᠦᠢ ᠦᠭᠡᠢ ᠳᠡᠯᠡᠬᠡᠢ ᠳᠠᠬᠢᠨ᠎ᠠ ᠨᠠᠢᠢᠮᠠᠨ ᠵᠠᠭᠤᠨ ᠤ ᠲᠤᠷᠰᠢᠳᠠ ᠨᠡᠷ᠎ᠡ ᠠᠯᠳᠠᠷ ᠨᠢ ᠳᠠᠭᠤᠷᠢᠰᠤᠭᠰᠠᠨ ᠠᠤᠭ᠎ᠠ ᠤᠳᠤᠷᠢᠳᠤᠭᠴᠢ ᠡᠵᠡᠨ ᠪᠣᠭᠳᠠ ᠴᠢᠩ᠋ᠭᠢᠰ ᠬᠠᠭᠠᠨ ᠠᠴᠠ ᠮᠢᠨᠢ ᠥᠭᠡᠷ᠎ᠡ ᠪᠤᠢ ᠪᠢᠯᠡ ‍ᠥᠥ᠃ ᠪᠣᠭᠳᠠ ᠡᠵᠡᠨ ᠪᠣᠯᠪᠠᠰᠤ ᠤᠳᠤᠷᠢᠳᠤᠭᠴᠢ ᠬᠦᠮᠦᠨ ᠶᠠᠮᠠᠷ ᠪᠠᠢᠢᠬᠤ ᠶᠣᠰᠣᠲᠠᠢ ᠢᠢ ᠪᠡᠶ᠎ᠡ ᠪᠡᠷ ᠦᠯᠢᠭᠡᠷᠯᠡᠭᠰᠡᠨ᠂ ᠲᠥᠷᠥ ᠢᠢ ᠤᠳᠤᠷᠢᠳᠬᠤᠢ ᠢᠢᠨ ᠵᠢᠱᠢᠭ ᠳᠠᠭᠤᠷᠢᠶᠠᠯ ᠪᠣᠯᠤᠭᠰᠠᠨ ᠰᠣᠳᠣ ᠮᠠᠩᠯᠠᠢᠢᠯᠠᠭᠴᠢ ᠪᠠᠢᠢᠭᠰᠠᠨ ᠤᠴᠢᠷ ᠠᠴᠠ ᠦᠶ᠎ᠡ ᠢᠢᠨ ᠦᠶ᠎ᠡ ᠳᠥ ᠳᠤᠷᠠᠰᠤᠭᠳᠠᠬᠤ ᠶᠡᠬᠡ ᠠᠯᠳᠠᠷ ᠤᠨ ᠦᠷ᠎ᠡ ᠢᠢ ᠲᠠᠷᠢᠵᠠᠢ᠃

 

ᠲᠡᠦᠬᠡᠴᠢᠳ ᠪᠣᠯᠤᠨ ᠰᠤᠳᠤᠯᠤᠭᠠᠴᠢᠳ ᠤᠨ ᠲᠣᠳᠣᠷᠬᠠᠢᠢᠯᠠᠭᠰᠠᠨ ᠢ ᠲᠣᠭᠠᠴᠢᠨ ᠳᠤᠷᠠᠳᠬᠤ ᠳᠤ᠄

 

ᠫᠯᠠᠨᠣ‍ ᠺᠠᠷᠫᠢᠨᠢ᠄ 《ᠴᠢᠩ᠋ᠭᠢᠰ ᠬᠠᠭᠠᠨ ᠤ ᠤᠳᠤᠷᠢᠳᠤᠯᠭ᠎ᠠ ᠳᠣᠣᠷ᠎ᠠ ᠳᠠᠢᠢᠨ ᠳᠠᠵᠢᠨ᠂ ᠬᠡᠷᠡᠭᠦᠯ ᠲᠡᠮᠡᠴᠡᠯ… ᠨᠠᠮᠵᠢᠨ᠂ ᠳᠡᠭᠡᠷᠡᠮ ᠲᠣᠨᠣᠭᠤᠯ᠂ ᠬᠤᠯᠠᠭᠠᠢ ᠦᠯᠡᠮᠵᠢ ᠬᠡᠮᠵᠢᠶ᠎ᠡ ᠪᠡᠷ ᠪᠠᠭᠠᠰᠤᠭᠰᠠᠨ᠃ ᠲᠡᠢᠢᠮᠦ ᠤᠴᠢᠷ ᠠᠴᠠ ᠮᠣᠩ᠋ᠭᠣᠯᠴᠤᠳ ᠡᠳ᠋ ᠪᠠᠶᠠᠯᠢᠭ ᠢᠶᠠᠨ ᠬᠠᠳᠠᠭᠠᠯᠠᠳᠠᠭ ᠭᠡᠷ᠂ ᠲᠡᠷᠭᠡ ᠪᠡᠨ ᠲᠦᠭᠵᠢᠳᠡᠭ ᠴᠤ ᠦᠭᠡᠢ᠂ ᠴᠣᠣᠵᠢᠯᠠᠳᠠᠭ ᠴᠤ ᠦᠭᠡᠢ》 ᠪᠣᠯᠵᠠᠢ ᠭᠡᠵᠡᠢ᠃

 

ᠵᠦᠵᠵᠠᠨᠢ ᠬᠡᠯᠡᠬᠦ ᠳᠥ ᠪᠡᠨ᠄ 《ᠭᠠᠵᠠᠷ ᠬᠡᠪᠲᠡᠵᠦ ᠪᠠᠢᠢᠭ᠎ᠠ ᠲᠠᠰᠢᠭᠤᠷ ᠢ ᠴᠤ ᠡᠵᠡᠨ ᠡᠴᠡ ᠨᠢ ᠥᠭᠡᠷ᠎ᠡ ᠬᠡᠨ ᠴᠤ ᠠᠪᠴᠤ ᠵᠢᠷᠦᠬᠡᠯᠡᠳᠡᠭ ᠦᠭᠡᠢ ᠪᠣᠯᠤᠭᠰᠠᠨ ᠬᠡᠮᠡᠨ ᠲᠡᠮᠳᠡᠭᠯᠡᠭᠰᠡᠨ ᠪᠣᠯ ᠵᠥᠸᠡᠢᠢᠨᠢ ᠬᠡᠯᠡᠬᠦ ᠳᠥ ᠪᠡᠨ᠄ 《ᠴᠢᠩ᠋ᠭᠢᠰ ᠬᠠᠭᠠᠨ ᠵᠠᠪᠬᠠᠢᠢᠷᠠᠯ᠂ ᠬᠤᠯᠠᠭᠠᠢ ᠵᠡᠷᠭᠡ ᠰᠢᠪᠰᠢᠭᠲᠦ ᠵᠠᠩᠰᠢᠯ ᠢ ᠮᠣᠩ᠋ᠭᠣᠯᠴᠤᠳ ᠤᠨ ᠳᠤᠮᠳᠠ ᠤᠰᠠᠳᠬᠠᠭᠰᠠᠨ》 ᠭᠡᠵᠦ ᠲᠡᠮᠳᠡᠭᠯᠡᠭᠰᠡᠨ ᠨᠢ ᠪᠤᠢ᠃

 

ᠭᠧᠷᠮᠠᠨ ᠤ ᠰᠤᠳᠤᠯᠤᠭᠠᠴᠢ ᠫ ∙ ᠷᠠᠴᠨ᠋ᠧᠸᠰᠺᠢᠢ᠄ 《ᠴᠢᠩ᠋ᠭᠢᠰ ᠬᠠᠭᠠᠨ ᠪᠡᠶ᠎ᠡ ᠬᠦᠮᠦᠨ ᠦ ᠪᠡᠨ ᠬᠤᠪᠢ ᠳᠤ ᠬᠦᠴᠦ ᠴᠢᠳᠠᠯ᠂ ᠵᠣᠷᠢᠭ ᠡᠷᠡᠮᠡᠯᠵᠡᠯ ᠢ ᠴᠢᠩᠳᠠ ᠰᠠᠬᠢᠯᠭ᠎ᠠ ᠲᠠᠢ ᠨᠢᠭᠡᠳᠬᠡᠨ ᠪᠢᠯᠢᠭ᠌ ᠤᠬᠠᠭᠠᠨ ᠳᠤ ᠪᠠᠨ ᠵᠠᠬᠢᠷᠤᠭᠤᠯᠤᠭᠰᠠᠨ ᠨᠢᠭᠡᠨ ᠪᠠᠢᠢᠭᠰᠠᠨ᠃ ᠬᠤᠪᠢ ᠢᠢᠨ ᠠᠮᠢᠳᠤᠷᠠᠯ ᠳᠤ ᠪᠠᠨ ᠲᠡᠷᠡ ᠵᠢᠷᠦᠬᠡᠨ ᠦ ᠠᠨᠳᠠ᠂ ᠬᠠᠯᠠᠮᠵᠢᠲᠤ ᠡᠴᠢᠭᠡ ᠪᠠᠢᠢᠵᠤ᠂ ᠮᠠᠰᠢᠳᠠ ᠡᠩ ᠦᠨ᠂ ᠶᠣᠰᠣ ᠰᠤᠷᠲᠠᠬᠤᠨ ᠢ ᠳᠡᠭᠡᠳᠦᠯᠡᠳᠡᠭ ᠬᠦᠮᠦᠨ ᠪᠠᠢᠢᠭᠰᠠᠨ ᠪᠣᠯ ᠲᠥᠷᠥ ᠢᠢ ᠤᠳᠤᠷᠢᠳᠬᠤ ᠳᠤ ᠪᠠᠨ ᠴᠢᠩᠳᠠ ᠬᠠᠲᠠᠭᠤ ᠰᠠᠬᠢᠯᠭ᠎ᠠ ᠪᠠᠲᠤ ᠢᠢ ᠮᠥᠷᠳᠡᠬᠦ᠂ ᠬᠠᠤᠯᠢ ᠰᠠᠬᠢᠬᠤ ᠢᠢ ᠱᠠᠭᠠᠷᠳᠠᠳᠠᠭ ᠴᠡᠭᠴᠡ ᠤᠳᠤᠷᠢᠳᠤᠭᠴᠢ ᠪᠠᠢᠢᠯ᠎ᠠ》 ᠬᠡᠮᠡᠨ ᠲᠣᠳᠣᠷᠬᠠᠢᠢᠯᠠᠭᠰᠠᠨ᠃ ᠴᠢᠩ᠋ᠭᠢᠰ ᠬᠠᠭᠠᠨ ᠤᠯᠤᠰ ᠢ ᠠᠷᠠᠳ ᠲᠦᠮᠡᠨ ᠦ ᠪᠢᠯᠢᠭ᠌ ᠰᠤᠷᠭᠠᠯ ᠪᠣᠯᠤᠨ ᠬᠠᠤᠯᠢ ᠪᠠᠷ ᠯᠠ ᠤᠳᠤᠷᠢᠳᠬᠤ ᠶᠣᠰᠣᠲᠠᠢ ᠢᠢ ᠰᠠᠨᠠᠭᠤᠯᠤᠨ ᠵᠠᠬᠢᠳᠠᠭ ᠪᠠᠢᠢᠯ᠎ᠠ᠃

 

ᠹᠷᠠᠨ᠋ᠼ ᠢᠢᠨ ᠶᠡᠷᠦᠩᠬᠡᠢᠢᠯᠡᠭᠴᠢ ᠠᠰᠠᠨ ᠵᠠᠺ ᠱᠢᠷᠠᠺ᠄ 《ᠴᠢᠩ᠋ᠭᠢᠰ ᠬᠠᠭᠠᠨ ᠤ ᠦᠯᠡᠳᠡᠭᠡᠭ᠍ᠰᠡᠨ ᠨᠡᠩ ᠴᠢᠬᠤᠯᠠ ᠥᠪ ᠪᠣᠯ ᠮᠣᠩ᠋ᠭᠣᠯ ᠤᠨ ᠡᠩᠬᠡ ᠠᠮᠤᠭᠤᠯᠠᠩ-pax mongolica ᠶᠤᠮ᠃ ᠡᠨᠡ ᠡᠩᠬᠡ ᠠᠮᠤᠭᠤᠯᠠᠩ ᠦᠶ᠎ᠡ ᠨᠢ ᠧᠦ᠋ᠷᠣᠫᠠ ᠠᠽᠢᠶ᠎ᠠ ᠢᠢ ᠬᠣᠯᠪᠣᠭᠰᠠᠨ ᠬᠠᠷᠢᠯᠴᠠᠭ᠎ᠠ ᠢᠢ ᠣᠯᠠᠨ ᠵᠠᠭᠤᠨ ᠤ ᠲᠤᠷᠰᠢᠳᠠ ᠬᠥᠭ᠍ᠵᠢᠨ ᠴᠡᠴᠡᠭᠯᠡᠬᠦ ᠪᠣᠯᠤᠮᠵᠢ ᠢᠢ ᠣᠯᠭᠤᠭᠰᠠᠨ ᠭᠣᠣᠯ ᠬᠦᠴᠦᠨ ᠵᠦᠢᠯ ᠪᠣᠯᠬᠤ ᠢᠢ ᠲᠡᠦᠬᠡᠴᠢᠳ ᠬᠦᠯᠢᠶᠡᠨ ᠵᠥᠪᠰᠢᠶᠡᠷᠡᠳᠡᠭ》 ᠬᠡᠮᠡᠨ ᠲᠣᠳᠣ ᠪᠠᠷ ᠦᠨᠡᠯᠡᠵᠡᠢ᠃

 

ᠪᠢ ᠡᠨᠳᠡ ᠵᠣᠷᠢᠭᠤᠳᠠ ᠭᠠᠳᠠᠭᠠᠳᠤ ᠢᠢᠨ ᠲᠡᠦᠬᠡᠴᠢᠳ᠂ ᠰᠤᠳᠤᠯᠤᠭᠠᠴᠢᠳ ᠤᠨ ᠦᠭᠡ ᠢᠢ ᠳᠠᠩᠨᠠᠨ ᠡᠰᠢᠯᠡᠵᠦ ᠪᠠᠢᠢᠭ᠎ᠠ ᠨᠢ ᠬᠥᠨᠳᠡᠯᠡᠩ ᠦᠨ ᠳ᠋ᠦᠩᠨᠡᠯᠲᠡ᠂ ᠲᠣᠳᠣᠷᠬᠠᠢᠢᠯᠠᠯᠲᠠ ᠪᠣᠳᠠᠲᠠᠢ᠂ ᠡᠷᠡᠭᠦᠯ ᠪᠠᠢᠢᠳᠠᠭ ᠢ ᠪᠠᠷᠢᠮᠲᠠᠯᠠᠨ ᠰᠠᠨᠠᠭᠤᠯᠤᠭᠰᠠᠨ ᠬᠡᠷᠡᠭ ᠶᠤᠮ᠃

 

ᠶᠡᠬᠡ ᠬᠠᠭᠠᠨ ᠤ ᠪᠠᠨ ᠮᠡᠨᠳᠦᠯᠡᠭᠰᠡᠨ ᠡᠳᠦᠷ ᠢ ᠲᠡᠮᠳᠡᠭᠯᠡᠬᠦ ᠳᠥ ᠪᠡᠨ ᠪᠢᠳᠡ ᠲᠡᠭᠦᠨ ᠦ ᠪᠠᠷᠢᠮᠲᠠᠯᠠᠵᠤ ᠠᠰᠠᠨ ᠵᠠᠷᠴᠢᠮ᠂ ᠰᠤᠷᠭᠠᠯ ᠢ ᠡᠷᠭᠢᠨ ᠰᠠᠨᠠᠵᠤ ᠠᠵᠢᠯ ᠠᠮᠢᠳᠤᠷᠠᠯ ᠳᠤ ᠪᠠᠨ ᠮᠥᠷᠳᠡᠯᠭᠡ ᠪᠣᠯᠭᠠᠬᠤ ᠶᠣᠰᠣᠲᠠᠢ ᠢᠢ ᠡᠷᠭᠢᠴᠡᠭᠦᠯᠬᠦ ᠤᠴᠢᠷᠲᠠᠢ᠃ ᠴᠢᠩ᠋ᠭᠢᠰ ᠬᠠᠭᠠᠨ ᠣᠯᠠᠨ ᠤ ᠢᠲᠡᠭᠡᠯ ᠢ ᠠᠯᠠᠳᠠᠬᠤ ᠢᠢ ᠬᠠᠮᠤᠭ ᠤᠨ ᠲᠣᠮᠣ ᠨᠢᠭᠦᠯ ᠬᠡᠮᠡᠨ ᠦᠵᠡᠳᠡᠭ ᠪᠠᠢᠢᠭᠰᠠᠨ ᠪᠥᠭᠡᠳ ᠢᠲᠡᠭᠡᠯ ᠡᠪᠳᠡᠭᠴᠢ ᠢᠢ ᠲᠥᠷᠥ ᠳᠥ ᠲᠡᠷᠰᠯᠡᠭᠴᠢ ᠬᠡᠮᠡᠨ ᠬᠠᠲᠠᠭᠤ ᠪᠠᠷ ᠴᠡᠭᠡᠷᠯᠡᠭᠦᠯᠳᠡᠭ ᠪᠠᠢᠢᠵᠠᠢ᠃ ᠶᠡᠬᠡ ᠬᠠᠭᠠᠨ ᠤ ᠰᠤᠷᠭᠠᠯ ᠳᠤ 《ᠥᠴᠥᠭᠡᠳᠦᠷ ᠶᠡᠬᠡ ᠰᠠᠭᠤᠷᠢᠨ ᠳᠤ ᠰᠠᠭᠤᠮᠠᠭᠴᠠ᠂ ᠥᠨᠥᠳᠥᠷ ᠤᠯᠤᠰ ᠤᠨ ᠬᠡᠷᠡᠭ ᠢ ᠣᠷᠬᠢᠵᠤ ᠪᠡᠶ᠎ᠡ ᠢᠢᠨ ᠵᠢᠷᠭᠠᠯ ᠢ ᠡᠷᠢᠪᠡᠰᠦ ᠡᠨᠡ ᠦᠶ᠎ᠡ ᠳᠡᠭᠡᠨ ᠪᠣᠯ ᠲᠥᠷᠥ ᠢᠢᠨ ᠶᠣᠰᠣᠨ ᠳᠤ ᠬᠠᠷᠰᠢ᠂ ᠡᠴᠦᠰ ᠬᠣᠢᠢᠲᠤ ᠳᠤ ᠪᠠᠨ ᠪᠣᠯ ᠦᠷ᠎ᠡ ᠠᠴᠢ᠂ ᠵᠠᠯᠭᠠᠮᠵᠢᠯᠠᠭᠴᠢ ᠨᠠᠷ ᠲᠤ ᠮᠠᠭᠤ ᠰᠤᠷᠲᠠᠯ ᠢ ᠦᠯᠡᠳᠡᠭᠡᠬᠦ ᠭᠡᠮ ᠲᠡᠢ》 ᠬᠡᠮᠡᠭᠰᠡᠨ ᠢ ᠥᠨᠥ ᠢᠢᠨ ᠪᠢᠳᠡ ᠦᠷᠭᠦᠯᠵᠢ ᠰᠠᠨᠠᠵᠤ ᠶᠠᠪᠤᠬᠤ ᠤᠴᠢᠷᠲᠠᠢ᠃

 

ᠥᠨᠥᠳᠥᠷ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ ᠳᠤ ᠬᠦᠷᠲᠡᠯ᠎ᠡ ᠰᠣᠩ᠋ᠭᠣᠭᠴᠢᠳ ᠤᠨ ᠢᠲᠡᠭᠡᠯ ᠢ ᠡᠪᠳᠡᠵᠦ᠂ ᠥᠪᠡᠷᠰᠡᠳ ᠲᠥ ᠪᠡᠨ ᠢᠯᠡᠳᠲᠡ ᠳᠠᠪᠠᠭᠤ ᠪᠠᠢᠢᠳᠠᠯ ᠣᠯᠭᠤᠨ ᠢᠷᠭᠡᠳ ᠦᠨ ᠪᠣᠯᠤᠮᠵᠢ ᠢᠢ ᠬᠤᠯᠠᠭᠠᠢᠢᠯᠠᠬᠤ ᠨᠢᠭᠦᠯ ᠬᠠᠪᠲᠠᠭᠠᠢᠢᠷᠠᠵᠤ ᠪᠠᠢᠢᠨ᠎ᠠ᠃ ᠡᠨᠡ ᠪᠣᠯ ᠵᠢᠭᠰᠢᠬᠦ ᠶᠣᠰᠣᠲᠠᠢ᠂ ᠬᠠᠲᠠᠭᠤ ᠴᠡᠭᠡᠷᠯᠡᠯ ᠨᠣᠭᠳᠠᠭᠤᠯᠬᠤ ᠶᠣᠰᠣᠲᠠᠢ ᠭᠡᠮᠲᠦ ᠦᠢᠯᠡᠳᠦᠯ᠂ ᠭᠠᠵᠢᠭᠤᠳᠠᠯ ᠮᠥᠨ᠃

 

ᠬᠠᠤᠯᠢ ᠲᠣᠭᠲᠠᠭᠠᠬᠤ ᠲᠥᠷᠥ ᠢᠢᠨ ᠳᠡᠭᠡᠳᠦ ᠪᠠᠢᠢᠭᠤᠯᠤᠯᠭ᠎ᠠ ᠠᠴᠠ ᠪᠠᠨ ᠳᠣᠭᠣᠭᠰᠢ ᠲᠥᠷᠥ ᠢᠢᠨ ᠪᠤᠰᠤ ᠪᠠᠢᠢᠭᠤᠯᠤᠯᠭ᠎ᠠ ᠬᠦᠷᠲᠡᠯ᠎ᠡ ᠬᠠᠤᠯᠢ ᠢᠢ ᠦᠯᠦ ᠲᠣᠭᠣᠮᠰᠠᠷᠯᠠᠬᠤ᠂ ᠬᠥᠰᠡᠷᠳᠡᠭᠦᠯᠬᠦ ᠶᠠᠪᠤᠳᠠᠯ ᠬᠠᠪᠲᠠᠭᠠᠢᠢᠷᠠᠵᠤ ᠪᠠᠢᠢᠭ᠎ᠠ ᠨᠢ ᠲᠡᠪᠴᠢᠵᠦ᠂ ᠬᠦᠯᠢᠴᠡᠵᠦ ᠪᠣᠯᠣᠰᠢ ᠦᠭᠡᠢ ᠬᠣᠣᠷᠲᠤ ᠦᠵᠡᠭᠳᠡᠯ ᠶᠤᠮ᠃ ᠨᠢᠭᠡᠨ ᠵᠢᠱᠢᠶ᠎ᠡ ᠳᠤᠷᠠᠳᠬᠤ ᠳᠤ ᠲᠠ ᠪᠢᠳᠡ ᠥᠨᠥᠳᠥᠷ ᠣᠯᠠᠨ ᠤ ᠬᠠᠨᠳᠢᠪ᠂ ᠲᠥᠷᠥ ᠢᠢᠨ ᠬᠥᠷᠥᠩ᠋ᠭᠡ ᠪᠡᠷ ᠪᠦᠲᠦᠭᠰᠡᠨ ᠪᠥᠬᠡ ᠢᠢᠨ ᠥᠷᠭᠦᠭᠡᠨ ᠳᠥ ᠪᠡᠨ ᠦᠨᠳᠦᠰᠦᠨ ᠦ ᠪᠥᠬᠡ ᠪᠡᠨ ᠪᠠᠷᠢᠯᠳᠤᠭᠤᠯᠵᠤ ᠴᠢᠳᠠᠬᠤ ᠦᠭᠡᠢ ᠳᠥ ᠬᠦᠷᠦᠭᠡᠳ ᠪᠤᠢ᠃ ᠮᠣᠩ᠋ᠭᠣᠯ ᠤᠯᠤᠰ ᠤᠨ ᠵᠠᠰᠠᠭ ᠤᠨ ᠭᠠᠵᠠᠷ ᠪᠥᠬᠡ ᠢᠢᠨ ᠥᠷᠭᠦᠭᠡᠨ ᠦ ᠪᠠᠷᠢᠯᠭ᠎ᠠ ᠢᠢᠨ ᠰᠠᠩᠬᠦᠵᠢᠯᠲᠡ ᠳᠥ ᠱᠠᠭᠠᠷᠳᠠᠭᠳᠠᠵᠤ ᠠᠰᠠᠨ 1.1 ᠲᠡᠷᠪᠤᠮ ᠲᠥᠭᠥᠷᠢᠭ᠌ ᠦᠨ 800 ᠰᠠᠶ᠎ᠠ ᠲᠥᠭᠥᠷᠢᠭ ᠢ ᠨᠢ ᠤᠯᠤᠰ ᠤᠨ ᠲᠥᠰᠥᠪ ᠡᠴᠡ ᠭᠠᠷᠭᠠᠵᠤ᠂ ᠲᠥᠷᠥ ᠢᠢᠨ ᠥᠮᠴᠢᠲᠤ ᠺᠣᠮᠫᠠᠨᠢ ᠨᠤᠭᠤᠳ 142 ᠰᠠᠶ᠎ᠠ ᠲᠥᠭᠥᠷᠢᠭ᠌ ᠬᠠᠨᠳᠢᠪᠯᠠᠵᠠᠢ᠃ ᠦᠯᠡᠳᠡᠭᠰᠡᠨ ᠨᠢ ᠢᠷᠭᠡᠳ᠂ ᠪᠥᠬᠡ ᠰᠣᠨᠢᠷᠬᠠᠭᠴᠢᠳ ᠤᠨ ᠬᠠᠨᠳᠢᠪ ᠢᠶᠠᠷ ᠰᠠᠩᠬᠦᠵᠢᠭᠳᠡᠭᠰᠡᠨ ᠵᠢᠩᠬᠢᠨᠢ ᠤᠳᠬ᠎ᠠ ᠪᠠᠷ ᠢᠶᠠᠨ ᠣᠯᠠᠨ ᠨᠡᠢᠢᠲᠡ ᠢᠢᠨ ᠬᠥᠷᠥᠩ᠋ᠭᠡ ᠣᠷᠣᠭᠤᠯᠤᠯᠲᠠ ᠲᠠᠢ ᠪᠠᠢᠢᠭᠤᠯᠤᠮᠵᠢ ᠶᠤᠮ᠃ ᠭᠡᠲᠡᠯ᠎ᠡ ᠬᠠᠷᠠᠮᠰᠠᠯᠲᠠᠢ ᠨᠢ ᠴᠥᠭᠡᠨ ᠬᠡᠳᠦᠨ ᠬᠦᠮᠦᠨ ᠬᠤᠪᠢ ᠢᠢᠨ ᠥᠮᠴᠢ ᠮᠡᠲᠦ ᠡᠵᠡᠮᠰᠢᠵᠦ᠂ ᠠᠰᠢᠭᠯᠠᠵᠤ᠂ ᠳᠤᠷ᠎ᠠ ᠪᠠᠷ ᠠᠪᠤᠷᠢᠯᠠᠵᠤ ᠢᠷᠡᠭᠰᠡᠨ ᠪᠥᠭᠡᠳ ᠣᠳᠣ ᠪᠥᠬᠡᠴᠦᠳ᠂ ᠪᠥᠬᠡ ᠰᠣᠨᠢᠷᠬᠠᠭᠴᠢᠳ ᠢ ᠲᠠᠯᠠᠴᠠᠭᠤᠯᠤᠨ ᠬᠤᠪᠢᠶᠠᠵᠤ᠂ ᠦᠢᠯᠡ ᠠᠵᠢᠯᠯᠠᠭ᠎ᠠ ᠢᠢ ᠨᠢ ᠭᠠᠴᠠᠭᠠᠭᠰᠠᠨ ᠪᠠᠢᠢᠨ᠎ᠠ᠃

 

ᠡᠨᠡ ᠦᠯᠦ ᠪᠦᠲᠦᠬᠦ ᠶᠠᠪᠤᠳᠠᠯ ᠤᠨ ᠤᠭ ᠲᠤ ᠥᠨᠥᠬᠢ ᠯᠠ ᠬᠠᠤᠯᠢ ᠢᠢᠨ ᠵᠠᠰᠠᠭᠯᠠᠯ ᠢ ᠦᠯᠦ ᠲᠣᠭᠣᠮᠰᠠᠷᠯᠠᠳᠠᠭ᠂ ᠬᠡᠰᠡᠭ ᠪᠦᠯᠦᠭ ᠬᠦᠮᠦᠨ ᠦ ᠢᠪᠴᠤᠤ ᠡᠷᠬᠡ ᠠᠰᠢᠭ ᠲᠤ ᠬᠥᠲᠦᠯᠦᠭᠳᠡᠳᠡᠭ ᠭᠠᠵᠢᠭᠤᠳᠠᠯ᠂ ᠵᠠᠪᠬᠠᠷᠠᠯ ᠪᠠᠢᠢᠭ᠎ᠠ᠃ ᠴᠢᠩ᠋ᠭᠢᠰ ᠬᠠᠭᠠᠨ ᠤ ᠵᠠᠷᠴᠢᠮ᠂ ᠲᠡᠭᠦᠨ ᠦ ᠦᠵᠡᠯ ᠰᠠᠨᠠᠭᠠᠨ ᠤ ᠡᠭᠦᠳᠡᠨ ᠡᠴᠡ ᠪᠣᠯ ᠡᠨᠡ ᠨᠢ ᠬᠠᠤᠯᠢ ᠢᠢᠨ ᠬᠠᠲᠠᠭᠤ ᠴᠡᠭᠡᠷᠯᠡᠯ ᠬᠦᠷᠲᠡᠬᠦ ᠶᠣᠰᠣᠲᠠᠢ ᠭᠡᠮᠲᠦ ᠦᠢᠯᠡᠳᠦᠯ ᠮᠥᠨ ᠡᠴᠡ ᠮᠥᠨ ᠪᠢᠯᠡ᠃ ᠤᠯᠤᠰ ᠲᠥᠷᠥ ᠢᠢᠨ ᠲᠣᠭᠲᠠᠯᠴᠠᠭᠠᠨ ᠤ ᠢᠯᠵᠠᠷᠠᠯ᠂ ᠭᠠᠵᠢᠭᠤᠳᠠᠯ ᠨᠢ ᠨᠡᠢᠢᠭᠡᠮ ᠳᠥ ᠡᠨᠡ ᠮᠡᠲᠦ ᠤᠷᠬᠠᠭ ᠤᠷᠰᠢᠭ ᠢ ᠲᠠᠷᠢᠭᠰᠠᠭᠠᠷ ᠪᠠᠢᠢᠨ᠎ᠠ᠃ ᠨᠡᠩ ᠳᠠᠷᠤᠢ ᠡᠷᠡᠰ ᠰᠢᠨᠡᠴᠢᠯᠡᠯ ᠬᠢᠬᠦ ᠱᠠᠭᠠᠷᠳᠠᠯᠭ᠎ᠠ ᠲᠠᠢ ᠪᠣᠯᠤᠭᠠᠳ ᠪᠠᠢᠢᠭ᠎ᠠ ᠢᠢ ᠣᠯᠠᠨ ᠨᠡᠢᠢᠲᠡ ᠴᠤ ᠮᠡᠳᠡᠷᠡᠵᠦ᠂ ᠮᠥᠨ ᠪᠢᠳᠡᠨ ᠡᠴᠡ ᠱᠠᠭᠠᠷᠳᠠᠵᠤ ᠪᠠᠢᠢᠨ᠎ᠠ᠃

 

ᠡᠵᠡᠨ ᠪᠣᠭᠳᠠ ᠴᠢᠩ᠋ᠭᠢᠰ ᠬᠠᠭᠠᠨ ᠤ ᠪᠠᠨ ᠮᠡᠨᠳᠦᠯᠡᠭᠰᠡᠨ ᠡᠳᠦᠷ ᠢᠶᠡᠷ ᠲᠡᠭᠦᠨ ᠦ ᠲᠥᠷᠥ ᠢᠢᠨ ᠲᠤᠬᠠᠢ᠂ ᠰᠢᠳᠤᠷᠭᠤ ᠵᠠᠰᠠᠭᠯᠠᠯ ᠤᠨ ᠲᠤᠬᠠᠢ ᠰᠤᠷᠭᠠᠯ᠂ ᠵᠠᠷᠴᠢᠮ ᠪᠠᠷᠢᠮᠲᠠᠯᠠᠯ ᠢ ᠨᠡᠬᠡᠨ ᠰᠠᠨᠠᠵᠤ ᠴᠡᠭᠴᠡ ᠰᠢᠳᠤᠷᠭᠤ ᠲᠥᠷᠥ ᠢᠢ ᠣᠯᠠᠨ ᠠᠷᠠᠳ ᠤᠨ ᠢᠶᠠᠨ ᠰᠡᠳᠬᠢᠯ ᠣᠶᠤᠨ ᠤ ᠲᠤᠰᠠᠯᠠᠯᠴᠠᠭ᠎ᠠ ᠲᠠᠢ ᠪᠠᠷ ᠤᠷᠠᠯᠠᠨ ᠪᠣᠰᠬᠠᠬᠤ ᠲᠠᠯ᠎ᠠ ᠪᠠᠷ ᠨᠤᠬᠤᠴᠠᠲᠠᠢ ᠪᠣᠳᠣᠬᠤ ᠴᠠᠭ ᠪᠣᠯᠤᠭᠰᠠᠨ ᠢ ᠳᠠᠪᠲᠠᠨ ᠰᠠᠨᠠᠭᠤᠯᠤᠮᠠᠷ ᠪᠠᠢᠢᠨ᠎ᠠ᠃

 

ᠠᠯᠳᠠᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ

ᠠᠬᠤ ᠲᠥᠷᠥ ᠮᠢᠨᠢ ᠪᠤᠤ ᠠᠯᠳᠠᠷᠠᠲᠤᠭᠠᠢ

ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ

ᠪᠦᠷᠢᠨ ᠤᠯᠤᠰ ᠮᠢᠨᠢ ᠪᠤᠤ ᠰᠠᠨᠳᠤᠷᠲᠤᠭᠠᠢ

ᠬᠡᠮᠡᠨ ᠶᠡᠬᠡ ᠬᠠᠭᠠᠨ ᠠᠢᠢᠯᠠᠳᠬᠤ ᠳᠤ ᠪᠠᠨ ᠲᠥᠷᠥ᠂ ᠤᠯᠤᠰ ᠬᠡᠮᠡᠬᠦᠢ ᠳᠣᠣᠷ᠎ᠠ ᠣᠯᠠᠨ ᠨᠡᠢᠢᠲᠡ ᠢᠢᠨ ᠡᠷᠬᠡ ᠠᠰᠢᠭ᠂ ᠦᠨᠳᠦᠰᠦᠨ ᠦ ᠬᠥᠭ᠍ᠵᠢᠯ ᠳᠡᠪᠰᠢᠯ ᠢ ᠬᠡᠯᠡᠵᠦ ᠪᠠᠢᠢᠭᠰᠠᠨ ᠨᠢ ᠯᠠᠪᠲᠠᠢ᠃ ᠥᠨᠥᠳᠥᠷ ᠢᠲᠡᠭᠡᠯ ᠬᠦᠯᠢᠶᠡᠨ ᠲᠥᠷᠥ ᠲᠦᠰᠢᠵᠦ ᠪᠠᠢᠢᠭ᠎ᠠ ᠬᠦᠮᠦᠰ᠂ ᠢᠲᠡᠭᠡᠯ ᠢᠶᠡᠨ ᠥᠭᠴᠦ ᠰᠣᠩ᠋ᠭᠣᠭᠰᠠᠨ ᠢᠷᠭᠡᠳ ᠪᠥᠭᠥᠳᠡᠭᠡᠷ ᠡᠵᠡᠨ ᠪᠣᠭᠳᠠ ᠢᠢᠨ ᠪᠢᠯᠢᠭ᠌ ᠰᠤᠷᠭᠠᠯ ᠢ ᠪᠠᠷᠢᠮᠲᠠᠯᠠᠵᠤ ᠦᠢᠯᠡ ᠬᠥᠳᠡᠯᠦᠯ᠎ ᠢᠢᠡᠨ ᠬᠢᠨᠠᠨ ᠮᠣᠩ᠋ᠭᠣᠯ ᠤᠨ ᠲᠥᠯᠥᠭᠡ ᠬᠡᠮᠡᠬᠦ ᠨᠢᠭᠡᠨ ᠦᠵᠦᠭᠦᠷᠲᠦ ᠰᠡᠳᠬᠢᠯ ᠢᠶᠡᠷ ᠡᠪ ᠰᠠᠨᠠᠯ ᠢᠶᠠᠨ ᠨᠢᠭᠡᠳᠬᠡᠪᠡᠯ ᠵᠣᠬᠢᠨ᠎ᠠ᠃

 

ᠡᠷᠬᠢᠮ ᠣᠯᠠᠨ ᠮᠣᠩ᠋ᠭᠣᠯᠴᠤᠳ ᠠ᠋᠂ ᠳᠡᠯᠡᠬᠡᠢ ᠳᠠᠶᠠᠭᠠᠷ ᠲᠤ ᠲᠠᠷᠬᠠᠨ ᠰᠠᠭᠤᠷᠢᠰᠢᠭ᠌ᠰᠠᠨ ᠮᠣᠩ᠋ᠭᠣᠯ ᠲᠤᠭᠤᠷᠭᠠᠲᠠᠨ ᠨᠤᠭᠤᠳ ᠠ᠋᠂

 

ᠲᠠ ᠪᠦᠬᠦᠨ ᠳᠥ ᠳᠡᠭᠡᠳᠦ ᠲᠩᠷᠢ ᠡᠴᠡ ᠵᠠᠶᠠᠭᠠᠲᠤ ᠲᠦᠷᠦᠭᠰᠡᠨ ᠡᠵᠡᠨ ᠪᠣᠭᠳᠠ ᠴᠢᠩ᠋ᠭᠢᠰ ᠬᠠᠭᠠᠨ ᠤ ᠮᠡᠯᠮᠡᠢ ᠭᠡᠢᠢᠭᠰᠡᠨ ᠡᠳᠦᠷ ᠦᠨ ᠬᠠᠯᠠᠭᠤᠨ ᠮᠡᠨᠳᠦ ᠢᠢ ᠳᠡᠪᠰᠢᠭᠦᠯᠵᠦ᠂ ᠲᠥᠷᠥᠯ ᠢᠶᠡᠷ ᠢᠶᠡᠨ ᠲᠦᠪᠰᠢᠨ ᠠᠮᠤᠭᠤᠯᠠᠩ᠂ ᠡᠯᠢᠭᠡ ᠪᠡᠷ ᠢᠶᠡᠨ ᠡᠩᠬᠡ ᠠᠮᠤᠭᠤᠯᠠᠩ ᠣᠷᠣᠰᠢᠬᠤ ᠢᠢᠨ ᠥᠯᠵᠡᠢ ᠲᠡᠢ ᠢᠷᠦᠭᠡᠯ ᠢ ᠡᠷᠭᠦᠨ ᠳᠡᠪᠰᠢᠭᠦᠯᠦᠶ᠎ᠡ᠃

 

ᠶᠡᠬᠡ ᠬᠠᠭᠠᠨ ᠤ ᠠᠯᠳᠠᠷ ᠪᠠᠳᠠᠷᠠᠲᠤᠭᠠᠢ !

 

ᠮᠥᠩᠬᠡ ᠲᠩᠷᠢ ᠢᠢᠨ ᠬᠦᠴᠦᠨ ᠳᠦᠷ ᠳᠠᠯᠠᠢ ᠬᠠᠭᠠᠨ ᠤ ᠰᠤᠤ ᠪᠢᠯᠢᠭ᠌ ᠳᠡᠯᠭᠡᠷᠡᠵᠦ᠂ ᠮᠣᠩ᠋ᠭᠣᠯ ᠤᠯᠤᠰ ᠮᠠᠨᠢ ᠴᠡᠴᠡᠭᠯᠡᠨ ᠬᠥᠭ᠍ᠵᠢᠬᠦ ᠪᠣᠯᠲᠤᠭᠠᠢ!》 ᠭᠡᠯ᠎ᠡ᠃

 

ᠬᠦᠴᠦᠲᠦ ᠪᠥᠬᠡ ᠢᠢᠨ ᠪᠠᠷᠢᠯᠳᠤᠭᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠥᠬᠡᠴᠦᠳ ᠲᠥ ᠱᠠᠩᠨᠠᠯ ᠭᠠᠷᠳᠠᠭᠤᠯᠵᠤ᠂ ᠪᠠᠶᠠᠷ ᠬᠦᠷᠭᠡᠨ᠎ᠡ᠃